ᠬᠦᠲᠦᠯᠠᠣᠪᠤᠭ᠎ᠠ ᠰᠠᠢᠬᠠᠨ -ᠨᠠᠰᠤᠨᠮᠥ᠋ᠩᠬᠡХөтловоо сайхан-Насанмөнх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠲᠦᠯᠠᠣᠪᠤᠭ᠎ᠠ ᠰᠠᠢᠬᠠᠨ -ᠨᠠᠰᠤᠨᠮᠥ᠋ᠩᠬᠡХөтловоо сайхан-Насанмөнх

ᠬᠦᠲᠦᠯᠠᠣᠪᠤᠭ᠎ᠠ ᠰᠠᠢᠬᠠᠨ -ᠨᠠᠰᠤᠨᠮᠥ᠋ᠩᠬᠡХөтловоо сайхан-Насанмөнх

ᠠᠩᠭᠢᠯᠠᠯ:ᠳᠠᠭᠤᠤ ᠬᠥᠭᠵᠢᠮ
2025-04-30

1970

ᠬᠦᠲᠦᠯᠠᠣᠪᠤᠭ᠎ᠠ ᠰᠠᠢᠬᠠᠨ

        ᠰᠢᠯᠦᠭ᠄ ᠷᠠᠰᠢ ᠶ᠋ᠢᠨ ᠴᠢᠯᠠᠭᠤ 
        ᠠᠶᠠᠯᠭᠤ᠄ ᠮᠡᠷᠭᠡᠨᠪᠠᠲᠤ 
        ᠳᠠᠭᠤᠴᠢᠨ᠄ ᠨᠠᠰᠤᠨᠮᠥ᠋ᠩᠬᠡ  
        ᠵᠢᠷᠤᠭ ᠤᠷᠠᠯᠠᠭᠴᠢ᠄ ᠵᠠᠩ ᠨᠠ ᠢ 

ᠴᠠᠭᠠᠨ ᠲᠣᠯᠣᠭᠠᠢ ᠰᠡᠬᠦᠢᠨ ᠰᠦᠨᠳᠡᠷᠯᠡᠭᠡᠳ 
ᠴᠠᠩᠲᠤ ᠶ᠋ᠢᠨ ᠰᠢᠯᠢ ᠨᠢ ᠰᠦᠮᠡᠢᠨ ᠵᠡᠷᠭᠡᠯᠭᠡᠨᠲᠦᠨ᠎ᠡ 
ᠴᠠᠪ ᠪᠠᠯᠢᠩᠲᠤ ᠮᠦᠰᠢᠶᠡᠨ ᠲᠤᠨᠤᠯᠵᠠᠭᠠᠳ 
ᠴᠠᠢᠳᠠᠮ ᠭᠣᠪᠢ ᠨᠢ ᠬᠠᠷᠠᠭ᠎ᠠ ᠮᠢᠯᠢᠶᠠᠭᠰᠠᠨ 
    ᠠᠢ ᠬᠥ᠋᠂ ᠬᠥᠲᠥᠯᠣ᠋ᠪᠤᠭ᠎ᠠ ᠮᠢᠨᠢ
    ᠬᠥᠭᠵᠢᠮ ᠳᠠᠭᠤᠨ ᠤ᠋ ᠢᠷᠠᠭᠤᠬᠠᠨ ᠡᠬᠡᠰᠢᠭ ᠠ᠋
ᠪᠠᠷᠠᠭᠠᠨ ᠬᠤᠯᠤᠰᠤᠲᠤ  ᠪᠦᠷᠢᠳᠦᠨ ᠣᠪᠣᠭ᠎ᠠ ᠲᠠᠢ
ᠪᠠᠳᠠᠷᠠᠭᠤᠨ ᠰᠦᠷᠯᠢᠭ ᠪᠠᠶᠠᠨ ᠲᠣᠯᠣᠭᠠᠢ ᠮᠢᠨᠢ
ᠪᠠᠭᠠᠲᠤᠷᠯᠢᠭ ᠳᠣᠮᠣᠭᠲᠤ ᠤᠯᠠᠭᠠᠢ ᠭᠣᠣᠯ ᠲᠠᠢ 
ᠪᠢᠳᠦᠷᠢᠶᠡᠨᠲᠦ ᠴᠡᠩᠬᠡᠷ ᠠᠭᠤᠯᠠ ᠤᠰᠤ ᠮᠢᠨᠢ
    ᠠᠢ ᠬᠥ᠋᠂ ᠬᠥᠲᠥᠯᠣ᠋ᠪᠤᠭ᠎ᠠ ᠮᠢᠨᠢ
    ᠬᠥᠮᠦᠨ ᠪᠠᠢᠭᠠᠯᠢ ᠲᠠᠢᠪᠤᠭᠤᠬᠠᠨ ᠨᠤᠲᠤᠭ ᠠ᠋

ᠤᠷᠲᠤ ᠨᠠᠭᠤᠷ᠂ ᠳᠠᠷᠠᠰᠤᠲᠤ  ᠲᠠᠪᠠᠭ ᠲᠠᠢ
ᠣᠩᠬᠣᠷ ᠬᠠᠮᠠᠷ᠂ ᠯᠠᠮᠠ ᠶ᠋ᠢᠨ ᠱᠠᠩᠨᠠ ᠲᠠᠢ
ᠣᠩᠭᠣᠨ ᠪᠤᠷᠭᠠᠰᠤᠲᠤ᠂ ᠲᠤᠰᠠᠯᠠᠭᠴᠢ ᠶ᠋ᠢᠨ ᠣᠪᠣᠭ᠎ᠠ ᠲᠠᠢ
ᠤᠳᠤᠮᠲᠤ ᠳᠡᠭᠡᠳᠦᠰ ᠦ᠋ᠨ ᠮᠢᠨᠢ ᠳᠠᠷᠬᠠᠨ ᠪᠠᠭᠤᠴᠠ ᠲᠠᠢ
    ᠠᠢ ᠬᠥ᠋᠂ ᠬᠥᠲᠥᠯᠣ᠋ᠪᠤᠭ᠎ᠠ ᠮᠢᠨᠢ
    ᠬᠦᠰᠡᠯ ᠰᠡᠳᠬᠢᠯ ᠦ᠋ᠨ ᠢᠷᠠᠭᠤᠬᠠᠨ ᠥᠯᠥᠭᠡᠢ ᠲᠠ
    ᠠᠢ ᠬᠥ᠋᠂ ᠬᠥᠲᠥᠯᠣᠪᠤᠭ᠎ᠠ ᠮᠢᠨᠢ᠂
    ᠬᠥᠭᠵᠢᠯ ᠪᠠᠳᠠᠷᠠᠯ ᠤ᠋ᠨ ᠠᠯᠳᠠᠩᠬᠠᠨ ᠣᠷᠣᠨ ᠠ᠋
    ᠬᠥᠭᠵᠢᠯ ᠪᠠᠳᠠᠷᠠᠯ ᠤ᠋ᠨ ᠠᠯᠳᠠᠩᠬᠠᠨ ᠣᠷᠣᠨ᠃

ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠬᠢᠨᠠᠭᠴᠢ᠄ ᠣᠳᠬᠠᠨᠰᠣ᠎ᠠ