ᠰᠠᠨᠳᠤᠤ ᠲᠠᠢ ᠮᠣᠳᠣ᠌ -ᠡᠩᠬᠡᠴᠡᠴᠡᠭ Сандуутай мод-Энхцэцэг-Enkhtsetseg - Sanduutai mod
ᠰᠠᠨᠳᠤᠤ ᠲᠠᠢ ᠮᠣᠳᠣ᠌
ᠮᠣᠩᠭᠣᠯ ᠠᠷᠠᠳ ᠤ᠋ᠨ ᠳᠠᠭᠤᠤ
— ᠭ᠂ ᠡᠩᠬᠡᠴᠡᠴᠡᠭ ᠳᠠᠭᠤᠯᠠᠨ᠎ᠠ
ᠰᠠᠨᠳᠤᠤ ᠲᠠᠢ ᠶᠣ᠌ ᠮᠣᠳᠣ ᠨᠢ ᠪᠣᠯᠪᠠᠯ ᠰᠠᠷ᠎ᠠ ᠨᠠᠷᠠᠨ ᠤ᠋ ᠴᠢᠮᠡᠭ ᠠ᠋ ᠬᠦ
ᠰᠠᠢᠨ ᠶᠠᠪᠤᠳᠠᠭ ᠰᠠᠷᠠᠭᠤᠯ ᠤᠬᠠᠭᠠᠨ ᠡᠨᠡ ᠪᠠᠶᠠᠨ ᠤ᠋ ᠴᠢᠮᠡᠭ ᠠ᠋ ᠬᠦ
ᠰᠠᠢᠬᠠᠨ ᠴᠤ᠌ ᠲᠥᠷᠥᠭᠰᠡᠨ ᠵᠠᠯᠠᠭᠤᠬᠠᠨ ᠲᠡᠷᠡ ᠮᠢᠨᠢ ᠬᠦ
ᠰᠠᠨᠠᠵᠤ ᠶᠠᠪᠤᠳᠠᠭ ᠮᠢᠨᠦ ᠪᠠᠶᠠᠨ ᠤ᠋ ᠵᠢᠷᠦᠬᠡᠨ ᠦ᠌ ᠮᠠᠨᠠᠢ ᠴᠢᠮᠡᠭ ᠠ᠋ ᠬᠦ
ᠨᠠᠪᠴᠢ ᠲᠠᠢ ᠶᠣ᠌ ᠯᠠ ᠮᠣᠳᠣ ᠨᠢ ᠪᠣᠯᠪᠠᠯ ᠨᠠᠷᠠ ᠰᠠᠷᠠᠨ ᠤ᠋ ᠴᠢᠮᠡᠭ ᠠ᠋ ᠬᠦ
ᠨᠠᠰᠤᠨ ᠤ᠋ ᠪᠠᠭ᠎ᠠ ᠳ᠋ᠤ᠌ ᠡᠷᠳᠡᠮ ᠰᠤᠷᠪᠠᠯ ᠡᠨᠡ ᠪᠠᠶᠠᠨ ᠤ᠋ ᠴᠢᠮᠡᠭ ᠠ᠋ ᠬᠦ
ᠨᠠᠭᠠᠯᠢᠩᠬᠠᠢ ᠴᠤ᠌ ᠲᠥᠷᠥᠭᠰᠡᠨ ᠵᠠᠯᠠᠭᠤᠬᠠᠨ ᠲᠡᠷᠡ ᠮᠢᠨᠢ ᠬᠦ
ᠨᠠᠢᠳᠠᠵᠤ ᠶᠠᠪᠤᠭᠰᠠᠨ ᠮᠢᠨᠦ ᠪᠠᠶᠠᠨ ᠤ᠋ ᠵᠢᠷᠦᠬᠡᠨ ᠦ᠌ ᠮᠠᠨᠠᠢ ᠴᠢᠮᠡᠭ ᠠ᠋ ᠬᠦ
ᠭᠠᠯᠠᠭᠤᠨ ᠤ᠋ ᠮᠠᠨᠠᠢ ᠳᠡᠭᠳᠡᠭᠡᠬᠡᠢ ᠨᠢ ᠭᠠᠩᠭᠠᠨᠠᠭᠠᠳ ᠨᠢᠰᠦᠯ᠎ᠡ ᠳᠧ ᠬᠦ
ᠭᠠᠩᠭ᠎ᠠ ᠮᠥᠷᠡᠨ ᠦ᠌ ᠤᠰᠤ ᠶ᠋ᠢ ᠪᠣᠯᠪᠠᠯ ᠭᠠᠲᠤᠯᠤᠭᠠᠳ ᠭᠠᠷᠤᠨ᠎ᠠ ᠠ᠋ ᠬᠦ
ᠭᠠᠨᠢ ᠴᠤ᠌ ᠲᠥᠷᠥᠭᠰᠡᠨ ᠵᠠᠯᠠᠭᠤᠬᠠᠨ ᠲᠡᠷᠡ ᠮᠢᠨᠢ ᠬᠦ
ᠭᠠᠵᠠᠷ ᠤᠰᠤᠨ ᠤ᠋ ᠨᠠᠢ᠍ᠮᠠᠨ ᠵᠣᠪᠬᠢᠰ ᠳᠤ ᠳᠠᠭᠠᠭᠠᠳ ᠮᠣᠷᠳᠠᠪᠠ ᠠ᠋ ᠬᠦ
ᠦᠰᠦᠭ ᠠᠮᠢᠯᠠᠭᠤᠯᠤᠭᠴᠢ᠄ ᠰᠢᠵᠢᠷᠮᠠᠨᠳᠤᠯ᠎ᠠ
ᠬᠢᠨᠠᠭᠴᠢ᠄ ᠳᠠᠯᠠᠨᠲᠠᠢ
