ᠡᠵᠢ ᠮᠢᠨᠢ-ᠳᠦᠭᠦᠷᠡᠩEej mini-DüürenЭэж минь-Дүүрэн
ᠡᠵᠢ ᠮᠢᠨᠢ
ᠦᠭᠡ᠂ ᠠᠶ᠎ᠠ᠄ ᠰᠠᠷᠠᠭᠤᠯᠰᠠᠢᠬᠠᠨ
ᠳᠠᠭᠤᠴᠢᠨ᠄ ᠳᠦᠭᠦᠷᠡᠩ
ᠨᠠᠷᠠᠨ ᠨᠡᠪᠲᠡᠯᠦᠮᠡ ᠬᠠᠭᠤᠴᠢᠨ ᠭᠡᠷ ᠲᠦ᠍ ᠪᠡᠨ
ᠨᠠᠮ᠎ᠠ ᠶ᠋ᠢ ᠥᠰᠬᠡᠭᠰᠡᠨ ᠮᠢᠨᠦ ᠡᠵᠢ
ᠬᠣᠷᠸ᠎ᠠ ᠳ᠋ᠤ᠌ ᠬᠠᠢᠷᠠᠯᠠᠬᠤ ᠭᠠᠭᠴᠠᠬᠠᠨ ᠦᠷ᠎ᠡ ᠪᠡᠨ ᠭᠡᠳ
ᠬᠣᠩᠭᠣᠷ ᠦᠷ᠎ᠡ ᠳ᠋ᠦ᠍ ᠪᠡᠨ ᠪᠦᠬᠦᠨ ᠢ᠋ᠶ᠋ᠡᠨ ᠵᠣᠷᠢᠭᠤᠯᠤᠭᠰᠠᠨ᠃
ᠠᠷᠢᠭᠤᠨ ᠰᠡᠳᠬᠢᠯ ᠭᠡᠳ ᠠᠷᠢᠬᠢ ᠠᠮᠰᠠᠭᠠᠳ
ᠠᠨᠳᠠ ᠶ᠋ᠢᠨ ᠢᠲᠡᠭᠡᠯ ᠭᠡᠳ ᠲᠠᠮᠠᠬᠢ ᠵᠠᠭᠤᠭᠠᠳ
ᠪᠤᠰᠤᠳ ᠲᠠᠢ ᠨᠡᠢᠯᠡᠭᠡᠳ ᠲᠠᠷᠪᠢᠵᠤ ᠶᠠᠪᠤᠬᠤ ᠳ᠋ᠤ᠌ ᠪᠠᠨ
ᠪᠤᠶᠠᠨᠲᠤ ᠡᠵᠢ ᠶ᠋ᠢ ᠪᠡᠨ ᠶᠡᠷᠦ ᠪᠣᠳᠣᠭᠰᠠᠨ ᠦᠭᠡᠢ
ᠡᠵᠢ ᠮᠢᠨᠢ ᠰᠠᠢᠬᠠᠨ ᠡᠵᠢ ᠮᠢᠨᠢ
ᠡᠨᠡ ᠯᠡ ᠬᠣᠷᠸ᠎ᠠ ᠳ᠋ᠤ᠌ ᠭᠠᠭᠴᠠᠬᠠᠨ ᠡᠵᠢ ᠮᠢᠨᠢ
ᠠᠯᠲᠠᠨ ᠠᠶᠠᠭᠠᠨ ᠠ᠋ᠴᠠ ᠤᠰᠤ ᠨᠠᠳᠠ ᠳ᠋ᠤ᠌ ᠤᠤᠭᠤᠯᠭᠠᠭᠰᠠᠨ
ᠠᠮᠢᠳᠤ ᠶ᠋ᠢᠨ ᠰᠢᠲᠦᠭᠡᠨ ᠮᠢᠨᠦ ᠡᠵᠢ᠃
ᠴᠡᠴᠡᠭᠲᠦ ᠲᠠᠯ᠎ᠠ ᠶ᠋ᠢᠨ ᠨᠠᠷᠠᠨ ᠠᠳᠠᠯᠢ
ᠴᠡᠨᠡᠲᠡᠢ ᠦᠨᠡᠲᠡᠢ ᠠᠮᠢᠳᠤᠷᠠᠯ ᠢ᠋ ᠲᠡᠩᠴᠡᠭᠦᠯᠵᠦ
ᠬᠥᠮᠦᠨ ᠦ᠌ ᠬᠡᠦᠬᠡᠳ ᠡᠴᠡ ᠳᠤᠲᠠᠭᠠᠵᠤ ᠶᠠᠪᠤᠭᠤᠯᠤᠭ᠎ᠠ ᠦᠭᠡᠢ
ᠬᠦᠢᠲᠡᠨ ᠬᠠᠯᠠᠭᠤᠨ ᠳ᠋ᠤ᠌ ᠥᠯᠦᠰᠬᠡᠵᠦ ᠲᠠᠭᠠᠷᠠᠭᠤᠯᠤᠭᠠ ᠦᠭᠡᠢ
ᠡᠵᠢ ᠮᠢᠨᠢ ᠰᠠᠢᠬᠠᠨ ᠡᠵᠢ ᠮᠢᠨᠢ
ᠡᠨᠡ ᠯᠡ ᠬᠣᠷᠸ᠎ᠠ ᠳ᠋ᠤ᠌ ᠭᠠᠭᠴᠠᠬᠠᠨ ᠡᠵᠢ ᠮᠢᠨᠢ
ᠠᠯᠲᠠᠨ ᠠᠶᠠᠭᠠᠨ ᠠ᠋ᠴᠠ ᠤᠰᠤ ᠨᠠᠳᠠ ᠳ᠋ᠤ᠌ ᠤᠤᠭᠤᠯᠭᠠᠭᠰᠠᠨ
ᠠᠮᠢᠳᠤ ᠶ᠋ᠢᠨ ᠰᠢᠲᠦᠭᠡᠨ ᠮᠢᠨᠦ ᠡᠵᠢ᠃
ᠡᠵᠢ ᠮᠢᠨᠢ ᠲᠠ ᠡᠩᠬᠦᠷᠡᠢ ᠬᠦᠦ ᠪᠡᠨ ᠠᠭᠤᠴᠢᠯᠠᠵᠤ ᠥᠷᠥᠰᠢᠶᠡ ᠡᠵᠢ ᠮᠢᠨᠢ
ᠡᠵᠢ ᠮᠢᠨᠢ ᠲᠠ ᠨᠠᠮ᠎ᠠ ᠶ᠋ᠢ ᠪᠡᠨ ᠠᠭᠤᠴᠢᠯᠠ ᠡᠵᠢ ᠮᠢᠨᠢ
ᠬᠣᠷᠸ᠎ᠠ ᠳ᠋ᠤ᠌ ᠲᠠᠨ ᠢ᠋ ᠪᠡᠨ ᠪᠠᠶᠠᠷᠯᠠᠭᠤᠯᠵᠤ ᠴᠢᠳᠠᠭ᠎ᠠ ᠦᠭᠡᠢ ᠬᠣᠩᠭᠣᠷ ᠲᠡᠨᠡᠭᠬᠡᠨ ᠦᠷ᠎ᠡ ᠴᠢᠨᠢ
ᠬᠣᠣᠰ ᠦᠭᠡᠢ ᠨᠠᠨᠳᠢᠨ ᠬᠠᠢᠷ᠎ᠠ ᠶ᠋ᠢ ᠲᠠᠨᠢ ᠳᠠᠭᠤᠯᠠᠨ ᠰᠠᠨᠠᠨ ᠰᠠᠭᠤᠬᠤ ᠶᠤᠮ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
