1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠭᠤᠷᠪᠠ᠂ ᠡᠩᠭᠡᠷ ᠵᠥᠷᠢᠭᠦᠯᠦᠭᠰᠡᠨ ᠠᠩᠬᠠᠨ ᠤ᠋ ᠰᠥᠨᠢ Эр эмийн ёсон – Д᠂ Болдцэрэн <Нэгдүгээр бүлэг>– Гурав ᠂ Энгэр зөрүүлсэн анхны шөнө

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠭᠤᠷᠪᠠ᠂ ᠡᠩᠭᠡᠷ ᠵᠥᠷᠢᠭᠦᠯᠦᠭᠰᠡᠨ ᠠᠩᠬᠠᠨ ᠤ᠋ ᠰᠥᠨᠢ Эр эмийн ёсон – Д᠂ Болдцэрэн <Нэгдүгээр бүлэг>– Гурав ᠂ Энгэр зөрүүлсэн анхны шөнө

ᠠᠩᠭᠢᠯᠠᠯ:ᠡᠷᠡᠭᠦᠯ ᠡᠩᠬᠡ
2025-04-16

142

ᠭᠤᠷᠪᠠ᠂ ᠡᠩᠭᠡᠷ ᠵᠥᠷᠢᠭᠦᠯᠦᠭᠰᠡᠨ ᠠᠩᠬᠠᠨ ᠤ᠋ ᠰᠥᠨᠢ


       ᠭᠡᠨᠡᠨ ᠲᠣᠮᠣᠭ᠎ᠠ ᠦᠭᠡᠢ ᠬᠡᠦᠬᠡᠳ ᠨᠠᠰᠤ ᠠᠷᠤ ᠳ᠋ᠤ᠌ ᠬᠣᠴᠣᠷᠴᠤ᠂ ᠨᠠᠰᠤ ᠪᠡᠶ᠎ᠡ ᠭᠦᠢᠴᠡᠬᠦ ᠦᠶ᠎ᠡ ᠡᠴᠡ ᠡᠰᠡᠷᠭᠦ ᠬᠦᠢᠰᠦᠲᠡᠨ ᠢ᠋ᠶ᠋ᠡᠨ ᠬᠦᠰᠡᠨ ᠮᠥᠷᠥᠭᠡᠳᠬᠦ ᠨᠢ ᠬᠡᠨ ᠬᠥᠮᠦᠨ ᠳ᠋ᠦ᠍ ᠢᠷᠡᠨ᠎ᠡ᠃ ᠡᠨᠡ ᠨᠢ ᠨᠠᠷᠢᠨ ᠳ᠋ᠠᠭᠠᠨ ᠪᠠᠢᠭᠠᠯᠢ ᠡᠬᠡ ᠡᠴᠡ ᠡᠷᠳᠡᠨᠢᠲᠦ ᠬᠥᠮᠦᠨ ᠳ᠋ᠦ᠍ ᠵᠠᠶᠠᠭᠠᠭᠰᠠᠨ ᠠᠯᠤᠰ ᠤ᠋ᠨ ᠶᠠᠪᠤᠯᠳᠤᠬᠤ ᠵᠦᠩ ᠪᠢᠯᠢᠭ ᠬᠣᠷᠸ᠎ᠠ ᠶ᠋ᠢᠨ ᠬᠣᠣᠰ ᠠᠮᠢᠳᠤᠷᠠᠯ ᠤᠷᠤᠭᠤ ᠳᠠᠯᠠᠯᠤᠨ ᠳᠠᠭᠤᠳᠠᠵᠤ ᠪᠣᠢ ᠬᠡᠷᠡᠭ ᠪᠢᠯᠡ᠃ ᠠᠮᠢᠳᠤᠷᠠᠯ ᠤ᠋ᠨ ᠡᠨᠡ ᠬᠠᠤᠯᠢ ᠳ᠋ᠤ᠌ ᠬᠣᠣᠰ ᠦᠭᠡᠢ ᠣᠶᠤᠨ ᠤᠬᠠᠭᠠᠨ ᠲᠠᠢ ᠬᠥᠮᠦᠨ ᠲᠥᠷᠥᠯᠬᠢᠲᠡᠨ ᠡᠴᠡ ᠠᠪᠤᠭᠠᠳ ᠬᠠᠮᠤᠭ ᠤ᠋ᠨ ᠡᠭᠡᠯ ᠵᠢᠷ ᠦ᠋ᠨ ᠠᠮᠢᠲᠠᠨ ᠬᠦᠷᠲᠡᠯ᠎ᠡ ᠴᠥᠮ ᠢ᠋ᠶ᠋ᠡᠷ ᠢ᠋ᠶ᠋ᠡᠨ ᠵᠠᠬᠢᠷᠤᠭᠳᠠᠳᠠᠭ ᠬᠣᠢᠨ᠎ᠠ ᠡᠷ᠎ᠡ᠂ ᠡᠮ᠎ᠡ ᠬᠡᠨ ᠪᠣᠯᠪᠠᠴᠤ ᠬᠡᠵᠢᠶ᠎ᠡ ᠨᠢᠭᠡᠨ ᠴᠠᠭ ᠲᠤ᠌ ᠡᠷᠡᠭᠲᠡᠢ᠂ ᠡᠮᠡᠭᠲᠡᠢ ᠬᠣᠶᠠᠷᠬᠠᠨ ᠬᠥᠮᠦᠨ ᠪᠠᠭᠲᠠᠬᠤ ᠬᠣᠷᠸ᠎ᠠ ᠶ᠋ᠢᠨ ᠨᠢᠭᠡᠨ ᠬᠠᠭᠠᠯᠭ᠎ᠠ ᠶ᠋ᠢ ᠲᠠᠲᠠᠬᠤ ᠨᠢ ᠵᠠᠢᠯᠠᠪᠤᠷᠢ ᠦᠭᠡᠢ ᠬᠡᠷᠡᠭ᠃ ᠡᠢᠨᠬᠦ ᠪᠠᠢᠭᠠᠯᠢ— ᠡᠵᠢ ᠡᠷ᠎ᠡ᠂ ᠡᠮ᠎ᠡ ᠶ᠋ᠢᠨ ᠡᠷᠬᠢᠮ ᠨᠠᠨᠳᠢᠨ ᠵᠠᠮ ᠢ᠋ᠶ᠋ᠠᠷ ᠠᠮᠢᠳᠤᠷᠠᠯ ᠢ᠋ ᠲᠡᠵᠢᠭᠡᠨ ᠲᠡᠳᠬᠦᠵᠦ᠂ ᠰᠢᠨᠡᠴᠢᠯᠡᠬᠦ ᠲᠡᠳᠦᠢ ᠦᠭᠡᠢ ᠲᠡᠭᠦᠨ ᠢ᠋ ᠴᠣᠭᠴᠠᠯᠠᠨ ᠪᠦᠲᠦᠭᠡᠵᠦ᠂ ᠲᠡᠭᠦᠯᠳᠡᠷᠵᠢᠭᠦᠯᠵᠦ ᠪᠠᠢᠳᠠᠭ᠃ ᠢᠩᠭᠢᠬᠦᠯᠡᠷ ᠡᠷ᠎ᠡ ᠡᠮ᠎ᠡ ᠬᠣᠶᠠᠷ ᠭᠡᠳᠡᠭ ᠴᠢᠨᠢ ᠤᠭ ᠲᠠᠭᠠᠨ ᠬᠣᠷᠸ᠎ᠠ ᠶᠤᠮ ᠰᠢᠦ᠃ ᠬᠣᠷᠸ᠎ᠠ ᠶ᠋ᠢᠨ ᠭᠡᠷᠡᠯ ᠭᠡᠭᠡ᠂ ᠬᠠᠷ᠎ᠠ ᠪᠠᠷᠠᠭᠠᠨ ᠢ᠋ ᠡᠷ᠎ᠡ ᠡᠮ᠎ᠡ ᠬᠣᠶᠠᠷ ᠯᠠ ᠬᠠᠮᠲᠤ ᠳ᠋ᠠᠭᠠᠨ ᠲᠤᠭᠤᠯᠵᠤ ᠥᠩᠭᠡᠷᠡᠭᠦᠯᠳᠡᠭ ᠵᠠᠮ ᠲᠠᠢ᠃ ᠠᠮᠢᠳᠤᠷᠠᠯ ᠳ᠋ᠤ᠌ ᠶᠠᠭᠤᠮ᠎ᠠ ᠪᠣᠯᠭᠠᠨ ᠰᠠᠢᠬᠠᠨ ᠳᠤᠷᠠᠰᠤᠮᠵᠢ ᠪᠣᠯᠤᠨ ᠦᠯᠡᠳᠡᠬᠦ ᠶᠣᠰᠣ ᠦᠭᠡᠢ᠃ ᠭᠡᠪᠡᠴᠦ ᠬᠥᠮᠦᠨ ᠦ᠌ ᠰᠡᠳᠬᠢᠯ ᠵᠢᠷᠦᠬᠡᠨ ᠳ᠋ᠦ᠍ ᠣᠢᠷᠠᠬᠠᠨ ᠬᠣᠨᠣᠭᠰᠢᠨ ᠦᠯᠡᠳᠡᠳᠡᠭ ᠡᠷᠢᠶᠡᠨ ᠮᠡᠷᠢᠶᠡᠨ ᠲᠦᠮᠡ ᠪᠤᠮᠠᠨ ᠳᠤᠷᠠᠰᠤᠮᠵᠢ ᠶ᠋ᠢᠨ ᠨᠢᠭᠡ ᠨᠢ ᠡᠩᠭᠡᠷ ᠵᠥᠷᠢᠭᠦᠯᠦᠭᠰᠡᠨ ᠠᠩᠬᠠᠨ ᠤ᠋ ᠰᠥᠨᠢ ᠭᠡᠬᠦ ᠳ᠋ᠦ᠍ ᠬᠡᠨ ᠴᠦ᠍ ᠮᠠᠷᠭᠤᠬᠤ ᠦᠭᠡᠢ ᠪᠢᠵᠡ᠃ ᠶᠠᠭᠠᠬᠢᠭᠠᠳ ᠭᠡᠪᠡᠯ ᠬᠠᠮᠲᠤ ᠳ᠋ᠠᠭᠠᠨ ᠥᠩᠭᠡᠷᠡᠭᠡᠬᠦ ᠮᠢᠩᠭ᠎ᠠ ᠮᠢᠩᠭᠠᠨ ᠰᠥᠨᠢ ᠶ᠋ᠢᠨ ᠳᠣᠲᠣᠷ᠎ᠠ ᠠ᠋ᠴᠠ ᠠᠩᠬᠠᠨ ᠤ᠋ ᠰᠥᠨᠢ ᠬᠠᠮᠤᠭ ᠤ᠋ᠨ ᠡᠭᠵᠡᠭ ᠲᠡᠢ ᠨᠢ ᠪᠢᠯᠡ᠃ ᠤᠴᠢᠷ ᠨᠢ ᠡᠭᠦᠨ ᠡᠴᠡ ᠬᠥᠮᠦᠨ ᠦ᠌ ᠪᠦᠬᠦᠯᠢ ᠪᠦᠲᠦᠨ ᠠᠮᠢᠳᠤᠷᠠᠯ᠂ ᠬᠤᠪᠢ ᠵᠠᠶᠠᠭ᠎ᠠ ᠲᠡᠷᠡ ᠴᠢᠭ ᠢ᠋ᠶ᠋ᠡᠷ ᠢ᠋ᠶ᠋ᠡᠨ ᠰᠢᠯᠲᠠᠭᠠᠯᠠᠨ᠎ᠠ᠃ ᠡᠨᠡ ᠶᠠᠭᠤ ᠭᠡᠰᠡᠨ ᠦᠭᠡ ᠪᠣᠢ ᠭᠡᠪᠡᠯ ᠡᠷ᠎ᠡ ᠬᠥᠮᠦᠨ ᠦ᠌ ᠬᠤᠪᠢ ᠳ᠋ᠤ᠌ ᠠᠩᠬᠠᠨ ᠤ᠋ ᠬᠤᠷᠢᠴᠠᠯ ᠪᠦᠲᠦᠮᠵᠢ ᠦᠭᠡᠢ ᠪᠣᠯᠪᠠᠯ᠂ ᠳᠠᠬᠢᠨ ᠴᠢᠨᠠᠭᠰᠢᠳᠠ ᠪᠦᠲᠦᠮᠵᠢ ᠲᠡᠢ ᠪᠣᠯᠬᠤ ᠡᠰᠡᠬᠦ ᠳ᠋ᠦ᠍ ᠡᠷᠡᠭᠡᠯᠵᠡᠬᠦ ᠨᠢ ᠤᠯᠠᠮ ᠶᠡᠬᠡᠰᠴᠦ᠂ ᠶᠠᠮᠠᠷ ᠴᠦ᠍ ᠡᠪᠡᠳᠴᠢᠨ ᠵᠣᠪᠠᠯᠠᠩ ᠦᠭᠡᠢ᠂ ᠡᠷᠡᠭᠦᠯ ᠰᠠᠷᠠᠭᠤᠯ ᠠᠲᠠᠯ᠎ᠠ ᠡᠮᠡᠭᠲᠡᠢ ᠬᠥᠮᠦᠨ ᠲᠡᠢ ᠣᠢᠷᠠᠳᠬᠤ ᠵᠢᠷᠦᠬᠡ ᠭᠠᠷᠬᠤ ᠦᠭᠡᠢ ᠭᠣᠣᠨᠢ ᠪᠡᠶ᠎ᠡ ᠶᠠᠪᠤᠬᠤ ᠨᠢ ᠴᠥᠭᠡᠨ ᠦᠭᠡᠢ ᠪᠠᠢᠳᠠᠭ᠃ ᠨᠢᠭᠡᠨ ᠵᠢᠰᠢᠶ᠎ᠠ ᠲᠠᠲᠠᠶ᠎ᠠ᠃ 
      ᠁ ᠮᠢᠨᠦ ᠪᠡᠶ᠎ᠡ ᠡᠴᠢᠭᠡ ᠡᠬᠡ ᠡᠴᠡ ᠳᠥᠷᠪᠡᠭᠦᠯᠡ᠃ ᠪᠢ ᠡᠵᠢ ᠶ᠋ᠢᠨ ᠢ᠋ᠶ᠋ᠡᠨ ᠠᠬ᠎ᠠ ᠳ᠋ᠤ᠌ ᠦᠷᠡᠴᠢᠯᠡᠭᠦᠯᠦᠭᠰᠡᠨ ᠡᠷᠭᠦᠮᠡᠯ ᠬᠥᠮᠦᠨ᠃  ᠨᠠᠮᠠᠶ᠋ᠢ 6-8 ᠨᠠᠰᠤᠲᠠᠢ ᠪᠠᠢᠬᠤ ᠳ᠋ᠤ᠌ ᠡᠴᠢᠭᠡ᠂ ᠡᠬᠡ ᠮᠢᠨᠢ ᠨᠠᠰᠤ ᠪᠠᠷᠠᠵᠤ᠂ ᠪᠢ ᠬᠥᠭᠰᠢᠨ ᠡᠵᠢ᠂ ᠠᠪᠠᠭ᠎ᠠ ᠠᠬ᠎ᠠ ᠶ᠋ᠢᠨ ᠳ᠋ᠡᠭᠠᠨ ᠥᠰᠦᠭᠰᠡᠨ ᠬᠥᠮᠦᠨ ᠶᠦᠮ᠃ ᠲᠡᠳᠡ ᠮᠠᠯᠴᠢᠨ ᠠᠢᠯ ᠪᠣᠯᠬᠣᠷ ᠪᠢ ᠰᠤᠷᠭᠠᠭᠤᠯᠢ ᠶ᠋ᠢᠨ ᠳᠣᠲᠣᠭᠤᠷ ᠪᠠᠢᠷᠢᠨ ᠳ᠋ᠤ᠌ ᠰᠤᠷᠴᠤ8 ᠳ᠋ᠤᠭᠠᠷ ᠠᠩᠭᠢ ᠲᠡᠭᠦᠰᠦᠭᠰᠡᠨ᠃ ᠵᠤᠨ ᠤ᠋ ᠠᠮᠠᠷᠠᠯᠲᠠ ᠪᠠᠷ ᠬᠥᠳᠡᠭᠡ ᠬᠣᠨᠢ ᠬᠠᠷᠢᠭᠤᠯᠳᠠᠭ᠃ ᠨᠣᠮ ᠤᠩᠰᠢᠳᠠᠭ᠃ ᠲᠡᠳᠡᠨ ᠦ᠌ ᠬᠢ ᠭᠠᠭᠴᠠ ᠭᠡᠷ ᠪᠣᠯᠬᠣᠷ ᠪᠢ ᠠᠢᠯ ᠬᠤᠨᠠᠷ ᠢ᠋ᠶ᠋ᠠᠷ ᠨᠢᠭᠡ ᠶᠡᠬᠡ ᠣᠷᠣᠵᠤ ᠭᠠᠷᠴᠤ ᠴᠢᠳᠠᠳᠠᠭ ᠦᠭᠡᠢ ᠪᠠᠢᠯ᠎ᠠ᠃ ᠰᠤᠷᠭᠠᠭᠤᠯᠢ ᠳ᠋ᠤ᠌ ᠪᠠᠢᠬᠤ ᠳ᠋ᠠᠭᠠᠨ ᠲᠣᠭ᠎ᠠ᠂ ᠹᠢᠽᠢᠺ᠂ ᠬᠢᠮᠢ ᠶ᠋ᠢᠨ ᠬᠢᠴᠢᠶᠡᠯ ᠳ᠋ᠦ᠍ ᠣᠨᠴᠠ ᠰᠠᠢᠨ ᠰᠤᠷᠤᠭᠰᠠᠨ ᠪᠠ ᠪᠡᠶ᠎ᠡ ᠶ᠋ᠢᠨ ᠲᠠᠮᠢᠷ᠂ ᠳᠠᠭᠤᠤ ᠬᠥᠭᠵᠢᠮ ᠳ᠋ᠦ᠍ ᠮᠠᠰᠢ ᠳᠤᠷ᠎ᠠ ᠦᠭᠡᠢ᠂ ᠰᠣᠨᠢᠷᠬᠠᠯ ᠦᠭᠡᠢ ᠪᠠᠢᠭᠰᠠᠨ ᠶᠤᠮ᠃ ᠲᠥᠷᠥᠯᠬᠢ ᠶ᠋ᠢᠨ ᠢᠴᠢᠮᠡᠬᠡᠢ᠂ ᠨᠡᠷᠡᠯᠬᠡᠦ ᠪᠣᠯᠤᠭᠠᠳ ᠴᠦ᠍ ᠲᠡᠷᠡ ᠶᠦᠮ ᠤᠤ᠂ ᠪᠡᠶ᠎ᠡ ᠶ᠋ᠢᠨ ᠲᠠᠮᠢᠷ ᠤ᠋ᠨ ᠬᠢᠴᠢᠶᠡᠯ ᠡᠴᠡ ᠶᠡᠬᠡ ᠵᠢᠭᠤᠳᠠᠳᠠᠭ ᠪᠠᠢᠪᠠ᠃ ᠶᠠᠭᠠᠬᠢᠭᠠᠳ ᠭᠡᠪᠡᠯ ᠣᠯᠠᠨ ᠬᠥᠮᠦᠨ ᠦ᠌ ᠳᠤᠮᠳᠠ ᠬᠢᠵᠦ ᠴᠢᠳᠠᠬᠤ ᠦᠭᠡᠢ ᠪᠠᠢᠬᠤ ᠭᠡᠵᠦ(ᠥᠨᠳᠥᠷ ᠪᠣᠯᠤᠨ ᠤᠷᠲᠤ ᠶ᠋ᠢᠨ ᠬᠠᠷᠠᠢᠯᠲᠠ ᠴᠦ᠍ ᠶᠤᠮ ᠤᠤ ᠶᠠᠮᠠᠷ ᠨᠢᠭᠡᠨ ᠳᠠᠰᠬᠠᠯ ᠲᠣᠭᠯᠠᠭᠠᠮ ᠤ᠋ᠳ ᠢ᠋) ᠠᠶᠤᠳᠠᠭ᠃ ᠣᠳᠣ ᠴᠦ᠍ ᠭᠡᠰᠡᠨ ᠪᠢ ᠬᠤᠷᠢᠮ ᠨᠠᠢᠷ ᠪᠣᠯᠭᠠᠨ ᠳ᠋ᠤ᠌ ᠣᠴᠢᠬᠤ ᠦᠭᠡᠢ ᠶ᠋ᠢ ᠬᠢᠴᠢᠶᠡᠨ᠎ᠡ᠃ ᠲᠤᠩ ᠴᠥᠭᠡᠨ ᠣᠴᠢᠳᠠᠭ᠃ ᠶᠠᠭᠠᠬᠢᠭᠠᠳ ᠭᠡᠪᠡᠯ ᠳᠠᠭᠤᠯᠠᠵᠤ᠂ ᠬᠤᠭᠤᠷᠳᠠᠵᠤ ᠴᠢᠳᠠᠬᠤ ᠦᠭᠡᠢ ᠡᠴᠡ ᠪᠡᠨ ᠢᠴᠢᠳᠡᠭ᠃7-8 ᠳ᠋ᠤᠭᠠᠷ ᠠᠩᠭᠢ ᠠ᠋ᠴᠠ ᠪᠡᠯᠭᠡ ᠶ᠋ᠢᠨ ᠪᠣᠢᠵᠢᠯᠲᠠ ᠶ᠋ᠢᠨ ᠦᠶ᠎ᠡ ᠳ᠋ᠦ᠍ ᠶᠡᠬᠡ ᠵᠣᠪᠠᠳᠠᠭ ᠪᠠᠢᠭᠰᠠᠨ᠃ ᠨᠢᠭᠤᠴᠠ ᠡᠷᠬᠡᠲᠡᠨ ᠮᠢᠨᠢ ᠥᠮᠥᠳᠦᠨ ᠦ᠌ ᠭᠠᠳᠠᠭᠤᠷ ᠳᠣᠪᠣᠢᠵᠤ ᠬᠠᠷᠠᠭᠳᠠᠵᠤ ᠪᠠᠢᠬᠤ ᠰᠢᠭ᠋ ᠰᠠᠨᠠᠭᠳᠠᠵᠤ᠂ ᠨᠢᠭᠤᠷ ᠬᠠᠭᠠᠬᠤ ᠭᠡᠵᠦ ᠣᠷᠣᠯᠳᠣᠳᠠᠭ ᠰᠠᠨ᠃ 
       1972 ᠣᠨ ᠳ᠋ᠤ᠌ ᠬᠡᠳᠦᠨ ᠨᠠᠢᠵᠠ ᠨᠠᠷ ᠲᠠᠢ ᠪᠠᠨ ᠠᠢᠯ ᠤ᠋ᠨ ᠨᠠᠢᠷ ᠲᠤ᠌ ᠣᠴᠢᠵᠤ ᠪᠢᠳᠡ ᠬᠡᠳᠦ ᠰᠥᠨᠢ ᠳᠤᠮᠳᠠ ᠲᠡᠳᠡᠨ ᠦ᠌ ᠢᠷᠡᠵᠦ ᠬᠣᠨᠣᠪᠠ᠃ ᠪᠢᠳᠡᠨ ᠲᠡᠢ ᠴᠣᠭ ᠨᠢᠭᠡ ᠥᠬᠢᠨ ᠢᠷᠡᠭᠰᠡᠨ᠃ ᠪᠣᠳᠣᠪᠠᠯ ᠲᠡᠳᠡᠨ ᠦ᠌ ᠠᠯᠢ ᠨᠢᠭᠡᠨ ᠦ᠌ ᠬᠢᠨᠢ ᠬᠠᠮᠢᠶᠠᠲᠠᠨ ᠪᠠᠢᠭᠰᠠᠨ ᠪᠠᠢᠬ᠎ᠠ᠂ ᠥᠷᠯᠥᠭᠡ ᠰᠡᠷᠡᠭᠰᠡᠨ ᠴᠢᠨᠢ ᠲᠡᠷᠡ ᠬᠡᠳᠦᠭᠦᠯᠡ ᠠᠵᠢᠯ ᠳ᠋ᠤ᠌ ᠶᠠᠪᠤᠴᠢᠬᠠᠭᠰᠠᠨ᠂ ᠨᠥᠭᠦᠭᠡ ᠥᠬᠢᠨ ᠪᠢᠳᠡ ᠬᠣᠶᠠᠭᠤᠯᠠ ᠯᠠ ᠦᠯᠡᠳᠡᠵᠦ᠂ ᠨᠠᠮᠠᠶ᠋ᠢ ᠬᠤᠪᠴᠠᠰᠤ ᠪᠠᠨ ᠡᠮᠦᠰᠴᠦ ᠪᠠᠢᠬᠤ ᠳ᠋ᠤ᠌ ᠲᠡᠷᠡ ᠥᠬᠢᠨ ᠢᠷᠡᠭᠰᠡᠨ᠃ ᠤᠷᠢᠳᠤ ᠡᠳᠦᠷ ᠨᠢ ᠮᠠᠭᠤᠬᠠᠨ ᠲᠠᠨᠢᠯᠴᠠᠭᠰᠠᠨ ᠪᠥᠭᠡᠳ ᠡᠯᠳᠡᠪ ᠶᠠᠭᠤᠮ᠎ᠠ ᠶᠠᠷᠢᠵᠤ᠂ ᠪᠢ ᠲᠡᠷᠡ ᠥᠬᠢᠨ ᠲᠡᠢ 《ᠤᠨᠲᠠᠬᠤ》 ᠪᠠᠷ ᠶᠠᠭᠤᠮ᠎ᠠ ᠶᠠᠷᠢᠭᠰᠠᠨ᠂ ᠲᠡᠷᠡ ᠶᠡᠬᠡ ᠯᠡ ᠳᠤᠷ᠎ᠠ ᠲᠠᠢ ᠪᠠᠢᠭ᠎ᠠ ᠪᠣᠯᠤᠯᠲᠠᠢ᠃ ᠪᠢ ᠴᠣᠩᠬᠣᠨ ᠤ᠋ ᠳᠡᠷᠭᠡᠳᠡ ᠵᠣᠭᠰᠣᠵᠤ ᠪᠠᠢᠭᠰᠠᠨ ᠪᠠ ᠮᠢᠨᠦ ᠡᠷᠬᠡᠲᠡᠨ ᠬᠥᠪᠴᠢᠷᠡᠭᠰᠡᠨ ᠪᠠᠢᠪᠠ᠃ ᠪᠢ ᠨᠢᠭᠡ ᠯᠡ ᠶᠠᠭᠤᠮᠠᠨ ᠠ᠋ᠴᠠ ᠠᠶᠤᠵᠤ᠂ ᠢᠴᠢᠵᠦ ᠪᠠᠢᠯ᠎ᠠ᠃ ᠲᠡᠷᠡ ᠨᠢ ᠶᠠᠭᠤ ᠭᠡᠪᠡᠯ ᠠᠩᠬ᠎ᠠ ᠡᠮᠡᠭᠲᠡᠢ ᠬᠥᠮᠦᠨ ᠲᠡᠢ《ᠤᠨᠲᠠᠬᠤ》 ᠳ᠋ᠤ᠌ ᠡᠷᠡᠭᠲᠡᠢ ᠨᠢ ᠪᠠᠷᠤᠭ ᠤᠨᠲᠠᠬᠤ ᠠ᠋ᠴᠠ ᠪᠠᠨ ᠡᠮᠦᠨ᠎ᠡ ᠳᠤᠷ᠎ᠠ ᠪᠠᠨ ᠲᠠᠯᠪᠢᠵᠤ ᠡᠮᠡᠭᠲᠡᠢ ᠶ᠋ᠢᠨ ᠳᠤᠷ᠎ᠠ ᠦᠭᠡᠢ ᠶ᠋ᠢ ᠬᠦᠷᠭᠡᠭᠡᠳ ᠵᠣᠭᠰᠣᠬᠤ ᠦᠭᠡᠢ᠂ ᠰᠢᠪᠰᠢᠭ ᠪᠣᠯᠳᠠᠭ ᠭᠡᠵᠦ ᠨᠢᠭᠡ ᠨᠠᠢᠵᠠ ᠮᠢᠨᠢ ᠨᠠᠳᠠ ᠳ᠋ᠤ᠌ ᠬᠡᠯᠡᠭᠰᠡᠨ ᠰᠠᠨ᠂ ᠪᠢ ᠶᠠᠭᠠᠬᠢᠳᠠᠭ ᠪᠣᠯ ᠭᠡᠵᠦ ᠬᠡᠰᠡᠭ ᠡᠷᠡᠭᠡᠯᠵᠡᠭᠰᠡᠨ ᠢ᠋ᠶ᠋ᠡᠨ ᠶᠠᠭᠤ ᠴᠦ᠍ ᠪᠣᠯᠤᠭ ᠦᠵᠡᠳᠡᠭ ᠬᠡᠷᠡᠭ ᠭᠡᠵᠦ ᠰᠢᠢᠳᠦᠭᠡᠳ ᠶᠠᠭ《 ᠤᠨᠲᠠᠬᠤ》 ᠭᠡᠲᠡᠯ᠎ᠡ ᠦᠷ᠎ᠡ ᠶ᠋ᠢᠨ ᠰᠢᠩᠭᠡᠨ ᠢ᠋ᠶ᠋ᠡᠨ ᠬᠡᠢ ᠠᠯᠳᠠᠵᠤ᠂ ᠡᠷᠬᠡᠲᠡᠨ ᠮᠢᠨᠢ ᠰᠤᠯᠠᠷᠠᠵᠤ ᠪᠠᠭᠤᠴᠢᠬᠠᠭᠰᠠᠨ ᠶᠤᠮ᠃ ᠪᠢ ᠶᠡᠬᠡ ᠵᠣᠪᠠᠵᠤ ᠪᠢᠯᠡ᠃ ᠲᠡᠷᠡ ᠶᠠᠭᠤ ᠴᠦ᠍ ᠬᠡᠯᠡᠭᠰᠡᠨ ᠦᠭᠡᠢ᠃ ᠪᠢ ᠪᠣᠰᠴᠤ ᠰᠢᠷᠡᠭᠡᠨ ᠳᠡᠭᠡᠷ᠎ᠡ ᠪᠠᠢᠭ᠎ᠠ ᠴᠠᠭᠠᠰᠤ ᠬᠠᠷᠠᠨᠳᠠ ᠶ᠋ᠢ ᠠᠪᠴᠤ᠂《ᠠᠭᠤᠴᠢᠯᠠᠭᠠᠷᠠᠢ ᠨᠠᠢᠵᠠ ᠮᠢᠨᠢ》 ᠭᠡᠵᠦ ᠪᠢᠴᠢᠭᠡᠳ ᠭᠠᠷᠤᠭᠠᠳ ᠶᠠᠪᠤᠭᠰᠠᠨ᠃ ᠡᠷᠭᠢᠵᠦ ᠲᠡᠷᠡ ᠬᠥᠮᠦᠨ ᠲᠡᠢ ᠠᠭᠤᠯᠵᠠᠭ᠎ᠠ ᠦᠭᠡᠢ᠃ ᠡᠨᠡ ᠶᠠᠪᠤᠳᠠᠯ ᠠ᠋ᠴᠠ ᠬᠣᠢᠰᠢ ᠪᠢ ᠶᠡᠬᠡ ᠵᠣᠪᠠᠳᠠᠭ ᠪᠣᠯᠤᠯ᠎ᠠ᠃ ᠣᠳᠣ ᠡᠮᠡᠭᠲᠡᠢ ᠬᠥᠮᠦᠨ ᠲᠡᠢ ᠤᠨᠲᠠᠬᠤ ᠭᠡᠬᠦᠯᠡᠷ ᠪᠠᠰᠠ ᠯᠠ ᠪᠦᠲᠦᠬᠦ ᠦᠭᠡᠢ᠂ ᠰᠢᠪᠰᠢᠭ ᠪᠣᠯᠬᠤ ᠪᠠᠢᠬ᠎ᠠ ᠭᠡᠵᠦ ᠠᠶᠤᠭᠠᠳ ᠬᠡᠨ ᠲᠡᠢ ᠴᠦ᠍ ᠢᠩᠭᠢᠬᠦ ᠪᠡᠷ ᠣᠷᠣᠯᠳᠣᠭ᠎ᠠ ᠦᠭᠡᠢ᠃ ᠭᠡᠬᠦ ᠳ᠋ᠡᠭᠡᠨ ᠶᠡᠬᠡ ᠬᠦᠰᠡᠳᠡᠭ ᠪᠠᠢᠯ᠎ᠠ᠃ ᠶᠡᠬᠡ ᠬᠦᠰᠡᠵᠦ ᠪᠣᠳᠣᠳᠠᠭ ᠠ᠋ᠴᠠ ᠲᠡᠷᠡ ᠤᠤ ᠦᠷᠭᠦᠯᠵᠢ ᠵᠡᠭᠦᠳᠦᠯᠡᠵᠦ ᠦᠷ᠎ᠡ ᠶ᠋ᠢᠨ ᠰᠢᠩᠭᠡᠨ ᠢ᠋ᠶ᠋ᠡᠨ ᠭᠠᠷᠭᠠᠳᠠᠭ ᠪᠣᠯᠤᠭᠰᠠᠨ᠃ ᠭᠠᠭᠴᠠᠭᠠᠷ ᠢ᠋ᠶ᠋ᠠᠨ ᠪᠠᠢᠬᠤ ᠳ᠋ᠤ᠌ ᠡᠳᠦᠷ᠂ ᠰᠥᠨᠢ ᠶᠠᠮᠠᠷ ᠴᠦ᠍ ᠦᠶ᠎ᠡ ᠳ᠋ᠦ᠍《ᠡᠷᠬᠡᠲᠡᠨ》 ᠮᠢᠨᠢ ᠬᠥᠪᠴᠢᠷᠡᠵᠦ᠂ ᠡᠮᠡᠭᠲᠡᠢ ᠬᠥᠮᠦᠨ ᠲᠡᠢ《ᠤᠨᠲᠠᠬᠤ》 ᠳᠤᠷ᠎ᠠ ᠲᠥᠷᠥᠨ᠎ᠡ᠃ ᠬᠠᠷᠢᠨ ᠡᠮᠡᠭᠲᠡᠢ ᠬᠥᠮᠦᠨ ᠢ᠋ ᠬᠠᠷᠠᠪᠠᠯ ᠪᠦᠬᠦ ᠶᠠᠭᠤᠮ᠎ᠠ ᠪᠠᠢᠬᠤ ᠦᠭᠡᠢ ᠪᠣᠯᠳᠠᠭ᠃ ᠣᠯᠠᠨ ᠰᠠᠷ᠎ᠠ᠂ ᠵᠢᠯ ᠢᠩᠭᠢᠵᠦ ᠶᠠᠪᠤᠨ᠎ᠠ᠃ ᠡᠮᠴᠢ ᠳ᠋ᠦ᠍ ᠦᠵᠡᠭᠦᠯᠦᠶ᠎ᠡ ᠭᠡᠬᠦᠯᠡᠷ ᠢᠴᠢᠵᠦ ᠵᠣᠪᠠᠳᠠᠭ᠃ ᠨᠢᠭᠡ ᠤᠳᠠᠭ᠎ᠠ ᠬᠣᠲᠠ ᠳ᠋ᠤ᠌ ᠣᠴᠢᠵᠤ ᠡᠮᠴᠢ ᠳ᠋ᠦ᠍ ᠦᠵᠡᠭᠦᠯᠬᠦ ᠳ᠋ᠡᠭᠡᠨ ᠡᠮᠡᠭᠲᠡᠢ ᠬᠥᠮᠦᠨ ᠲᠡᠢ ᠣᠢᠷᠠᠳᠴᠤ ᠴᠢᠳᠠᠬᠤ ᠦᠭᠡᠢ ᠪᠣᠯᠤᠯ᠎ᠠ ᠭᠡᠳᠡᠭ ᠢ᠋ᠶ᠋ᠡᠨ ᠬᠡᠯᠡᠯ᠎ᠡ᠃ ᠡᠮᠴᠢ ᠭᠡᠷ ᠪᠦᠯᠢ ᠲᠡᠢ ᠤᠤ ᠭᠡᠵᠦ ᠠᠰᠠᠭᠤᠬᠤ ᠳ᠋ᠤᠨᠢ ᠲᠡᠢᠮᠦ ᠭᠡᠵᠦ ᠬᠤᠳᠠᠯ ᠬᠡᠯᠡᠯ᠎ᠡ᠃ ᠡᠮᠴᠢ ᠬᠡᠳᠦᠨ ᠡᠮ ᠪᠢᠴᠢᠵᠦ ᠦᠭᠭᠦᠭᠰᠡᠨ᠃ ᠪᠢ ᠡᠮ ᠦ᠋ᠨ ᠰᠠᠩ ᠳ᠋ᠤ᠌ ᠣᠴᠢᠵᠤ᠂ ᠪᠢᠴᠢᠭᠰᠡᠨ ᠡᠮ ᠢ᠋ᠶ᠋ᠡᠨ ᠠᠪᠬᠤ ᠭᠡᠰᠡᠨ ᠢ᠋ᠶ᠋ᠡᠨ ᠢᠴᠢᠵᠦ ᠠᠪᠴᠤ ᠴᠢᠳᠠᠭ᠎ᠠ ᠦᠭᠡᠢ᠃ ᠲᠡᠷᠡ ᠦᠶ᠎ᠡ ᠳ᠋ᠦ᠍ ᠡᠮᠴᠢ ᠳ᠋ᠦ᠍ ᠶᠠᠭᠤ ᠭᠡᠵᠦ ᠬᠤᠳᠠᠯ ᠬᠡᠯᠡᠪᠡ ᠭᠡᠵᠦ ᠣᠳᠣ ᠪᠣᠳᠣᠪᠠᠯ ᠬᠠᠷᠠᠮᠰᠠᠬᠤ ᠶᠤᠮ᠃
      1986 ᠣᠨ ᠳ᠋ᠤ᠌ ᠪᠢ ᠨᠢᠭᠡ ᠬᠡᠦᠬᠡᠨ ᠳᠤ ᠮᠢᠨᠦ ᠬᠠᠮᠤᠭ ᠦᠨᠡᠨ ᠢ᠋ᠶ᠋ᠡᠨ ᠬᠡᠯᠡᠪᠡ᠃ ᠦᠨᠡᠨ ᠢ᠋ᠶ᠋ᠡᠨ ᠬᠡᠯᠡᠵᠦ ᠭᠠᠭᠴᠠᠭᠠᠷ ᠲᠠᠢ ᠨᠢ ᠠᠭᠤᠯᠵᠠᠪᠠᠯ ᠭᠠᠢᠭᠤᠢ ᠪᠦᠲᠦᠬᠦ ᠪᠠᠢᠬ᠎ᠠ ᠳᠠ ᠭᠡᠵᠦ ᠪᠣᠳᠣᠭᠰᠠᠨ ᠶᠤᠮ ᠯᠠ ᠳᠠ᠁ ᠪᠢ ᠭᠠᠭᠴᠠᠭᠠᠷ ᠢ᠋ᠶ᠋ᠠᠨ ᠲᠡᠭᠦᠨ ᠢ᠋ ᠬᠦᠯᠢᠶᠡᠵᠦ ᠪᠠᠢᠯ᠎ᠠ᠁ 
       ᠁ ᠵᠠ ᠶᠠᠭᠠᠬᠢᠬᠤ ᠪᠣᠯ ᠭᠡᠬᠦ ᠡᠴᠡ ᠵᠢᠷᠦᠬᠡ ᠲᠦᠭ ᠲᠦᠭ ᠴᠡᠭᠡᠵᠢ ᠪᠡᠨ ᠳᠡᠯᠡᠳᠦᠨ᠎ᠡ᠃ ᠲᠡᠷᠡ ᠢᠷᠡᠯ᠎ᠡ ᠪᠠᠰᠠᠯᠠ ᠪᠦᠲᠦᠭᠡ ᠦᠭᠡᠢ᠃ ᠡᠬᠢᠯᠡᠭᠡᠳ ᠲᠡᠷᠡ ᠴᠦ᠍ ᠪᠢ ᠴᠦ᠍ ᠶᠡᠬᠡ ᠯᠡ ᠵᠣᠪᠠᠳᠠᠭ ᠪᠠᠢᠭᠰᠠᠨ᠃ ᠲᠡᠭᠦᠨ ᠡᠴᠡ ᠬᠣᠢᠰᠢ ᠬᠡᠳᠦ ᠤᠳᠠᠭ᠎ᠠ ᠠᠭᠤᠯᠵᠠᠭᠰᠠᠨ ᠪᠣᠯᠪᠠᠴᠤ ᠬᠠᠷᠢᠨ ᠤᠷᠢᠳᠤ ᠤᠷᠢᠳᠤ ᠠ᠋ᠴᠠ ᠪᠠᠨ ᠢᠯᠡᠭᠦᠦ ᠳᠣᠷᠣᠢᠳᠣᠪᠠ᠃ ᠰᠡᠭᠦᠯ ᠳ᠋ᠦ᠍ ᠲᠡᠷᠡ ᠨᠠᠢᠵᠠ ᠪᠠᠷᠤᠭ ᠬᠦᠴᠦ ᠪᠡᠷ ᠰᠢᠬᠠᠭᠤ ᠦᠵᠡᠭᠦᠯᠬᠦ ᠭᠡᠵᠦ ᠣᠷᠣᠯᠳᠣᠪᠠ᠃ ᠪᠢ ᠵᠣᠪᠠᠵᠤ ᠵᠣᠪᠠᠵᠤ ᠬᠡᠯᠡᠵᠦ ᠪᠠᠢᠭ᠎ᠠ ᠮᠢᠨᠢ ᠡᠨᠡ᠃ ᠶᠠᠮᠠᠷ ᠨᠢᠭᠡᠨ ᠡᠪᠡᠳᠴᠢᠨ ᠢ᠋ᠶ᠋ᠡᠨ ᠨᠢᠭᠤᠨ᠎ᠠ ᠭᠡᠳᠡᠭ ᠢ᠋ᠶ᠋ᠡᠨ ᠣᠢᠯᠠᠭᠠᠬᠤ ᠮᠥᠷᠲᠡᠭᠡᠨ ᠢᠴᠢᠵᠦ ᠵᠣᠪᠠᠬᠤ ᠶ᠋ᠢᠨ ᠲᠤᠢᠯ ᠠ᠋ᠴᠠ ᠭᠠᠷᠴᠤ ᠴᠢᠳᠠᠯ ᠦᠭᠡᠢ ᠡᠳᠦᠢ ᠬᠦᠷᠦᠯ᠎ᠡ᠃ 39 ᠵᠢᠯ ᠥᠪᠡᠷ ᠢ᠋ ᠪᠡᠨ ᠵᠣᠪᠠᠭᠠᠵᠤ ᠶᠠᠪᠤᠨ᠎ᠠ᠁ ᠭᠡᠵᠦ ᠪᠢᠯᠡ᠃ 
       ᠢᠩᠭᠢᠬᠦᠯᠡᠷ᠂ ᠠᠩᠬᠠᠨ ᠤ᠋ ᠬᠤᠷᠢᠴᠠᠯ ᠨᠢ ᠡᠷᠡᠭᠲᠡᠢ ᠬᠥᠮᠦᠨ ᠥᠪᠡᠷ ᠢ᠋ ᠪᠡᠨ ᠵᠢᠩᠬᠢᠨᠢ ᠡᠷ᠎ᠡ ᠬᠥᠮᠦᠨ ᠮᠥᠨ ᠡᠰᠡᠬᠦ ᠶ᠋ᠢ ᠦᠵᠡᠭᠦᠯᠬᠦ ᠳ᠋ᠦ᠍ ᠬᠠᠮᠤᠭ ᠤ᠋ᠨ ᠴᠢᠬᠤᠯᠠ ᠡᠭᠦᠷᠭᠡ ᠲᠡᠢ᠃ ᠴᠣᠬᠣᠮ ᠡᠭᠦᠨ ᠢ᠋ ᠡᠨᠡ ᠵᠢᠰᠢᠶ᠎ᠠ ᠬᠠᠷᠠᠭᠤᠯᠵᠤ ᠪᠠᠢᠭ᠎ᠠ ᠪᠠᠷ ᠢ᠋ᠶ᠋ᠠᠨ ᠨᠡᠩ ᠰᠤᠷᠭᠠᠮᠵᠢ ᠲᠠᠢ ᠶᠤᠮ᠃ ᠠᠩᠬᠠᠨ ᠤ᠋ ᠬᠤᠷᠢᠴᠠᠯ ᠠᠮᠵᠢᠯᠲᠠ ᠲᠠᠢ ᠪᠣᠯ《ᠶᠠᠭᠠᠬᠢᠬᠤ ᠪᠣᠯ》 ᠠᠢᠳᠠᠰ ᠡᠷᠡᠭᠡᠯᠵᠡᠭᠡ ᠠᠷᠢᠯᠵᠤ ᠴᠠᠭᠠᠰᠢ ᠪᠦᠬᠦ ᠶᠠᠭᠤᠮ᠎ᠠ《ᠳᠠᠷᠳᠠᠩ》 ᠪᠣᠯᠤᠨ᠎ᠠ᠃ ᠪᠦᠲᠦᠯ ᠦᠭᠡᠢ ᠯᠡ ᠪᠣᠯᠪᠠᠯ ᠬᠠᠮᠤᠭ ᠶᠠᠭᠤᠮ᠎ᠠ ᠪᠠᠯᠠᠷᠠᠬᠤ ᠨᠢ ᠲᠡᠷᠡ᠃ ᠠᠮᠢᠳᠤᠷᠠᠯ ᠳ᠋ᠤ᠌ ᠠᠩᠬ᠎ᠠ ᠤᠳᠠᠭ᠎ᠠ ᠡᠮᠡᠭᠲᠡᠢ ᠬᠥᠮᠦᠨ ᠲᠡᠢ ᠡᠩᠭᠡᠷ ᠵᠥᠷᠢᠭᠦᠯᠵᠦ ᠪᠠᠢᠭ᠎ᠠ ᠡᠷᠡᠭᠲᠡᠢ ᠬᠥᠮᠦᠨ ᠦ᠌ ᠦᠷ᠎ᠡ ᠶ᠋ᠢᠨ ᠰᠢᠩᠭᠡᠨ ᠢ᠋ᠶ᠋ᠡᠨ ᠲᠦᠷᠭᠡᠨ ᠠᠯᠳᠠᠵᠤ ᠳᠤᠷ᠎ᠠ ᠨᠢ ᠬᠤᠷᠳᠤᠨ ᠬᠠᠨᠴᠢᠬᠠᠳᠠᠭ᠃ ᠡᠨᠡ ᠪᠣᠯ ᠡᠪᠡᠳᠴᠢᠨ ᠪᠢᠰᠢ᠃ ᠡᠷᠡᠭᠦᠯ ᠰᠠᠷᠠᠭᠤᠯ ᠯᠠ ᠪᠣᠯ ᠠᠩᠬ᠎ᠠ ᠬᠥᠮᠦᠨ ᠲᠡᠢ ᠣᠢᠷᠠᠳᠬᠤ ᠳ᠋ᠤ᠌ ᠢᠩᠭᠢᠬᠦ ᠯᠡ ᠤᠴᠢᠷ ᠲᠠᠢ᠃ ᠡᠭᠦᠨ ᠡᠴᠡ ᠠᠶᠤᠬᠤ ᠶ᠋ᠢᠨ ᠬᠡᠷᠡᠭ ᠣᠭᠲᠣᠬᠠᠨ ᠠᠯᠠᠭ᠎ᠠ᠃ ᠭᠡᠲᠡᠯ᠎ᠡ 《ᠢᠩᠭᠢᠭᠡᠳ ᠪᠠᠢᠬᠤ ᠶᠤᠮ ᠪᠣᠯ ᠶᠠᠭᠠᠬᠢᠬᠤ ᠶᠤᠮ ᠪᠣᠢ》 ᠭᠡᠰᠡᠨ ᠬᠥᠮᠦᠨ ᠵᠥᠩᠳᠡᠭᠡᠨ ᠲᠠᠭᠠᠷᠠᠯᠳᠤᠳᠠᠭ᠃ ᠡᠭᠦᠨ ᠡᠴᠡ ᠡᠭᠦᠨ ᠦ᠌ ᠤᠴᠢᠷ ᠨᠠᠴᠢᠷ ᠢ᠋ ᠳᠣᠣᠷ᠎ᠠ ᠲᠠᠢᠯᠪᠤᠷᠢᠯᠠᠶ᠎ᠠ᠃ 
       ᠡᠮᠡᠭᠲᠡᠢ ᠬᠥᠮᠦᠨ ᠲᠡᠢ ᠡᠩᠭᠡᠷ ᠵᠥᠷᠢᠭᠦᠯᠵᠦ ᠦᠵᠡᠭᠡ ᠦᠭᠡᠢ ᠪᠤᠶᠤ ᠲᠣᠭᠲᠠᠮᠠᠯ《ᠡᠢᠮᠦ》ᠬᠠᠷᠢᠴᠠᠭᠠᠨ ᠳ᠋ᠤ᠌ ᠣᠷᠣᠭ᠎ᠠ ᠦᠭᠡᠢ ᠡᠷᠡᠭᠲᠡᠢ ᠬᠥᠮᠦᠨ ᠦ᠌ ᠪᠡᠯᠭᠡ ᠶ᠋ᠢᠨ ᠰᠠᠷᠠᠯ ᠮᠠᠰᠢ ᠬᠦᠴᠦᠲᠡᠢ ᠪᠠᠢᠳᠠᠭ᠃ ᠡᠨᠡ ᠨᠢ ᠲᠡᠭᠦᠨ ᠦ᠌ ᠪᠡᠶ᠎ᠡ ᠳ᠋ᠦ᠍ ᠦᠷ᠎ᠡ ᠶ᠋ᠢᠨ ᠰᠢᠩᠭᠡᠨ ᠬᠡᠳᠦ ᠬᠤᠷᠠᠯᠳᠤᠭᠰᠠᠨ ᠲᠠᠢ (ᠬᠤᠷᠠᠮᠳᠠᠭᠤᠯᠤᠭᠳᠠᠭᠰᠠᠨ) ᠲᠠᠢ ᠬᠣᠯᠪᠣᠭ᠎ᠠ ᠲᠠᠢ᠃ ᠲᠡᠢᠮᠦ ᠡᠴᠡ ᠵᠥᠪᠬᠡᠨ《ᠶᠠᠮᠠᠷ ᠪᠠᠢᠳᠠᠭ ᠪᠣᠯ》 ᠭᠡᠵᠦ ᠪᠣᠳᠣᠬᠤ ᠲᠡᠳᠦᠢ ᠳ᠋ᠦ᠍ ᠯᠡ ᠬᠠᠮᠤᠭ ᠪᠡᠶ᠎ᠡ ᠨᠢ ᠬᠠᠴᠢᠨ ᠪᠣᠯᠳᠠᠭ᠃ ᠨᠥᠭᠥᠭᠡᠲᠡᠭᠡᠭᠦᠷ᠂ ᠡᠩᠭᠡᠷ ᠵᠥᠷᠢᠭᠦᠯᠬᠦ ᠶ᠋ᠢ ᠳᠣᠲᠣᠷ᠎ᠠ ᠪᠠᠨ ᠤᠳᠠᠭᠠᠨ ᠬᠦᠰᠡᠨ ᠬᠦᠯᠢᠶᠡᠵᠦ ᠪᠠᠢᠭᠠᠳ ᠠᠩᠬ᠎ᠠ ᠤᠳᠠᠭ᠎ᠠ ᠨᠢᠴᠦᠭᠦᠨ ᠡᠮᠡᠭᠲᠡᠢ ᠬᠥᠮᠦᠨ ᠦ᠌ ᠪᠡᠶ᠎ᠡ ᠶ᠋ᠢ ᠨᠢᠳᠦ ᠪᠡᠷ ᠬᠠᠷᠠᠬᠤ ᠳ᠋ᠤ᠌ ᠰᠠᠷᠠᠯ ᠬᠦᠴᠦᠲᠡᠢ ᠬᠥᠳᠡᠯᠵᠦ ᠥᠪᠡᠷ ᠦ᠋ᠨ ᠡᠷᠬᠡ ᠦᠭᠡᠢ ᠬᠤᠷᠳᠤᠨ ᠳᠤᠷ᠎ᠠ ᠬᠠᠨᠳᠠᠭ᠃ ᠡᠢᠮᠦ ᠪᠠᠢᠳᠠᠯ ᠪᠡᠯᠭᠡ ᠶ᠋ᠢᠨ ᠬᠠᠷᠢᠴᠠᠭ᠎ᠠ ᠵᠢᠭᠳᠡᠷᠡᠵᠦ᠂ ᠲᠣᠭᠲᠠᠮᠠᠯᠵᠢᠬᠤ ᠬᠦᠷᠲᠡᠯ᠎ᠡ ᠬᠠᠳᠠᠭᠠᠯᠠᠭᠳᠠᠨ᠎ᠠ᠃
       ᠠᠩᠬ᠎ᠠ ᠤᠳᠠᠭ᠎ᠠ ᠡᠮᠡᠭᠲᠡᠢ ᠬᠥᠮᠦᠨ ᠦ᠌ ᠪᠠᠷᠠᠭ᠎ᠠ ᠬᠠᠷᠠᠵᠤ ᠬᠡᠷᠬᠢᠬᠦ ᠡᠪ ᠢ᠋ᠶ᠋ᠡᠨ ᠣᠯᠬᠤ ᠦᠭᠡᠢ ᠪᠤᠳᠤᠯᠢᠨ ᠰᠠᠭᠤᠭ᠎ᠠ ᠵᠠᠯᠠᠭᠤ ᠬᠠᠷ᠎ᠠ ᠬᠦᠦ ᠪᠢᠲᠡᠭᠡᠢ ᠬᠡᠯᠡ᠂ ᠬᠠᠨᠢ ᠲᠠᠢ ᠪᠣᠯᠤᠭᠠᠳ ᠨᠡᠯᠢᠶᠡᠳ ᠬᠡᠳᠦᠨ ᠵᠢᠯ ᠦ᠋ᠨ ᠨᠢᠭᠤᠷ ᠦᠵᠡᠭᠰᠡᠨ ᠬᠠᠰᠢᠷ ᠳᠣᠬᠢ ᠨᠢᠭᠡ ᠨᠢ ᠬᠦᠷᠲᠡᠯ᠎ᠡ ᠡᠩᠭᠡᠷ ᠵᠥᠷᠢᠭᠦᠯᠬᠦ ᠦᠭᠡᠢ ᠤᠳᠠᠪᠠᠯ ᠮᠥᠨ ᠯᠡ ᠡᠢᠮᠦ《ᠵᠣᠪᠠᠯᠠᠩ》 ᠲᠠᠢ ᠤᠴᠠᠷᠠᠨ᠎ᠠ᠃ ᠢᠩᠭᠢᠬᠦᠯᠡᠷ ᠬᠤᠷᠳᠤᠨ ᠬᠠᠩᠬᠤ ᠭᠡᠭᠴᠢ ᠡᠪᠡᠳᠴᠢᠨ ᠵᠣᠪᠠᠯᠠᠩ ᠪᠢᠰᠢ᠂ ᠣᠯᠠᠨ ᠬᠣᠨᠣᠭ ᠰᠠᠷ᠎ᠠ ᠰᠣᠢᠭᠳᠠᠭᠰᠠᠨ ᠤ᠋ ᠬᠢ ᠠᠵᠤᠭᠤ᠃ ᠬᠤᠷᠢᠴᠠᠯ ᠤ᠋ᠨ ᠲᠣᠭ᠎ᠠ ᠤᠯᠠᠮ ᠣᠯᠠᠳᠠᠬᠤ ᠲᠣᠰᠤᠮ ᠲᠡᠭᠦᠨ ᠦ᠌ ᠦᠷᠭᠦᠯᠵᠢᠯᠡᠬᠦ ᠬᠤᠭᠤᠴᠠᠭ᠎ᠠ ᠤᠷᠲᠤᠰᠴᠤ ᠲᠣᠭ᠎ᠠ ᠨᠢ ᠴᠥᠭᠡᠳᠬᠦ ᠲᠣᠰᠤᠮ ᠦᠷᠭᠦᠯᠵᠢᠯᠡᠬᠦ ᠬᠤᠭᠤᠴᠠᠭ᠎ᠠ ᠨᠢ ᠪᠣᠭᠣᠨᠢᠰᠳᠠᠭ ᠵᠢᠮ᠎ᠡ ᠲᠡᠢ ᠶ᠋ᠢ ᠬᠥᠮᠦᠨ ᠪᠦᠬᠦᠨ ᠣᠢᠯᠭᠠᠬᠤ ᠬᠡᠷᠡᠭᠲᠡᠢ᠃ ᠡᠢᠮᠦ ᠡᠴᠡ ᠪᠡᠯᠭᠡ ᠶ᠋ᠢᠨ ᠠᠮᠢᠳᠤᠷᠠᠯ ᠳ᠋ᠤ᠌ ᠠᠩᠬ᠎ᠠ《ᠬᠥᠯ ᠭᠢᠰᠬᠢᠵᠦ》 ᠪᠠᠢᠭ᠎ᠠ ᠡᠷ᠎ᠡ ᠬᠥᠮᠦᠨ ᠦ᠌《ᠵᠣᠪᠠᠯᠠᠩ》 ᠢ᠋ ᠣᠢᠯᠭᠠᠬᠤ ᠦᠭᠡᠢ᠂《ᠴᠢ ᠴᠢᠳᠠᠳᠠᠭ ᠦᠭᠡᠢ ᠶᠦᠮ ᠤᠤ! ᠶᠠᠭᠠᠬᠢᠭᠰᠠᠨ ᠪᠤᠯᠢᠴᠢᠬᠠᠭᠰᠠᠨ ᠡᠷ᠎ᠡ ᠪᠣᠢ?》 ᠭᠡᠪᠡᠯ ᠡᠭᠦᠨ ᠰᠢᠭ ᠬᠠᠲᠠᠭᠤ ᠦᠭᠡ ᠡᠷ᠎ᠡ ᠬᠥᠮᠦᠨ ᠳ᠋ᠦ᠍ ᠥᠷᠲᠥᠨ᠎ᠡ ᠭᠡᠵᠦ ᠤᠤ! ᠶᠡᠷᠦᠨᠢ ᠠᠮᠢᠳᠤᠷᠠᠯ ᠳ᠋ᠤ᠌ ᠡᠮᠡᠭᠲᠡᠢ ᠬᠥᠮᠦᠨ ᠡᠷ᠎ᠡ ᠨᠥᠬᠥᠷ ᠢ᠋ᠶ᠋ᠡᠨ ᠲᠣᠭᠯᠠᠭᠠᠮ ᠱᠣᠭᠯᠠᠭᠠᠮ ᠢ᠋ᠶ᠋ᠠᠷ ᠴᠦ᠍ ᠶᠤᠮ ᠤᠤ᠂ ᠬᠣᠶᠠᠭᠤᠯᠠᠬᠠᠨ ᠢ᠋ᠶ᠋ᠠᠨ ᠪᠠᠢᠬᠤ ᠳ᠋ᠤ᠌ ᠴᠦ᠍ ᠶᠤᠮ ᠤᠤ᠂ ᠲᠡᠷᠡ ᠲᠣᠰᠤᠮ ᠢ᠋ᠶ᠋ᠠᠨ ᠭᠠᠳᠠᠨᠠᠬᠢ ᠬᠥᠮᠦᠨ ᠦ᠌ ᠳᠡᠷᠭᠡᠳᠡ《ᠴᠢᠳᠠᠳᠠᠭ ᠴᠢᠳᠠᠳᠠᠭ ᠦᠭᠡᠢ》 ᠪᠡᠷ ᠨᠢ ᠵᠢᠮᠡᠯᠡᠬᠦ᠂ ᠡᠯᠡᠭᠯᠡᠬᠦ ᠶ᠋ᠢᠨ ᠠᠯᠢ ᠨᠢ ᠴᠦ᠍ ᠪᠠᠢᠵᠤ ᠪᠣᠯᠬᠤ ᠦᠭᠡᠢ ᠵᠦᠢᠯ᠃ ᠡᠨᠡ ᠪᠣᠯ ᠡᠷ᠎ᠡ ᠬᠥᠮᠦᠨ ᠦ᠌ ᠰᠡᠳᠬᠢᠯ ᠳ᠋ᠦ᠍ ᠶᠠᠭᠤᠲᠠᠢ ᠴᠦ᠍ ᠵᠦᠢᠷᠯᠡᠰᠢ ᠦᠭᠡᠢ ᠬᠦᠴᠦᠲᠡᠢ ᠰᠡᠳᠬᠢᠯ ᠦ᠋ᠨ ᠴᠣᠬᠢᠯᠲᠠ ᠥᠭᠭᠦᠨ᠎ᠡ᠃ ᠬᠠᠢᠷ᠎ᠠ ᠲᠠᠢ ᠳᠤᠷ᠎ᠠ ᠲᠠᠢ ᠭᠡᠳ ᠰᠠᠭᠤᠭᠰᠠᠨ ᠠ᠋ᠴᠠ ᠬᠣᠢᠰᠢ ᠬᠠᠨᠢᠯᠠᠭᠰᠠᠨ ᠬᠠᠨᠢ ᠶ᠋ᠢᠨ ᠵᠣᠪᠠᠬᠤ᠂ ᠵᠦᠳᠡᠷᠡᠬᠦ ᠴᠠᠭ ᠲᠤ᠌ ᠨᠢ ᠡᠮᠡᠭᠲᠡᠢ ᠬᠥᠮᠦᠨ ᠦ᠌ ᠰᠡᠳᠬᠢᠯ ᠢ᠋ᠶ᠋ᠡᠷ ᠲᠤᠰᠠ ᠳᠠᠮ ᠪᠣᠯᠪᠠᠯ ᠡᠷ᠎ᠡ ᠬᠥᠮᠦᠨ ᠬᠡᠴᠢᠨᠡᠨ ᠶᠡᠬᠡ ᠪᠠᠶᠠᠷᠯᠠᠬᠤ ᠪᠣᠯ ᠠ᠋᠃ ᠠᠮᠠᠷᠠᠭ ᠰᠡᠳᠬᠢᠯ ᠢ᠋ᠶ᠋ᠡᠷ ᠲᠣᠯᠣᠭᠠᠢ ᠬᠣᠯᠪᠣᠵᠤ ᠠᠵᠠᠢ ᠪᠤᠭᠤᠷᠤᠯ ᠪᠣᠯᠲᠠᠯ᠎ᠠ ᠪᠠᠨ ᠡᠮᠡᠭᠲᠡᠢ ᠬᠥᠮᠦᠨ ᠡᠷ᠎ᠡ ᠨᠥᠬᠥᠷ ᠦ᠋ᠨ ᠢ᠋ᠶ᠋ᠡᠨ ᠪᠡᠯᠭᠡ ᠶ᠋ᠢᠨ ᠴᠢᠯᠬ᠎ᠠ ᠶ᠋ᠢ ᠬᠡᠵᠢᠶ᠎ᠡ ᠴᠦ᠍ ᠳᠤᠲᠠᠭᠤ ᠦᠨᠡᠯᠡᠵᠦ ᠪᠣᠯᠬᠤ ᠦᠭᠡᠢ ᠡᠬᠡᠨᠡᠷ ᠦ᠋ᠨ ᠢ᠋ᠶ᠋ᠡᠨ ᠤᠷᠮ᠎ᠠ ᠬᠠᠢᠷᠠᠯᠠᠭᠰᠠᠨ ᠦᠭᠡᠨ ᠳ᠋ᠦ᠍ ᠡᠷ᠎ᠡ ᠬᠥᠮᠦᠨ ᠦ᠌ ᠰᠡᠳᠬᠢᠯ ᠨᠢ ᠰᠡᠷᠭᠦᠵᠦ᠂ ᠳᠤᠷ᠎ᠠ ᠬᠦᠰᠡᠯ ᠨᠢ ᠤᠯᠠᠮ ᠠᠰᠠᠨ᠎ᠠ᠃  
       ᠡᠮᠡᠭᠲᠡᠢ ᠬᠥᠮᠦᠨ ᠦ᠌ ᠬᠤᠪᠢ ᠳ᠋ᠤ᠌ ᠠᠩᠬᠠᠨ ᠤ᠋ ᠰᠥᠨᠢ᠂ ᠠᠩᠬᠠᠨ ᠤ᠋ ᠣᠢᠷᠠᠳᠤᠯᠲᠠ ᠪᠦᠷ ᠴᠦ᠍ ᠬᠡᠴᠡᠭᠦᠦ᠃ ᠶᠡᠷᠦᠨᠢ ᠠᠩᠬᠠᠨ ᠤ᠋ ᠶᠠᠭᠤᠮ᠎ᠠ ᠪᠦᠬᠦᠨ ᠡᠮᠡᠭᠲᠡᠢ ᠬᠥᠮᠦᠨ ᠳ᠋ᠦ᠍(ᠠᠩᠬᠠᠨ ᠤ᠋ ᠰᠠᠷ᠎ᠠ ᠶ᠋ᠢᠨ ᠲᠡᠮᠳᠡᠭ᠂ ᠠᠩᠬᠠᠨ ᠤ᠋ ᠰᠥᠨᠢ᠂ ᠠᠩᠬᠠᠨ ᠤ᠋ ᠲᠦᠷᠦᠯᠲᠡ) ᠠᠶᠤᠮᠰᠢᠭᠲᠠᠢ ᠰᠠᠨᠠᠭᠳᠠᠵᠤ ᠠᠢᠳᠠᠰ ᠲᠦᠷᠦᠭᠦᠯᠡᠵᠦ ᠪᠠᠢᠳᠠᠭ᠃ ᠠᠷᠢᠭᠤᠨ ᠪᠡᠶ᠎ᠡ ᠦᠨᠡᠨᠴᠢ ᠬᠠᠢᠷ᠎ᠠ ᠪᠠᠨ ᠵᠢᠷᠭᠠᠬᠤ ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠥᠬᠢᠨ ᠬᠥᠮᠦᠨ ᠳ᠋ᠦ᠍ ᠨᠢᠭᠡ ᠲᠠᠯ᠎ᠠ ᠠ᠋ᠴᠠ ᠪᠡᠶ᠎ᠡ ᠶ᠋ᠢᠨ᠂ ᠨᠥᠭᠦᠭᠡ ᠲᠠᠯ᠎ᠠ ᠠ᠋ᠴᠠ ᠰᠡᠳᠬᠢᠯ ᠵᠦᠢ ᠶ᠋ᠢᠨ ᠬᠣᠶᠠᠷ ᠬᠡᠴᠡᠭᠦᠦ ᠪᠡᠷᠬᠡ《ᠳᠠᠪᠠᠭ᠎ᠠ》 ᠲᠤᠯᠭᠠᠷᠠᠳᠠᠭ᠃ ᠤᠷᠢᠳᠤ ᠡᠮᠦᠨ᠎ᠡ ᠨᠢ ᠪᠡᠶ᠎ᠡ ᠪᠡᠷ ᠦᠵᠡᠭᠡ ᠦᠭᠡᠢ᠂ ᠮᠡᠳᠡᠬᠦ ᠦᠭᠡᠢ ᠶᠠᠭᠤᠮ᠎ᠠ ᠭᠡᠳᠡᠭ ᠲᠡᠭᠦᠨ ᠦ᠌ ᠰᠡᠳᠬᠢᠯ ᠵᠦᠢ ᠳ᠋ᠦ᠍ ᠬᠦᠨᠳᠦ ᠲᠤᠰᠬᠤ ᠨᠢ ᠠᠷᠭ᠎ᠠ ᠦᠭᠡᠢ᠃ ᠲᠡᠷᠡ ᠲᠣᠰᠤᠮ ᠢ᠋ᠶ᠋ᠠᠨ ᠥᠬᠢᠨ ᠭᠡᠳᠡᠭ ᠡᠩᠬᠦᠷᠡᠢ ᠨᠡᠷ᠎ᠡ ᠡᠴᠡ ᠪᠡᠨ ᠣᠷᠴᠢᠯᠠᠩ ᠤ᠋ᠨ ᠵᠢᠮ᠎ᠡ ᠪᠡᠷ ᠬᠠᠰᠤᠭᠳᠠᠵᠤ ᠪᠠᠢᠭ᠎ᠠ ᠪᠦᠰᠡᠭᠦᠢ ᠬᠥᠮᠦᠨ ᠦ᠌ ᠳᠣᠲᠣᠷ᠎ᠠ ᠠᠶᠤᠬᠤ᠂ ᠭᠠᠢᠬᠠᠬᠤ ᠵᠡᠷᠭᠡᠴᠡᠨ᠂ ᠬᠣᠷᠸ᠎ᠠ ᠳᠡᠯᠡᠬᠡᠢ ᠲᠡᠷᠡ ᠴᠢᠭ ᠢ᠋ᠶ᠋ᠡᠷ ᠢ᠋ᠶ᠋ᠡᠨ ᠬᠠᠵᠠᠢᠴᠢᠬᠠᠬᠤ ᠰᠢᠭ᠋ ᠰᠠᠨᠠᠭᠳᠠᠨ᠎ᠠ᠃ ᠡᠮᠡᠭᠲᠡᠢ ᠬᠥᠮᠦᠨ ᠠᠩᠬᠠᠨ ᠤ᠋ ᠰᠥᠨᠢ ᠡᠢᠮᠦ ᠯᠡ ᠡᠮᠵᠡᠭᠬᠡᠨ ᠪᠠᠢᠳᠠᠭ᠃ ᠡᠢᠮᠦ ᠡᠴᠡ ᠡᠷᠡᠭᠲᠡᠢ ᠬᠥᠮᠦᠨ ᠬᠠᠢᠷ᠎ᠠ ᠰᠡᠳᠬᠢᠯ ᠢ᠋ᠶ᠋ᠡᠷ ᠲᠦᠷᠦᠭᠦᠦ ᠪᠠᠷᠢᠵᠤ᠂ ᠬᠠᠪᠢᠳᠠᠵᠤ ᠣᠢᠷᠠᠳᠬᠤ ᠶ᠋ᠢ ᠤᠷᠢᠳᠠᠯ ᠪᠣᠯᠭᠠᠬᠤ ᠶ᠋ᠢᠨ ᠣᠷᠣᠨ ᠳ᠋ᠤ᠌ ᠥᠪᠡᠷ ᠲᠡᠭᠡᠨ ᠨᠣᠭᠳᠠᠵᠤ ᠪᠠᠢᠭ᠎ᠠ ᠡᠭᠦᠷᠭᠡ ᠬᠠᠷᠢᠭᠤᠴᠠᠯᠭ᠎ᠠ ᠪᠠᠨ ᠰᠠᠢᠲᠤᠷ ᠤᠬᠠᠭᠠᠷᠠᠵᠤ ᠪᠦᠰᠡᠭᠦᠢ ᠬᠥᠮᠦᠨ ᠢ᠋ ᠬᠠᠢᠷᠠᠯᠠᠬᠤ᠂ ᠡᠷᠬᠢᠮᠯᠡᠨ ᠳᠡᠭᠡᠳᠦᠯᠡᠬᠦ ᠢᠯᠪᠢ ᠤᠬᠠᠭᠠᠨ ᠳ᠋ᠤ᠌ ᠲᠡᠭᠦᠰ ᠲᠡᠭᠦᠯᠳᠡᠷ ᠪᠣᠯᠪᠠᠰᠤᠷᠠᠭᠰᠠᠨ ᠪᠠᠢᠬᠤ ᠤᠴᠢᠷ ᠲᠠᠢ᠃ ᠲᠡᠭᠡᠭᠰᠡᠨ ᠴᠠᠭ ᠲᠤ᠌ ᠡᠮᠡᠭᠲᠡᠢ ᠬᠥᠮᠦᠨ ᠳ᠋ᠦ᠍ ᠠᠩᠬᠠᠨ ᠤ᠋ ᠣᠢᠷᠠᠳᠤᠯᠲᠠ ᠪᠠᠢᠭᠠᠯᠢ ᠶ᠋ᠢᠨ ᠵᠢᠮ᠎ᠡ ᠶᠣᠰᠣ ᠪᠣᠯᠤᠨ ᠵᠥᠪ ᠵᠦᠭᠡᠷ ᠥᠩᠭᠡᠷᠡᠨ᠎ᠡ᠃ ᠭᠡᠲᠡᠯ᠎ᠡ ᠠᠩᠬᠠᠨ ᠤ᠋ ᠣᠢᠷᠠᠳᠤᠯᠲᠠ ᠶ᠋ᠢᠨ ᠳᠠᠷᠠᠭ᠎ᠠ ᠡᠮᠡᠭᠲᠡᠢ ᠬᠥᠮᠦᠨ ᠦ᠌ ᠤᠷᠮ᠎ᠠ ᠬᠤᠭᠤᠷᠠᠵᠤ ᠬᠠᠷᠠᠭᠤᠰᠤᠨ ᠬᠠᠯᠬᠠᠯᠠᠬᠤ ᠲᠡᠷᠡ ᠪᠦᠦ ᠬᠡᠯᠡ ᠡᠷᠡᠭᠲᠡᠢ ᠬᠥᠮᠦᠨ ᠢ᠋ ᠵᠢᠭᠰᠢᠨ ᠵᠢᠪᠡᠭᠦᠴᠡᠬᠦ ᠰᠡᠳᠬᠢᠯ ᠲᠥᠷᠥᠬᠦ ᠨᠢ ᠴᠥᠭᠡᠨ ᠦᠭᠡᠢ᠂ ᠡᠨᠡ ᠪᠣᠯ ᠨᠢᠭᠡ ᠲᠠᠯ᠎ᠠ ᠪᠠᠷ ᠡᠷᠡᠭᠲᠡᠢ ᠬᠥᠮᠦᠨ ᠦ᠌ ᠬᠠᠢᠷ᠎ᠠ ᠰᠡᠳᠬᠢᠯ ᠦ᠋ᠨ ᠪᠢᠴᠢᠭᠳᠡᠭᠡ ᠦᠭᠡᠢ ᠬᠠᠤᠯᠢ ᠶ᠋ᠢ ᠪᠦᠳᠦᠭᠦᠯᠢᠭ ᠢ᠋ᠶ᠋ᠡᠷ ᠵᠥᠷᠢᠴᠡᠵᠦ᠂ ᠵᠥᠪᠬᠡᠨ ᠬᠦᠰᠡᠯ ᠢ᠋ᠶ᠋ᠡᠨ ᠯᠡ ᠬᠠᠩᠭᠠᠬᠤ ᠶ᠋ᠢ ᠡᠷᠡᠮᠡᠯᠵᠡᠨ᠂ ᠬᠦᠴᠦ ᠪᠡᠷ ᠲᠦᠷᠦᠭᠦᠦ ᠪᠠᠷᠢᠭᠰᠠᠨ ᠲᠠᠢ ᠬᠣᠯᠪᠣᠭ᠎ᠠ ᠲᠠᠢ᠂ ᠨᠥᠭᠦᠭᠡ ᠲᠠᠯ᠎ᠠ ᠠ᠋ᠴᠠ ᠡᠴᠢᠭᠡ ᠡᠬᠡᠴᠦᠳ᠂ ᠪᠠᠭᠰᠢ᠂ ᠡᠮᠴᠢ ᠨᠠᠷ ᠥᠬᠢᠳ ᠬᠥᠪᠡᠭᠦᠳ ᠲᠦ᠍ ᠭᠡᠷ ᠪᠦᠯᠢ᠂ ᠡᠷ᠎ᠡ ᠡᠮ᠎ᠡ ᠶ᠋ᠢᠨ ᠶᠣᠰᠣᠨ ᠤ᠋ ᠵᠣᠬᠢᠬᠤ ᠬᠥᠮᠦᠵᠢᠯ᠂ ᠮᠡᠳᠡᠯᠭᠡ ᠣᠯᠭᠣᠬᠤ ᠦᠭᠡᠢ᠂ ᠬᠥᠮᠦᠨ ᠦ᠌ ᠠᠮᠢᠳᠤᠷᠠᠯ ᠤ᠋ᠨ ᠵᠠᠢᠯᠠᠪᠤᠷᠢ ᠦᠭᠡᠢ ᠳᠠᠭᠠᠷᠢᠵᠤ ᠭᠠᠷᠳᠠᠭ ᠵᠢᠮ᠎ᠡ ᠶᠣᠰᠣ ᠭᠡᠳᠡᠭ ᠢ᠋ ᠡᠯᠢᠭᠡᠰᠡᠭ ᠳᠣᠲᠣᠨᠣ᠂ ᠡᠩ ᠦ᠋ᠨ ᠪᠠᠢᠳᠠᠯ ᠢ᠋ᠶ᠋ᠠᠷ ᠲᠠᠢᠯᠪᠤᠷᠢᠯᠠᠨ ᠬᠡᠯᠡᠵᠦ ᠥᠭᠭᠦᠭᠡ ᠦᠭᠡᠢ ᠲᠡᠢ ᠰᠠᠯᠤᠰᠢ ᠦᠭᠡᠢ ᠬᠣᠯᠪᠣᠭ᠎ᠠ ᠲᠠᠢ᠃ 
       ᠭᠡᠷ ᠪᠦᠯᠢ ᠶ᠋ᠢᠨ ᠬᠤᠪᠢ ᠵᠠᠶᠠᠭ᠎ᠠ ᠠᠩᠬᠠᠨ ᠤ᠋ ᠰᠥᠨᠢ ᠡᠴᠡ ᠶᠡᠬᠡᠬᠡᠨ ᠰᠢᠯᠲᠠᠭᠠᠯᠠᠳᠠᠭ ᠤᠴᠢᠷ ᠠ᠋ᠴᠠ ᠲᠡᠭᠦᠨ ᠳ᠋ᠦ᠍ ᠡᠷᠡᠭᠲᠡᠢ ᠬᠥᠮᠦᠨ ᠬᠥᠩᠭᠡᠮᠰᠦᠭ᠂ ᠬᠠᠭᠤᠮᠠᠭᠠᠢ ᠬᠠᠨᠳᠤᠵᠤ ᠬᠡᠷᠬᠢᠪᠡᠴᠦ ᠪᠣᠯᠬᠤ ᠦᠭᠡᠢ᠃ ᠡᠷᠢᠶᠡᠨ ᠪᠠᠷᠠᠭᠠᠨ ᠥᠩᠭᠡᠲᠡᠢ ᠠᠮᠢᠳᠤᠷᠠᠯ ᠳ᠋ᠤ᠌ ᠣᠭᠲᠣ ᠠᠯᠳᠠᠬᠤ ᠦᠭᠡᠢ ᠲᠠᠩᠳᠠ ᠤᠨᠤᠬᠤ ᠶ᠋ᠢᠨ ᠪᠠᠲᠤᠯᠠᠭ᠎ᠠ ᠬᠡᠨ ᠳ᠋ᠦ᠍ ᠴᠦ᠍ ᠦᠭᠡᠢ᠃ ᠲᠡᠢᠮᠦ ᠪᠣᠯᠬᠣᠷ ᠠᠯᠳᠠᠵᠤ ᠤᠨᠤᠬᠤ ᠨᠢ ᠪᠠᠢᠳᠠᠭ ᠶᠠᠭᠤᠮ᠎ᠠ ᠪᠠᠨ ᠭᠡᠭᠡᠬᠦ ᠳ᠋ᠦ᠍ ᠠᠩᠬᠠᠨ ᠤ᠋ ᠰᠥᠨᠢ ᠶ᠋ᠢᠨ ᠶᠠᠪᠤᠳᠠᠯ ᠠ᠋ᠴᠠ ᠬᠣᠢᠰᠢ ᠡᠮᠡᠭᠲᠡᠢ ᠬᠥᠮᠦᠨ ᠦ᠌ ᠳᠣᠲᠣᠷ᠎ᠠ ᠡᠷ᠎ᠡ ᠬᠥᠮᠦᠨ ᠢ᠋ ᠦᠵᠡᠨ ᠶᠠᠳᠠᠬᠤ᠂ ᠵᠢᠭᠰᠢᠨ ᠵᠢᠪᠡᠭᠦᠴᠡᠬᠦ ᠰᠡᠳᠬᠢᠯ ᠦᠯᠡᠳᠡᠵᠦ ᠬᠣᠴᠣᠷᠪᠠᠯ ᠮᠣᠷᠳᠠᠬᠤ ᠶ᠋ᠢᠨ ᠬᠠᠵᠠᠭᠠᠢ ᠭᠡᠭᠴᠢ ᠪᠡᠷ ᠭᠡᠷ ᠪᠦᠯᠢ ᠶ᠋ᠢᠨ ᠴᠢᠨᠠᠭᠰᠢᠳᠠ ᠶ᠋ᠢᠨ ᠬᠤᠪᠢ ᠵᠠᠶᠠᠭ᠎ᠠ ᠳ᠋ᠤ᠌ ᠮᠠᠭᠤ ᠪᠠᠷ ᠨᠥᠯᠥᠭᠡᠯᠡᠨ᠎ᠡ᠃ ᠡᠨᠡ ᠬᠣᠷᠸ᠎ᠠ ᠳ᠋ᠤ᠌ ᠠᠩᠬ᠎ᠠ ᠡᠩᠭᠡᠷ ᠵᠥᠷᠢᠭᠦᠯᠦᠭᠰᠡᠨ ᠬᠥᠮᠦᠨ ᠲᠡᠢ ᠪᠡᠨ ᠠᠮᠢᠳᠤᠷᠠᠨ ᠰᠠᠭᠤᠵᠤ ᠪᠠᠢᠭ᠎ᠠ ᠬᠥᠮᠦᠨ ᠠᠯᠢ ᠬᠢᠷᠢ ᠣᠯᠠᠨ ᠪᠠᠢᠳᠠᠭ ᠪᠣᠯ? ᠭᠡᠳᠡᠭ ᠢ᠋ ᠰᠤᠳᠤᠯᠤᠨ ᠦᠵᠡᠬᠦ ᠳ᠋ᠦ᠍᠂ ᠰᠤᠳᠤᠯᠭᠠᠨ ᠳ᠋ᠤ᠌ ᠬᠠᠮᠤᠷᠤᠭᠳᠠᠭᠰᠠᠨ ᠡᠮᠡᠭᠲᠡᠢᠴᠦᠳ ᠦ᠋ᠨ46.3 ᠬᠤᠪᠢ ᠵᠠᠶᠠᠭ᠎ᠠ ᠠᠮᠢᠳᠤᠷᠠᠯ ᠳ᠋ᠠᠭᠠᠨ ᠠᠯᠳᠠᠵᠠᠢ᠃ ᠡᠨᠡ ᠨᠢ ᠶᠡᠬᠡᠪᠴᠢᠯᠡᠨ ᠴᠢᠨᠠᠳᠤ ᠬᠥᠮᠦᠨ ᠢ᠋ᠶ᠋ᠡᠨ ᠰᠠᠢᠨ ᠲᠠᠨᠢᠵᠤ ᠮᠡᠳᠡᠭᠡ ᠦᠭᠡᠢ ᠪᠠᠢᠵᠤ ᠠᠮᠢᠳᠤᠷᠠᠯ ᠳ᠋ᠤ᠌ ᠡᠷᠲᠡ ᠣᠷᠣᠭᠰᠠᠨ ᠲᠠᠢ ᠬᠣᠯᠪᠣᠭ᠎ᠠ ᠲᠠᠢ᠃ ᠡᠢᠮᠦ ᠳ᠋ᠦ᠍ ᠥᠬᠢᠨ ᠪᠡᠶ᠎ᠡ ᠪᠡᠨ ᠬᠥᠨᠳᠡᠬᠦ ᠨᠠᠰᠤᠨ ᠤ᠋ ᠬᠠᠨᠢ ᠲᠠᠢ ᠪᠠᠨ ᠤᠴᠠᠷᠠᠵᠤ ᠭᠠᠯ ᠭᠣᠯᠣᠮᠲᠠ ᠪᠠᠨ ᠠᠰᠠᠭᠠᠨ ᠳᠡᠷ᠎ᠡ ᠨᠡᠢᠯᠡᠭᠦᠯᠬᠦ ᠬᠦᠷᠲᠡᠯ᠎ᠡ ᠪᠡᠨ ᠥᠬᠢᠨ ᠨᠡᠷ᠎ᠡ ᠲᠥᠷᠥ ᠪᠡᠨ ᠬᠠᠮᠠᠭᠠᠯᠠᠵᠤ ᠶᠠᠪᠤᠬᠤ ᠶ᠋ᠢ ᠡᠷᠬᠢᠮᠯᠡ᠃ ᠶᠠᠭᠠᠷᠠᠪᠠᠯ ᠲᠠᠭᠠᠷᠳᠠᠭ ᠬᠣᠷᠸ᠎ᠠ ᠬᠣᠢᠨ᠎ᠠ ᠥᠬᠢᠨ ᠢ᠋ᠶ᠋ᠡᠨ ᠬᠠᠰᠢᠷ ᠬᠡᠷᠡᠰᠦ ᠪᠣᠯᠭᠠᠨ ᠬᠥᠮᠦᠵᠢᠭᠦᠯᠬᠦ ᠨᠢ ᠲᠤᠩ ᠴᠢᠬᠤᠯᠠ᠃ ᠲᠡᠭᠡᠬᠦ ᠠᠮᠢᠳᠤᠷᠠᠯ ᠦᠵᠡᠵᠦ ᠬᠣᠣᠰ ᠤ᠋ᠨ ᠵᠢᠷᠭᠠᠯ ᠡᠳ᠋ᠯᠡᠭᠡ ᠦᠭᠡᠢ ᠪᠠᠢᠬᠤ ᠳ᠋ᠠᠭᠠᠨ ᠪᠤᠲᠠᠴᠢ ᠦᠷ᠎ᠡ ᠲᠡᠪᠡᠷᠢᠨ ᠰᠡᠳᠬᠢᠯ ᠦ᠋ᠨ ᠵᠣᠪᠠᠯᠠᠩ ᠳ᠋ᠤ᠌ ᠤᠨᠠᠵᠤ ᠮᠡᠳᠡᠬᠦ ᠶ᠋ᠢ ᠬᠡᠨ ᠤᠷᠢᠳᠠ ᠨᠢ ᠳᠠᠭᠠᠬᠤ ᠪᠢᠯᠡ᠃ ᠭᠠᠢ ᠭᠠᠵᠠᠷ ᠳᠣᠣᠷ᠎ᠠ ᠠ᠋ᠴᠠ ᠭᠡᠳᠡᠭ ᠢ᠋ᠶ᠋ᠡᠷ ᠥᠬᠢᠨ ᠬᠥᠮᠦᠨ ᠨᠢᠭᠡ ᠭᠱᠠᠨ ᠳ᠋ᠤ᠌ ᠠᠯᠳᠠᠳᠠᠭ ᠶᠤᠮ ᠰᠢᠦ᠃ ᠬᠠᠷᠠᠮᠰᠠᠯᠲᠠᠢ ᠨᠢ ᠠᠩᠬᠠᠨ ᠤ᠋ ᠰᠥᠨᠢ ᠠᠬᠢᠭᠠᠳ ᠬᠡᠵᠢᠶ᠎ᠡ ᠴᠦ᠍ ᠡᠷᠭᠢᠵᠦ ᠢᠷᠡᠬᠦ ᠦᠭᠡᠢ᠃ ᠬᠡᠷᠪᠡ ᠢᠲᠡᠭᠡᠵᠦ ᠨᠠᠢᠳᠠᠵᠤ ᠶᠠᠪᠤᠭᠰᠠᠨ ᠬᠥᠮᠦᠨ ᠴᠢᠨᠢ ᠠᠮᠠᠯᠠᠭᠰᠠᠨ ᠠᠨᠳᠠᠭᠠᠢ ᠲᠠᠩᠭᠠᠷᠢᠭ ᠠ᠋ᠴᠠ ᠪᠠᠨ ᠨᠢᠴᠤᠵᠤ᠂ ᠢᠲᠡᠭᠡᠯ ᠡᠪᠳᠡᠪᠡᠯ ᠬᠠᠭᠤᠷᠲᠠᠭᠰᠠᠨ ᠳ᠋ᠠᠭᠠᠨ ᠬᠠᠷᠠᠮᠰᠠᠨ ᠬᠠᠯᠬᠠᠯᠠᠵᠤ᠂ ᠶᠣᠰᠣᠲᠠᠢ ᠶᠠᠭᠠᠬᠢᠬᠤ ᠤᠴᠢᠷ ᠢ᠋ᠶ᠋ᠠᠨ ᠣᠯᠬᠤ ᠦᠭᠡᠢ᠂ ᠵᠦᠳᠡᠵᠦ ᠶᠠᠪᠤᠭᠰᠠᠨ ᠵᠠᠮ ᠠ᠋ᠴᠠ ᠪᠠᠨ ᠬᠠᠵᠠᠢᠭᠠᠳ ᠶᠠᠪᠤᠴᠢᠬᠠᠮᠠᠷ ᠰᠠᠨᠠᠭᠳᠠᠵᠤ ᠪᠣᠯᠤᠨ᠎ᠠ᠃ ᠲᠡᠷᠡ ᠴᠠᠭ ᠲᠤ᠌ ᠶᠠᠭᠠᠬᠢᠬᠤ ᠶᠣᠰᠣᠲᠠᠢ ᠪᠣᠢ? ᠨᠢᠳᠦ ᠪᠡᠨ ᠣᠯᠤᠭ᠎ᠠ ᠦᠭᠡᠢ ᠠᠩᠬᠠᠨ ᠤ᠋ ᠬᠠᠢᠷ᠎ᠠ ᠠᠯᠢ ᠶ᠋ᠢ ᠨᠢ ᠲᠡᠷᠡ ᠭᠡᠬᠦᠪ᠃ ᠲᠡᠢᠮᠦ ᠡᠴᠡ ᠥᠪᠡᠷ ᠲᠡᠭᠡᠨ ᠭᠤᠲᠤᠷᠠᠵᠤ ᠭᠤᠨᠢᠯ ᠦᠭᠡᠢ᠂ ᠪᠡᠶ᠎ᠡ ᠰᠡᠳᠬᠢᠯ ᠢ᠋ᠶ᠋ᠡᠨ ᠪᠠᠷᠢᠵᠤ᠂ ᠲᠡᠭᠡᠬᠦ ᠲᠣᠰᠤᠮ ᠥᠪᠡᠷ ᠢ᠋ ᠪᠡᠨ ᠤᠯᠠᠮ ᠥᠭᠡᠳᠡ ᠲᠠᠲᠠᠵᠤ᠂ ᠢᠷᠡᠭᠡᠳᠦᠢ ᠶ᠋ᠢᠨ ᠰᠠᠢᠨ ᠰᠠᠢᠬᠠᠨ ᠤ᠋ ᠪᠠᠨ ᠲᠥᠯᠥᠭᠡ ᠲᠡᠮᠡᠦᠯᠬᠦ ᠰᠡᠳᠬᠢᠯ ᠦ᠋ᠨ ᠲᠡᠩᠬᠡᠭᠡ ᠲᠠᠢ ᠯᠠ ᠪᠠᠢᠬᠤ ᠬᠡᠷᠡᠭᠲᠡᠢ᠃ ᠥᠨᠥᠳᠥᠷ ᠠᠯᠳᠠᠭᠰᠠᠨ ᠴᠦ᠍ ᠮᠠᠷᠭᠠᠰᠢ ᠵᠠᠶᠠᠭᠠᠨ ᠤ᠋ ᠬᠠᠨᠢ ᠲᠠᠢ ᠪᠠᠨ ᠤᠴᠠᠷᠠᠵᠤ᠂ ᠠᠮᠢᠳᠤ ᠶ᠋ᠢᠨ ᠵᠢᠷᠭᠠᠯ ᠡᠳ᠋ᠯᠡᠨ᠎ᠡ ᠭᠡᠳᠡᠭ ᠲᠦ᠍ ᠪᠠᠲᠤ ᠢᠳᠡᠭᠡ! ᠭᠡᠪᠡᠴᠦ ᠲᠡᠭᠦᠨ ᠳ᠋ᠦ᠍ ᠪᠠᠰᠠ ᠶᠠᠷᠢᠬᠤ ᠬᠡᠷᠡᠭ ᠦᠭᠡᠢ᠃ ᠠᠵᠠ ᠵᠢᠷᠭᠠᠯ ᠬᠢᠮᠳᠠᠬᠠᠨ ᠣᠯᠳᠠᠬᠤ ᠦᠭᠡᠢ᠂ ᠲᠡᠭᠦᠨ ᠢ᠋ ᠲᠡᠰᠪᠦᠷᠢᠲᠡᠢ ᠬᠦᠯᠢᠶᠡᠭᠡᠷᠡᠢ᠃  
       ᠬᠠᠢᠷ᠎ᠠ ᠪᠠᠨ ᠢᠯᠡᠴᠢᠯᠡᠵᠦ᠂ ᠬᠣᠷᠸ᠎ᠠ ᠶ᠋ᠢ ᠬᠠᠮᠲᠤ ᠳ᠋ᠠᠭᠠᠨ ᠲᠤᠭᠤᠯᠬᠤ ᠬᠠᠨᠢ ᠲᠠᠢ ᠪᠠᠨ ᠠᠩᠬ᠎ᠠ ᠳᠡᠷ᠎ᠡ ᠨᠡᠢᠯᠡᠭᠦᠯᠬᠦ ᠳ᠋ᠦ᠍《ᠥᠬᠢᠨ ᠪᠡᠶ᠎ᠡ ᠪᠡᠷ ᠢ᠋ᠶ᠋ᠡᠨ ᠪᠠᠢᠭᠠᠰᠠᠢ》 ᠭᠡᠵᠦ ᠵᠠᠯᠠᠭᠤ ᠬᠥᠮᠦᠨ ᠪᠦᠷ ᠬᠦᠰᠡᠳᠡᠭ᠃ ᠭᠡᠲᠡᠯ᠎ᠡ ᠲᠡᠷᠡ ᠪᠦᠰᠡᠭᠦᠢ ᠨᠢ ᠬᠠᠢᠷᠠᠲᠤ ᠬᠥᠮᠦᠨ ᠲᠡᠢ ᠪᠡᠨ ᠳᠡᠷ᠎ᠡ ᠨᠡᠢᠯᠡᠭᠦᠯᠬᠦ ᠡᠴᠡ ᠡᠮᠦᠨ᠎ᠡ ᠬᠡᠦᠬᠡᠨ ᠪᠣᠯᠴᠢᠬᠠᠭᠰᠠᠨ ᠪᠠᠢᠪᠠᠯ ᠰᠠᠢᠬᠠᠨ ᠰᠡᠳᠬᠢᠯ ᠢ᠋ᠶ᠋ᠡᠷ ᠠᠮᠢᠳᠤᠷᠠᠵᠤ ᠴᠢᠳᠠᠬᠤ ᠤᠤ? ᠭᠡᠳᠡᠭ ᠠᠰᠠᠭᠤᠯᠲᠠ ᠣᠯᠠᠨᠲᠠ ᠭᠠᠷᠳᠠᠭ᠃ ᠴᠢᠨᠠᠳᠤ ᠬᠥᠮᠦᠨ ᠳ᠋ᠡᠭᠡᠨ ᠦᠨᠡᠨ ᠰᠡᠳᠬᠢᠯ ᠡᠴᠡ ᠪᠡᠨ ᠬᠠᠢᠷᠠᠲᠠᠢ ᠯᠠ ᠪᠣᠯ ᠰᠠᠢᠬᠠᠨ ᠠᠮᠢᠳᠤᠷᠠᠵᠤ ᠴᠢᠳᠠᠨ᠎ᠠ ᠭᠡᠵᠦ ᠬᠠᠷᠢᠭᠤᠯᠤᠮᠠᠷ ᠪᠠᠢᠨ᠎ᠠ᠃ ᠬᠡᠦᠬᠡᠨ ᠪᠣᠯᠤᠭ᠎ᠠ ᠦᠭᠡᠢ ᠪᠠᠢᠬᠤ ᠳ᠋ᠤ᠌ ᠨᠢ ᠰᠠᠭᠤᠭᠰᠠᠨ ᠢ᠋ᠶ᠋ᠠᠷ ᠢ᠋ᠶ᠋ᠠᠨ ᠴᠦ᠍ ᠠᠮᠢᠳᠤᠷᠠᠯ ᠲᠡᠷᠡ ᠪᠦᠬᠦᠨ ᠰᠠᠢᠬᠠᠨ ᠪᠣᠯᠳᠠᠭ ᠦᠭᠡᠢ᠃ ᠬᠠᠷ᠎ᠠ ᠨᠢᠯᠬ᠎ᠠ ᠠ᠋ᠴᠠ ᠪᠠᠨ ᠨᠢᠭᠡ ᠭᠡᠷ ᠲᠦ᠍ ᠣᠷᠣᠵᠤ ᠡᠳᠦᠢ ᠲᠡᠳᠦᠢ ᠬᠡᠦᠬᠡᠳ ᠦ᠋ᠨ ᠡᠴᠢᠭᠡ ᠡᠬᠡ ᠪᠣᠯᠴᠢᠬᠠᠭᠠᠳ ᠬᠠᠭᠠᠷᠠᠵᠤ ᠪᠤᠲᠠᠷᠠᠬᠤ ᠶ᠋ᠢ ᠠᠯᠢ ᠶ᠋ᠢ ᠲᠡᠷᠡ ᠭᠡᠬᠦᠪ᠃ ᠥᠬᠢᠨ ᠪᠢᠰᠢ ᠪᠢᠲᠡᠭᠡᠢ ᠬᠡᠯᠡ᠂ ᠬᠡᠦᠬᠡᠳ ᠲᠡᠢ ᠬᠥᠮᠦᠨ ᠲᠡᠢ ᠰᠠᠢᠨ ᠰᠠᠢᠬᠠᠨ ᠠᠮᠢᠳᠤᠷᠠᠵᠤ ᠶᠠᠪᠤᠭ᠎ᠠ ᠬᠥᠮᠦᠨ ᠢ᠋ ᠴᠦ᠍ ᠪᠠᠰᠠ ᠠᠯᠢ ᠶ᠋ᠢ ᠨᠢ ᠬᠡᠯᠡᠵᠦ ᠪᠡᠷᠬᠡ ᠪᠢᠯᠡ᠃ ᠲᠡᠭᠡᠬᠦᠯᠡᠷ᠂ ᠨᠢᠭᠡᠨᠲᠡ ᠬᠠᠢᠷᠠᠲᠠᠢ ᠳᠤᠷᠠᠲᠠᠢ ᠭᠡᠳ ᠨᠢᠭᠡ ᠭᠡᠷ ᠲᠦ᠍ ᠣᠷᠣᠭᠰᠠᠨ ᠯᠠ ᠶᠤᠮ ᠪᠣᠯ ᠤᠷᠢᠳᠤ ᠡᠮᠦᠨ᠎ᠡ ᠬᠢ ᠶᠠᠭᠤᠮ᠎ᠠ ᠶ᠋ᠢ ᠰᠡᠬᠦᠬᠦ ᠬᠡᠷᠡᠭ ᠦᠭᠡᠢ᠃ ᠢᠩᠭᠢᠭᠰᠡᠨ ᠡᠴᠡ ᠬᠡᠨ ᠬᠡᠨ ᠦ᠌ ᠰᠡᠳᠬᠢᠯ ᠢ᠋ ᠰᠡᠪᠲᠦᠭᠡᠵᠦ ᠮᠠᠭᠤ ᠶᠠᠭᠤᠮ᠎ᠠ ᠪᠣᠯᠬᠤ ᠠ᠋ᠴᠠ ᠰᠠᠢᠨ ᠶᠠᠭᠤᠮ᠎ᠠ ᠪᠣᠯᠤᠨ᠎ᠠ ᠭᠡᠵᠦ ᠬᠡᠵᠢᠶ᠎ᠡ ᠴᠦ᠍ ᠦᠭᠡᠢ᠃ ᠭᠡᠪᠡᠴᠦ ᠡᠨᠡ ᠪᠣᠯ ᠵᠠᠶᠠᠭᠠᠨ ᠤ᠋ ᠬᠠᠨᠢ ᠪᠠᠨ ᠣᠯᠤᠭ᠎ᠠ ᠦᠭᠡᠢ ᠪᠠᠢᠵᠤ ᠥᠬᠢᠨ ᠨᠡᠷ᠎ᠡ ᠪᠡᠨ ᠥᠭᠡᠷᠡᠴᠢᠯᠡᠬᠦ ᠶ᠋ᠢ ᠵᠥᠪᠲᠦᠭᠡᠵᠦ ᠪᠠᠢᠬᠤ ᠶᠠᠭᠤᠮ᠎ᠠ ᠣᠭᠲᠣ ᠪᠢᠰᠢ᠃ ᠶᠠᠭᠠᠬᠢᠬᠤᠪ᠂ ᠠᠮᠢᠳᠤᠷᠠᠯ ᠳ᠋ᠤ᠌ ᠬᠥᠮᠦᠨ ᠠᠯᠳᠠᠵᠤ ᠪᠣᠯᠤᠨ᠎ᠠ᠂ ᠲᠡᠭᠦᠨ ᠢ᠋ᠶ᠋ᠡᠨ ᠢ᠋ᠶ᠋ᠡᠨ ᠳᠠᠭᠠᠷᠢᠵᠤ ᠳᠠᠪᠰᠢᠯᠠᠬᠤ ᠶ᠋ᠢᠨ ᠬᠡᠷᠡᠭ ᠦᠭᠡᠢ ᠭᠡᠰᠡᠨ ᠢ᠋ ᠯᠡ ᠬᠡᠯᠡᠬᠦ ᠭᠡᠰᠡᠨ ᠶᠦᠮ ᠰᠢᠦ᠃ ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠥᠬᠢᠨ ᠬᠠᠯᠢᠰᠤ ᠤᠷᠠᠭᠳᠠᠭᠰᠠᠨ ᠠ᠋ᠴᠠ ᠪᠠᠭ᠎ᠠ ᠡᠪᠡᠳᠴᠦ ᠴᠢᠰᠤ ᠭᠠᠷᠳᠠᠭ᠂ ᠭᠡᠪᠡᠴᠦ ᠡᠭᠦᠰᠬᠦ ᠡᠪᠡᠳᠦᠯᠲᠡ ᠨᠢ ᠡᠮᠡᠭᠲᠡᠢ ᠬᠥᠮᠦᠨ ᠪᠦᠷᠢ ᠳ᠋ᠦ᠍ ᠨᠢ ᠬᠠᠷᠢᠯᠴᠠᠨ ᠠᠳᠠᠯᠢ ᠦᠭᠡᠢ ᠪᠠᠢᠨ᠎ᠠ᠃ ᠡᠨᠡ ᠨᠢ ᠥᠬᠢᠨ ᠬᠠᠯᠢᠰᠤᠨ ᠤ᠋ ᠵᠤᠵᠠᠭᠠᠨ᠂ ᠨᠢᠮᠭᠡᠨ᠂ ᠬᠡᠯᠪᠡᠷᠢ ᠳᠦᠷᠰᠦ᠂ ᠮᠡᠳᠡᠷᠡᠯ ᠦ᠋ᠨ ᠰᠤᠳᠠᠯ ᠢ᠋ᠶ᠋ᠠᠷ ᠬᠢᠷᠢ ᠪᠠᠶᠠᠯᠢᠭ ᠪᠠᠢᠭ᠎ᠠ ᠵᠡᠷᠭᠡ ᠡᠴᠡ ᠰᠢᠯᠲᠠᠭᠠᠯᠠᠳᠠᠭ᠃ ᠰᠤᠳᠤᠯᠭᠠᠨ ᠠ᠋ᠴᠠ ᠦᠵᠡᠬᠦ ᠳ᠋ᠦ᠍ ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠥᠬᠢᠳ ᠦ᠋ᠨ ᠪᠠᠷᠤᠭ ᠵᠠᠭᠤᠨ ᠤ᠋ ᠳᠠᠩ ᠬᠠᠭᠠᠰ ᠨᠢ ᠡᠪᠡᠳᠦᠯᠲᠡ ᠶ᠋ᠢ ᠶᠠᠯᠢᠮ ᠦᠭᠡᠢ ᠮᠡᠳᠡᠷᠡᠳᠡᠭ ᠪᠠᠢᠨ᠎ᠠ᠃ ᠭᠡᠪᠡᠴᠦ ᠲᠡᠷᠡ ᠠᠩᠬ᠎ᠠ ᠡᠷᠡᠭᠲᠡᠢ ᠬᠥᠮᠦᠨ ᠲᠡᠢ ᠣᠢᠷᠠᠳᠬᠤ ᠳ᠋ᠤ᠌ ᠠᠶᠤᠮᠠᠷ ᠡᠪᠡᠳᠳᠡᠭ ᠭᠡᠰᠡᠨ ᠪᠤᠷᠤᠭᠤ ᠣᠢᠯᠠᠭᠠᠯᠲᠠ ᠶ᠋ᠢᠨ ᠤᠯᠠᠮ ᠠ᠋ᠴᠠ ᠡᠭᠦᠰᠬᠦ ᠡᠪᠡᠳᠦᠯᠲᠡ ᠶ᠋ᠢᠨ ᠬᠡᠮᠵᠢᠶ᠎ᠡ ᠶ᠋ᠢ ᠰᠡᠳᠬᠢᠯ ᠢ᠋ᠶ᠋ᠡᠷ ᠢ᠋ᠶ᠋ᠡᠨ ᠨᠡᠮᠡᠭᠳᠡᠭᠦᠯᠬᠦ ᠨᠢ ᠪᠢᠰᠢᠭᠦᠢ ᠪᠠᠢᠳᠠᠭ᠂ ᠬᠤᠷᠢᠴᠠᠯ ᠪᠣᠯ ᠪᠠᠢᠭᠠᠯᠢ ᠠ᠋ᠴᠠ ᠵᠠᠶᠠᠭᠠᠭᠰᠠᠨ ᠹᠢᠽᠢᠣᠯᠣᠭᠢ ᠶ᠋ᠢᠨ ᠦᠢᠯᠡᠳᠦᠯ᠂ ᠬᠥᠮᠦᠨ ᠶᠣᠰᠣᠨ ᠠ᠋ᠴᠠ ᠭᠠᠵᠢᠭᠤᠳᠠ ᠵᠦᠢᠯ ᠪᠢᠰᠢ ᠤᠴᠢᠷ ᠠ᠋ᠴᠠ ᠲᠡᠭᠡᠲᠡᠯ᠎ᠡ ᠪᠡᠨ ᠡᠪᠡᠳᠬᠦ ᠤᠴᠢᠷ ᠭᠡᠵᠦ ᠬᠠᠮᠢᠭ᠎ᠠ ᠪᠠᠢᠬᠤᠪ᠃ ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠲᠡᠳᠦᠢ ᠦᠭᠡᠢ ᠴᠢᠨᠠᠭᠰᠢᠳᠠ ᠬᠤᠷᠢᠴᠠᠯ ᠤ᠋ᠨ ᠦᠶ᠎ᠡ ᠳ᠋ᠦ᠍ ᠴᠦ᠍ ᠥᠬᠢᠨ ᠬᠠᠯᠢᠰᠤ ᠭᠦᠢᠴᠡᠳ ᠤᠷᠠᠭᠳᠠᠬᠤ ᠦᠭᠡᠢ ᠪᠥᠭᠡᠳ ᠠᠩᠬᠠᠨ ᠤ᠋ ᠲᠦᠷᠦᠯᠲᠡ ᠶ᠋ᠢᠨ ᠦᠶ᠎ᠡ ᠳ᠋ᠦ᠍ ᠪᠦᠷᠢᠨ ᠤᠷᠠᠭᠳᠠᠳᠠᠭ᠃ ᠥᠬᠢᠨ ᠬᠠᠯᠢᠰᠤ ᠪᠦᠰᠡᠭᠦᠢ ᠬᠥᠮᠦᠨ ᠦ᠌ ᠭᠠᠳᠠᠨ᠎ᠠ ᠳᠣᠲᠣᠷ᠎ᠠ ᠪᠡᠯᠭᠡ ᠡᠷᠬᠡᠲᠡᠨ ᠵᠠᠭᠠᠭᠯᠠᠭᠳᠠᠳᠠᠭ ᠪᠠ ᠲᠡᠭᠦᠨ ᠡᠴᠡ ᠳᠣᠲᠣᠭᠰᠢ ᠤᠶᠠᠨ ᠨᠠᠯᠠᠷᠬᠠᠢ᠂ ᠪᠤᠯᠴᠢᠩᠯᠢᠭ ᠬᠠᠨ᠎ᠠ ᠲᠠᠢ᠂ ᠬᠥᠨᠳᠡᠢ ᠬᠣᠭᠣᠯᠠᠢ ᠪᠠᠢᠨ᠎ᠠ᠃ ᠲᠡᠭᠦᠨ ᠢ᠋ ᠦᠲᠦᠷᠢᠶ᠎ᠡ ᠭᠡᠳᠡᠭ ᠪᠥᠭᠡᠳ ᠡᠨᠡ ᠨᠢ ᠡᠮᠡᠭᠲᠡᠢ ᠬᠥᠮᠦᠨ ᠦ᠌ ᠬᠤᠷᠢᠴᠠᠯ ᠤ᠋ᠨ ᠡᠷᠬᠡᠲᠡᠨ ᠪᠣᠯᠠᠢ᠃  
       ᠡᠷᠡᠴᠦᠳ ᠦ᠋ᠨ ᠳᠣᠲᠣᠷ᠎ᠠ《ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠡᠮᠡᠭᠲᠡᠢ ᠬᠥᠮᠦᠨ ᠡᠴᠡ ᠵᠠᠪᠠᠯ ᠴᠢᠰᠤ ᠭᠠᠷᠴᠤ᠂ ᠡᠪᠡᠳᠬᠦ ᠶᠣᠰᠣᠲᠠᠢ》 ᠭᠡᠰᠡᠨ ᠠᠨᠳᠠᠭᠤ ᠲᠡᠰᠢᠶ᠎ᠡ ᠬᠠᠵᠠᠭᠠᠢ ᠣᠢᠯᠠᠭᠠᠯᠲᠠ ᠭᠠᠵᠠᠷ ᠠᠪᠤᠭᠰᠠᠨ ᠪᠠᠢᠳᠠᠭ ᠢ᠋ ᠨᠢᠭᠤᠬᠤ ᠶᠠᠭᠤᠨ᠃ ᠦᠨᠡᠨ ᠢ᠋ ᠬᠡᠯᠡᠬᠦ ᠳ᠋ᠦ᠍᠂ ᠵᠠᠪᠠᠯ ᠢᠩᠭᠢᠬᠦ ᠶᠣᠰᠣᠲᠠᠢ ᠪᠢᠰᠢ ᠠ᠋᠃ ᠥᠬᠢᠨ ᠬᠠᠯᠢᠰᠤ ᠬᠡᠯᠪᠡᠷᠢ ᠬᠡᠮᠵᠢᠶ᠎ᠡ ᠪᠣᠯᠤᠨ ᠰᠤᠩᠬᠤ ᠴᠢᠳᠠᠪᠤᠷᠢ ᠪᠠᠷ ᠢ᠋ᠶ᠋ᠠᠨ ᠣᠨᠳᠣᠣ ᠣᠨᠳᠣᠣ ᠪᠠᠢᠳᠠᠭ ᠤᠴᠢᠷ ᠠ᠋ᠴᠠ ᠵᠠᠷᠢᠮ ᠡᠮᠡᠭᠲᠡᠢ ᠳ᠋ᠦ᠍ ᠠᠩᠬᠠᠨ ᠤ᠋ ᠬᠤᠷᠢᠴᠠᠯ ᠤ᠋ᠨ ᠦᠶ᠎ᠡ ᠳ᠋ᠦ᠍ ᠡᠪᠡᠳᠬᠦ ᠦᠭᠡᠢ ᠴᠢᠰᠤ ᠭᠠᠷᠬᠤ ᠦᠭᠡᠢ ᠪᠠᠢᠵᠤ ᠪᠣᠯᠤᠨ᠎ᠠ᠃ ᠡᠨᠡ ᠬᠡᠳᠦ ᠬᠡᠳᠦᠨ ᠤᠴᠢᠷ ᠰᠢᠯᠲᠠᠭᠠᠨ ᠲᠠᠢ ᠪᠠᠢᠳᠠᠭ᠃ ᠲᠤᠬᠠᠢᠯᠠᠪᠠᠯ᠄ ᠲᠥᠷᠥᠯᠬᠢ ᠡᠴᠡ ᠪᠡᠨ ᠥᠬᠢᠨ ᠬᠠᠯᠢᠰᠤ ᠦᠭᠡᠢ ᠪᠠᠢᠵᠤ ᠪᠣᠯᠤᠨ᠎ᠠ᠃ ᠡᠢᠮᠦ ᠪᠦᠰᠡᠭᠦᠢ ᠶ᠋ᠢ ᠥᠬᠢᠨ ᠬᠠᠯᠢᠰᠤ ᠲᠠᠢ ᠪᠦᠰᠡᠭᠦᠢ ᠲᠡᠢ ᠵᠢᠱ᠌ᠢᠨ ᠦᠵᠡᠬᠦ ᠳ᠋ᠦ᠍ ᠲᠡᠭᠦᠨ ᠡᠴᠡ ᠳᠤᠲᠠᠭᠤ ᠶᠠᠭᠤᠮ᠎ᠠ ᠣᠭᠲᠣ ᠪᠠᠢᠳᠠᠭ ᠦᠭᠡᠢ᠃ ᠢᠩᠭᠢᠬᠦᠯᠡᠷ᠂ ᠥᠬᠢᠨ ᠬᠠᠯᠢᠰᠤ ᠲᠠᠢ ᠪᠠᠢᠭᠰᠠᠨ ᠢ᠋ᠶ᠋ᠠᠷ ᠢ᠋ᠶ᠋ᠠᠨ ᠲᠥᠷᠥᠯᠬᠢ ᠡᠴᠡ ᠪᠡᠨ ᠡᠢᠮᠦ ᠬᠠᠯᠢᠰᠤ ᠦᠭᠡᠢ ᠡᠮᠡᠭᠲᠡᠢ ᠬᠥᠮᠦᠨ ᠡᠴᠡ ᠳᠠᠪᠠᠭᠤ ᠵᠦᠢᠯ ᠦᠭᠡᠢ᠃ ᠭᠡᠪᠡᠴᠦ ᠶᠠᠭᠠᠬᠢᠭᠠᠳ ᠴᠦ᠍ ᠶᠤᠮ ᠮᠡᠳᠡᠬᠦ ᠦᠭᠡᠢ᠂ ᠡᠷᠲᠡ ᠳᠡᠭᠡᠷ᠎ᠡ ᠦᠶ᠎ᠡ ᠡᠴᠡ ᠥᠨᠥ ᠬᠦᠷᠲᠡᠯ᠎ᠡ ᠡᠭᠦᠨ ᠶᠡᠬᠡᠳᠡ ᠴᠢᠬᠤᠯᠠᠴᠢᠯᠠᠨ ᠢᠷᠡᠵᠡᠢ᠃ ᠪᠦᠰᠡᠭᠦᠢ ᠬᠥᠮᠦᠨ ᠪᠦᠬᠦᠨ ᠡᠬᠡ ᠡᠴᠡ ᠲᠥᠷᠥᠭᠰᠡᠨ ᠪᠡᠶ᠎ᠡ ᠪᠡᠷ ᠢ᠋ᠶ᠋ᠡᠨ ᠡᠷ᠎ᠡ ᠨᠥᠬᠥᠷ ᠲᠦ᠍ ᠣᠴᠢᠬᠤ ᠶ᠋ᠢ ᠯᠡ ᠠᠯᠢ ᠪᠣᠯᠬᠤ ᠪᠠᠷ ᠡᠷᠬᠢᠮᠯᠡᠬᠦ ᠨᠢ ᠵᠦᠢ ᠶ᠋ᠢᠨ ᠬᠡᠷᠡᠭ᠃ ᠭᠡᠲᠡᠯ᠎ᠡ ᠬᠡᠦᠬᠡᠨ ᠪᠣᠯᠤᠭ᠎ᠠ ᠦᠭᠡᠢ ᠭᠡᠳᠡᠭ ᠢ᠋ ᠵᠥᠪᠬᠡᠨ ᠥᠬᠢᠨ ᠬᠠᠯᠢᠰᠤ ᠪᠠᠷ ᠲᠣᠭᠲᠠᠭᠠᠵᠤ ᠪᠣᠯᠬᠤ ᠤᠤ? ᠬᠡᠷᠪᠡ ᠡᠬᠡ ᠡᠴᠡ ᠥᠬᠢᠨ ᠬᠠᠯᠢᠰᠤ ᠦᠭᠡᠢ ᠲᠥᠷᠥᠭᠰᠡᠨ ᠪᠣᠯ ᠶᠠᠭᠠᠬᠢᠬᠤ ᠪᠣᠢ? ᠬᠡᠦᠬᠡᠨ ᠭᠡᠬᠦ ᠤᠤ! ᠮᠥᠨ ᠲᠡᠭᠦᠨᠴᠢᠯᠡᠨ ᠤᠴᠢᠷ ᠮᠡᠳᠡᠬᠦ ᠦᠭᠡᠢ ᠪᠠᠭ᠎ᠠ ᠨᠠᠰᠤᠨ ᠳ᠋ᠠᠭᠠᠨ ᠦᠵᠦᠭᠦᠷ ᠲᠡᠢ ᠶᠠᠭᠤᠮᠠᠨ ᠳᠡᠭᠡᠷ᠎ᠡ ᠪᠣᠯᠭᠣᠮᠵᠢ ᠦᠭᠡᠢ ᠰᠠᠭᠤᠭᠰᠠᠨ ᠠ᠋ᠴᠠ ᠥᠬᠢᠨ ᠬᠠᠯᠢᠰᠤ ᠨᠢ ᠬᠥᠨᠳᠡᠭᠳᠡᠭᠰᠡᠨ ᠪᠠᠢᠪᠠᠯ ᠶᠠᠭᠠᠬᠢᠨ᠎ᠠ? ᠲᠡᠢᠮᠦ ᠡᠮᠡᠭᠲᠡᠢ ᠰᠡᠳᠬᠢᠯ ᠳ᠋ᠡᠭᠡᠨ ᠵᠣᠪᠠᠨ ᠪᠢᠳᠡᠨ ᠡᠴᠡ ᠵᠥᠪᠯᠡᠯᠭᠡ ᠠᠪᠬᠤ ᠪᠠᠷ ᠢᠷᠡᠵᠦ ᠪᠠᠢᠭᠰᠠᠨ ᠢ᠋ ᠰᠠᠨᠠᠵᠤ ᠪᠠᠢᠨ᠎ᠠ᠃ ᠥᠬᠢᠨ ᠬᠠᠯᠢᠰᠤ ᠨᠢᠭᠡ ᠪᠤᠶᠤ ᠬᠡᠳᠦ ᠬᠡᠳᠦᠨ ᠵᠢᠵᠢᠭ ᠨᠦᠬᠡ ᠲᠡᠢ᠂ ᠲᠡᠭᠦᠨ ᠢ᠋ᠶ᠋ᠡᠷ ᠪᠠᠶᠠᠨ ᠤ᠋ ᠶᠠᠭᠤᠮ᠎ᠠ ᠭᠠᠳᠠᠭᠰᠢ ᠢᠯᠭᠠᠷᠠᠳᠠᠭ᠃ ᠭᠡᠲᠡᠯ᠎ᠡ ᠵᠠᠷᠢᠮ ᠡᠮᠡᠭᠲᠡᠢ ᠶ᠋ᠢᠨ ᠥᠬᠢᠨ ᠬᠠᠯᠢᠰᠤ ᠨᠢ ᠲᠣᠮᠣ ᠨᠦᠬᠡ ᠲᠡᠢ᠂ ᠶᠡᠬᠡ ᠤᠶᠠᠨ ᠵᠥᠭᠡᠯᠡᠨ ᠪᠠᠢᠳᠠᠭ ᠠ᠋ᠴᠠ ᠶᠠᠭᠤ ᠴᠦ᠍ ᠮᠡᠳᠡᠭᠳᠡᠬᠦ ᠦᠭᠡᠢ ᠥᠩᠭᠡᠷᠡᠵᠦ ᠪᠣᠯᠤᠨ᠎ᠠ᠃ ᠡᠨᠡ ᠪᠦᠬᠦᠨ ᠢ᠋ ᠮᠡᠳᠡᠬᠦ ᠦᠭᠡᠢ ᠡᠴᠡ ᠪᠣᠯᠤᠭᠠᠳ ᠡᠬᠡᠨᠡᠷ ᠢ᠋ᠶ᠋ᠡᠨ ᠣᠩᠭᠣᠨ ᠪᠠᠢᠭᠰᠠᠨ ᠡᠰᠡᠬᠦ ᠳ᠋ᠦ᠍ ᠡᠷᠡᠭᠡᠯᠵᠡᠨ᠂ ᠬᠡᠢ ᠬᠣᠭᠣᠰᠣᠨ ᠬᠠᠷᠠᠳᠠᠵᠤ ᠰᠡᠷᠡᠳᠡᠵᠦ᠂ ᠬᠡᠯᠡ ᠠᠮᠠ ᠪᠠᠷ ᠳᠠᠭᠠᠷᠢᠬᠤ ᠨᠢ ᠴᠥᠭᠡᠨ ᠦᠭᠡᠢ ᠪᠠᠢᠳᠠᠭ ᠪᠣᠯᠤᠯᠲᠠᠢ᠃ ᠡᠨᠡ ᠨᠢ ᠣᠭᠲᠣ ᠪᠠᠢᠵᠤ ᠪᠣᠯᠬᠤ ᠦᠭᠡᠢ ᠵᠦᠢᠯ᠃ ᠬᠠᠷᠠᠳᠠᠯᠲᠠ ᠪᠣᠯ ᠬᠥᠮᠦᠨ ᠦ᠌ ᠰᠠᠢᠨ ᠰᠠᠢᠬᠠᠨ ᠪᠣᠯᠭᠠᠨ ᠢ᠋ ᠲᠡᠮᠦᠷ ᠦ᠋ᠨ ᠵᠢᠪᠡ ᠰᠢᠭ ᠢᠳᠡᠵᠦ᠂ ᠬᠠᠢᠷ᠎ᠠ ᠰᠡᠳᠬᠢᠯ ᠢ᠋ ᠭᠤᠲᠤᠭᠠᠬᠤ ᠬᠠᠷ᠎ᠠ ᠰᠡᠭᠦᠳᠡᠷ᠃ ᠨᠥᠬᠥᠷ ᠨᠢ ᠦᠷᠭᠦᠯᠵᠢ ᠬᠠᠷᠠᠳᠠᠭᠠᠳ᠂ ᠠᠮᠤᠷ ᠵᠠᠶᠠᠭ᠎ᠠ ᠦᠵᠡᠭᠦᠯᠬᠦ ᠦᠭᠡᠢ ᠪᠠᠢᠬᠤ ᠳ᠋ᠤ᠌ ᠡᠮᠡᠭᠲᠡᠢ ᠬᠥᠮᠦᠨ ᠦ᠌ ᠰᠡᠳᠬᠢᠯ ᠶᠠᠭᠠᠬᠢᠨ ᠰᠠᠢᠬᠠᠨ ᠲᠡᠨᠢᠭᠡᠷ ᠪᠠᠢᠬᠤ ᠪᠢᠯᠡ᠃ ᠡᠨᠡ ᠨᠢ ᠲᠡᠭᠦᠨ ᠦ᠌ ᠬᠤᠷᠢᠴᠠᠬᠤ ᠳᠤᠷ᠎ᠠ ᠲᠠᠴᠢᠶᠠᠯ ᠢ᠋ ᠪᠠᠭᠤᠷᠠᠭᠤᠯᠵᠤ ᠡᠴᠦᠰ ᠲᠡᠭᠡᠨ ᠬᠦᠢᠲᠡᠨ ᠴᠢᠪᠳᠡᠭ ᠪᠣᠯᠭᠠᠵᠤ ᠮᠡᠳᠡᠬᠦ ᠶ᠋ᠢ ᠠᠩᠬᠠᠷᠤᠨ᠎ᠠ ᠤᠤ᠃ 
       ᠡᠷᠡᠭᠲᠡᠢ ᠬᠥᠮᠦᠨ ᠥᠰᠪᠥᠷᠢ ᠨᠠᠰᠤᠨ ᠳ᠋ᠠᠭᠠᠨ ᠪᠡᠯᠭᠡ ᠶ᠋ᠢᠨ ᠡᠷᠬᠡᠲᠡᠨ ᠢ᠋ᠶ᠋ᠡᠨ ᠵᠣᠷᠢᠭᠤᠳᠠ ᠣᠷᠣᠯᠳᠣᠬᠤ ᠪᠤᠶᠤ ᠵᠡᠭᠦᠳᠦ ᠨᠣᠢᠷ ᠲᠠᠭᠠᠨ ᠦᠷ᠎ᠡ ᠶ᠋ᠢᠨ ᠰᠢᠩᠭᠡᠨ ᠢ᠋ᠶ᠋ᠡᠨ ᠠᠯᠳᠠᠬᠤ ᠳ᠋ᠤ᠌ ᠪᠡᠶ᠎ᠡ ᠨᠢ ᠰᠠᠢᠬᠠᠨ ᠪᠣᠯᠵᠤ ᠳᠤᠷ᠎ᠠ ᠨᠢ ᠬᠠᠨᠳᠠᠭ ᠤᠴᠢᠷ ᠪᠡᠯᠭᠡ ᠶ᠋ᠢᠨ ᠪᠣᠢᠵᠢᠯᠲᠠ ᠶ᠋ᠢᠨ ᠦᠶ᠎ᠡ ᠪᠤᠶᠤ ᠡᠮᠡᠭᠲᠡᠢ ᠬᠥᠮᠦᠨ ᠲᠡᠢ ᠣᠢᠷᠠᠳᠴᠤ ᠥᠵᠡᠭᠡ ᠦᠭᠡᠢ ᠪᠠᠢᠬᠤ ᠳ᠋ᠠᠭᠠᠨ ᠴᠦ᠍ ᠪᠡᠶ᠎ᠡ ᠲᠠᠯᠪᠢᠭᠤᠷᠠᠵᠤ᠂ ᠬᠤᠷᠢᠴᠠᠬᠤ ᠶ᠋ᠢᠨ ᠰᠠᠢᠬᠠᠨ ᠢ᠋ ᠤᠷᠢᠳᠠᠪᠡᠷ ᠰᠠᠢᠬᠠᠨ ᠮᠡᠳᠡᠵᠦ ᠪᠠᠢᠳᠠᠭ᠃ ᠲᠡᠭᠡᠪᠡᠯ ᠡᠩᠭᠡᠷ ᠵᠥᠷᠢᠭᠦᠯᠦᠭᠰᠡᠨ ᠠᠩᠬᠠᠨ ᠤ᠋ ᠰᠥᠨᠢ ᠪᠠᠨ ᠯᠠ ᠳᠤᠷ᠎ᠠ ᠬᠠᠩᠬᠤ ᠪᠠᠨ ᠮᠡᠳᠡᠷᠡᠳᠡᠭ ᠪᠣᠯᠴᠢᠬᠠᠳᠠᠭ ᠡᠮᠡᠭᠲᠡᠢ ᠬᠥᠮᠦᠨ ᠡᠳᠦᠷ ᠦ᠋ᠨ ᠣᠳᠣ ᠰᠢᠭ᠋ ᠬᠣᠪᠣᠷᠬᠠᠨ᠃ ᠠᠮᠢᠳᠤᠷᠠᠯ ᠦᠵᠡᠭᠡ ᠦᠭᠡᠢ ᠪᠠᠯᠴᠢᠷᠬᠠᠨ ᠥᠬᠢᠳ ᠪᠢᠲᠡᠭᠡᠢ ᠬᠡᠯᠡ᠂ ᠠᠩᠬᠠᠨ ᠤ᠋ ᠦᠷ᠎ᠡ ᠪᠡᠨ ᠲᠡᠭᠡᠭᠡᠵᠦ ᠶᠠᠪᠤᠭ᠎ᠠ ᠲᠥᠷᠥᠭᠦᠯᠦᠨ ᠡᠬᠡ ᠬᠥᠮᠦᠨ ᠦ᠌ ᠵᠢᠷᠭᠠᠯ ᠢ᠋ ᠡᠳ᠋ᠯᠡᠵᠦ ᠶᠠᠪᠤᠭ᠎ᠠ ᠲᠡᠷᠡ ᠪᠠᠢᠲᠤᠭᠠᠢ ᠬᠡᠳᠦ ᠬᠡᠳᠦᠨ ᠬᠡᠦᠬᠡᠳ ᠦ᠋ᠨ ᠡᠬᠡ᠂ ᠥᠨᠢᠷ ᠥᠳᠬᠡᠨ ᠠᠢᠯ ᠤ᠋ᠨ ᠡᠵᠡᠭᠲᠡᠢ ᠪᠣᠯᠴᠢᠬᠠᠭᠰᠠᠨ ᠬᠢᠷᠢ ᠨᠢ ᠳᠤᠷ᠎ᠠ ᠬᠠᠩᠬᠤ ᠶ᠋ᠢ ᠮᠡᠳᠡᠷᠡᠬᠦ ᠦᠭᠡᠢ ᠪᠠᠢᠬᠤ ᠲᠣᠬᠢᠶᠠᠯᠳᠤᠯ ᠪᠢᠰᠢᠭᠦᠢ ᠪᠣᠢ᠃ ᠡᠮᠡᠭᠲᠡᠢ ᠬᠥᠮᠦᠨ ᠳᠤᠷ᠎ᠠ ᠬᠠᠩᠬᠤ ᠶ᠋ᠢ ᠮᠡᠳᠡᠷᠡᠳᠡᠭ ᠪᠣᠯᠬᠤ ᠳ᠋ᠤ᠌ ᠭᠠᠭᠴᠠ ᠪᠢᠰᠢ ᠣᠯᠠᠨ ᠰᠥᠨᠢ ᠬᠡᠷᠡᠭᠲᠡᠢ᠃ ᠰᠤᠳᠤᠯᠭᠠᠨ ᠠ᠋ᠴᠠ ᠦᠵᠡᠬᠦ ᠳ᠋ᠦ᠍ ᠡᠷ᠎ᠡ ᠳ᠋ᠦ᠍ ᠭᠠᠷᠤᠭᠰᠠᠨ ᠡᠮᠡᠭᠲᠡᠢ ᠬᠥᠮᠦᠨ ᠳ᠋ᠦ᠍ ᠡᠷᠬᠡᠯᠡᠨ ᠨᠠᠭᠠᠯᠢᠩᠬᠠᠢᠲᠤᠬᠤ᠂ ᠦᠨᠦᠰᠦᠨ ᠲᠠᠭᠠᠯᠠᠬᠤᠢ ᠳᠤᠷ᠎ᠠ ᠬᠦᠰᠡᠯ ᠳᠠᠪᠠᠭᠠᠢᠮᠠᠯᠠᠵᠤ ᠶᠡᠬᠡᠪᠴᠢᠯᠡᠨ ᠠᠩᠬᠠᠨ ᠤ᠋ ᠲᠦᠷᠦᠯᠲᠡ ᠶ᠋ᠢᠨ ᠳᠠᠷᠠᠭ᠎ᠠ ᠪᠠᠷ ᠳᠤᠷ᠎ᠠ ᠬᠠᠩᠬᠤ ᠶ᠋ᠢ ᠮᠡᠳᠡᠷᠡᠵᠦ ᠪᠠᠢᠨ᠎ᠠ᠃ ᠡᠨᠡ ᠦᠶᠡᠰ ᠲᠦ᠍ ᠡᠷ᠎ᠡ ᠨᠥᠬᠥᠷ ᠲᠡᠢ ᠪᠡᠨ ᠣᠢᠷᠠᠳᠬᠤ ᠳᠤᠷ᠎ᠠ ᠬᠦᠰᠡᠯ ᠠᠭᠠᠵᠢᠮ ᠢ᠋ᠶ᠋ᠠᠷ ᠲᠥᠷᠥᠳᠡᠭ᠃ ᠡᠭᠦᠨ ᠢ᠋ ᠨᠢᠭᠡ ᠠᠵᠢᠯᠴᠢᠨ ᠪᠦᠰᠡᠭᠦᠢ ᠶ᠋ᠢᠨ《ᠵᠣᠪᠠᠯᠠᠩ 》 ᠢ᠋ᠶ᠋ᠠᠨ ᠲᠣᠭᠠᠴᠢᠨ ᠶᠠᠷᠢᠭᠰᠠᠨ ᠢ᠋ᠶ᠋ᠠᠷ ᠵᠢᠰᠢᠶ᠎ᠠ ᠪᠣᠯᠭᠠᠶ᠎ᠠ᠃ 
      ᠁ ᠳᠡᠭᠦᠦ ᠨᠠᠷ ᠢ᠋ᠶ᠋ᠠᠨ ᠬᠣᠭᠣᠯᠠᠨ ᠳ᠋ᠤ᠌ ᠬᠦᠷᠭᠡᠬᠦ ᠭᠡᠰᠡᠨ ᠵᠣᠷᠢᠯᠭ᠎ᠠ ᠳ᠋ᠠᠭᠠᠨ ᠬᠦᠷᠬᠦ ᠭᠡᠭᠰᠡᠭᠡᠷ ᠶᠠᠪᠤᠭᠠᠳ᠂ ᠨᠠᠮᠠᠶ᠋ᠢ ᠭᠡᠰᠡᠨ ᠰᠠᠢᠨ ᠮᠠᠭᠤ ᠣᠯᠠᠨ ᠬᠥᠮᠦᠨ ᠢ᠋ ᠣᠢᠰᠢᠶᠠᠯ ᠦᠭᠡᠢ ᠥᠩᠭᠡᠷᠡᠵᠦ26 ᠨᠠᠰᠤ ᠬᠦᠷᠦᠭᠰᠡᠨ ᠲᠡᠭᠡᠭᠡᠳ᠂ ᠵᠠ ᠣᠳᠣ ᠠᠮᠢᠳᠤᠷᠠᠯ ᠳ᠋ᠤ᠌ ᠪᠣᠳᠣᠬᠤ ᠦᠭᠡᠢ ᠪᠣᠯ ᠣᠷᠣᠢᠲᠠᠯ᠎ᠠ ᠭᠡᠵᠦ ᠪᠣᠳᠣᠬᠤ ᠪᠣᠯᠤᠭᠰᠠᠨ ᠲᠡᠷᠡ ᠯᠠ ᠦᠶ᠎ᠡ ᠳ᠋ᠦ᠍ ᠰᠠᠨᠠᠵᠤ ᠶᠠᠪᠤᠭᠰᠠᠨ ᠬᠥᠮᠦᠨ ᠲᠡᠢ ᠪᠡᠨ ᠢᠷᠦᠭᠡᠯ ᠢ᠋ᠶ᠋ᠡᠷ ᠤᠴᠠᠷᠠᠯ᠎ᠠ ᠭᠡᠵᠦ ᠪᠣᠳᠣᠵᠤ ᠪᠠᠢᠯ᠎ᠠ᠃ ᠪᠢᠳᠡ4 ᠵᠢᠯ ᠬᠠᠮᠲᠤ ᠠᠵᠢᠯᠯᠠᠵᠤ ᠵᠠᠩ ᠵᠠᠩ ᠢ᠋ᠶ᠋ᠠᠨ ᠠᠪᠤᠭᠰᠠᠨ ᠭᠡᠵᠦ ᠪᠣᠯᠬᠣᠷ᠂ ᠪᠠᠰᠠ ᠰᠡᠳᠬᠢᠯ ᠳ᠋ᠡᠭᠡᠨ ᠪᠢᠲᠡᠭᠦᠬᠡᠨ ᠮᠥᠷᠥᠭᠡᠳᠵᠦ ᠶᠠᠪᠤᠭᠰᠠᠨ ᠬᠥᠮᠦᠨ ᠭᠡᠨᠡᠳᠲᠡ ᠨᠢᠭᠡ ᠡᠳᠦᠷ ᠠᠮᠠ ᠨᠡᠭᠡᠭᠡᠵᠦ ᠪᠢ ᠴᠦ᠍ ᠰᠡᠳᠬᠢᠯ ᠠᠯᠲᠠᠨ ᠲᠤᠬᠠᠢ ᠶ᠋ᠢᠨ ᠦᠶ᠎ᠡ ᠳ᠋ᠦ᠍ ᠨᠠᠳᠠ ᠪᠠᠶᠠᠷ ᠵᠢᠷᠭᠠᠯ ᠢᠷᠡᠭᠰᠡᠨ ᠪᠣᠯᠪᠠᠴᠤ ᠬᠣᠶᠠᠷᠬᠠᠨ ᠰᠠᠷ᠎ᠠ ᠶ᠋ᠢᠨ ᠳᠠᠷᠠᠭ᠎ᠠ ᠤᠢᠳᠬᠠᠷ ᠭᠤᠨᠢᠭ ᠳᠦᠭᠦᠷᠦᠭᠰᠡᠨ ᠤᠴᠢᠷ ᠤᠳᠬ᠎ᠠ ᠦᠭᠡᠢ ᠠᠮᠢᠳᠤᠷᠠᠯ ᠢ᠋ᠶ᠋ᠠᠷ ᠠᠷᠭ᠎ᠠ ᠪᠤᠶᠤ ᠪᠢ ᠠᠮᠢᠳᠤᠷᠠᠬᠤ ᠪᠣᠯᠤᠯ᠎ᠠ᠃ ᠬᠠᠢᠷᠠᠨ ᠰᠡᠳᠬᠢᠯ ᠬᠠᠢᠷᠠᠨ ᠴᠦ᠍ ᠪᠡᠶ᠎ᠡ ᠮᠢᠨᠢ᠁ ᠪᠢ ᠤᠷᠢᠳᠤ ᠨᠢ ᠡᠷᠡᠭᠲᠡᠢ ᠬᠥᠮᠦᠨ ᠦ᠌ ᠰᠡᠳᠬᠢᠯ ᠰᠠᠨᠠᠭ᠎ᠠ᠂ ᠵᠠᠩ ᠬᠠᠷᠢᠴᠠᠭ᠎ᠠ᠂ ᠠᠵᠢᠯ ᠦᠢᠯᠡᠰ᠂ ᠪᠡᠶ᠎ᠡ ᠪᠡᠨ ᠠᠪᠴᠤ ᠶᠠᠪᠤᠬᠤ ᠪᠠᠢᠳᠠᠯ ᠵᠡᠷᠭᠡ ᠪᠡᠷ ᠲᠠᠲᠠᠳᠠᠭ ᠭᠡᠵᠦ ᠪᠣᠳᠣᠳᠠᠭ ᠪᠠᠢᠯ᠎ᠠ᠃ ᠬᠠᠷᠢᠨ ᠣᠳᠣ ᠪᠣᠯ ᠬᠠᠷᠢᠨ᠂ ᠲᠡᠷᠡ ᠳᠤᠮᠳᠠ ᠪᠠᠨ ᠬᠠᠮᠤᠭ ᠤ᠋ᠨ ᠭᠣᠣᠯ ᠨᠢ ᠪᠣᠯᠬᠤ ᠪᠡᠯᠭᠡ ᠶ᠋ᠢᠨ ᠬᠠᠷᠢᠴᠠᠭ᠎ᠠ ᠪᠠᠷ ᠲᠠᠲᠠᠳᠠᠭ ᠪᠣᠯᠬᠤ ᠶ᠋ᠢ ᠣᠢᠯᠠᠭᠠᠯ᠎ᠠ᠃ ᠶᠠᠭᠠᠬᠢᠭᠠᠳ ᠭᠡᠪᠡᠯ ᠬᠠᠮᠲᠤ ᠠᠵᠢᠯᠯᠠᠳᠠᠭ ᠬᠡᠦᠬᠡᠨ ᠨᠦ᠍ᠭᠦᠳ ᠲᠡᠢ ᠥᠪᠡᠷ ᠢ᠋ ᠪᠡᠨ ᠬᠠᠷᠢᠴᠠᠭᠤᠯᠬᠤ ᠳ᠋ᠤ᠌ ᠦᠢᠯᠡ ᠣᠶᠣᠳᠠᠯ᠂ ᠮᠡᠷᠭᠡᠰᠢᠯ᠂ ᠮᠡᠳᠡᠯᠭᠡ᠂ ᠴᠢᠮ᠎ᠠ ᠠ᠋ᠴᠠ ᠦᠨᠡᠲᠡᠢ ᠪᠢᠰᠢ ᠪᠣᠯᠪᠠᠴᠤ ᠴᠢᠮ᠎ᠠ ᠥᠪᠡᠷ ᠲᠡᠭᠡᠨ ᠲᠣᠬᠢᠷᠠᠭᠰᠠᠨ ᠡᠮᠦᠰᠳᠡᠭ᠂ ᠴᠡᠪᠡᠷᠴᠢ ᠨᠢᠮᠪᠠᠢ᠂ ᠴᠢᠷᠠᠢ ᠵᠢᠰᠦ ᠪᠡᠨ ᠭᠣᠢᠳᠠ ᠪᠢᠰᠢ ᠴᠦ᠍ ᠨᠢᠳᠦᠨ ᠳ᠋ᠦ᠍ ᠳᠤᠯᠠᠭᠠᠬᠠᠨ᠂ ᠬᠠᠮᠲᠤ ᠣᠯᠠᠨ ᠳ᠋ᠠᠭᠠᠨ ᠨᠡᠷ᠎ᠡ ᠬᠦᠨᠳᠦ ᠰᠠᠢᠲᠠᠢ ᠭᠡᠬᠦ ᠵᠡᠷᠭᠡ ᠮᠠᠭᠲᠠᠬᠤ ᠲᠠᠯ᠎ᠠ ᠪᠠᠷ ᠶᠡᠬᠡᠩᠬᠢ ᠨᠢ ᠪᠠᠢᠭ᠎ᠠ ᠶᠤᠮ ᠰᠢᠭ᠋᠃ ᠪᠠᠰᠠ ᠡᠮᠡᠭᠲᠡᠢᠴᠦᠳ ᠡᠴᠡ ᠡᠬᠢᠯᠡᠭᠡᠳ ᠨᠠᠷᠢᠨ ᠮᠡᠷᠭᠡᠵᠢᠯ ᠦ᠋ᠨ ᠡᠮᠴᠢ ᠳ᠋ᠦ᠍ ᠦᠵᠡᠭᠦᠯᠬᠦ ᠳ᠋ᠦ᠍ ᠶᠠᠮᠠᠷ ᠴᠦ᠍ ᠡᠪᠡᠳᠴᠢᠨ ᠡᠮᠭᠡᠭ ᠦᠭᠡᠢ ᠴᠦ᠍ ᠡᠷᠡᠭᠦᠯ ᠬᠣᠶᠠᠷᠬᠠᠨ ᠬᠥᠮᠦᠨ ᠦ᠌ ᠨᠢᠭᠡ ᠨᠢ ᠪᠢ ᠶᠦᠮ᠃ ᠭᠡᠪᠡᠴᠦ ᠪᠢ ᠥᠪᠡᠷ ᠢ᠋ ᠪᠡᠨ ᠪᠡᠯᠭᠡ ᠶ᠋ᠢᠨ ᠡᠪᠡᠳᠴᠢᠨ ᠲᠡᠢ ᠶᠦᠮ ᠤᠤ ᠡᠰᠡᠪᠡᠯ ᠶᠠᠮᠠᠷ ᠨᠢᠭᠡ ᠭᠠᠵᠢᠭ ᠲᠠᠢ ᠯᠠ ᠭᠡᠵᠦ ᠪᠣᠳᠣᠳᠠᠭ᠃ ᠤᠴᠢᠷ ᠨᠢ᠄ ᠮᠢᠨᠦ ᠡᠩᠭᠡᠷ ᠵᠥᠷᠢᠭᠦᠯᠦᠭᠰᠡᠨ ᠠᠩᠬᠠᠨ ᠤ᠋ ᠲᠡᠷᠡ ᠬᠥᠮᠦᠨ ᠮᠠᠨᠢ ᠨᠠᠳᠠᠳᠤ᠄《ᠴᠢᠨᠦᠬᠢ ᠳᠣᠣᠷ᠎ᠠ ᠪᠠᠢᠷᠢᠯᠠᠯ ᠲᠠᠢ ᠴᠦ᠍ ᠶᠤᠮ ᠤᠤ ᠳᠠ》《ᠴᠢᠨᠦᠬᠢ ᠶᠠᠭᠠᠬᠢᠭᠰᠠᠨ ᠰᠤᠯᠠ ᠶᠤᠮ ᠪᠣᠢ》 ᠭᠡᠬᠦ ᠮᠡᠲᠦ ᠡᠪ ᠦᠭᠡᠢ᠂ ᠨᠢᠭᠡ ᠯᠡ ᠣᠢᠯᠠᠭᠠᠮᠵᠢ ᠦᠭᠡᠢ ᠶᠠᠭᠤᠮ᠎ᠠ ᠬᠡᠯᠡᠬᠦ ᠪᠠ ᠨᠢᠭᠡ ᠤᠳᠠᠭ᠎ᠠ ᠨᠠᠳᠠ ᠠ᠋ᠴᠠ《ᠴᠢ ᠪᠣᠯᠤᠭᠰᠠᠨ ᠤᠤ》 ᠭᠡᠵᠦ ᠠᠰᠠᠭᠤᠬᠤ ᠳ᠋ᠤ᠌ ᠨᠢ ᠪᠢ《ᠪᠣᠯᠤᠭᠰᠠᠨ》 ᠭᠡᠲᠡᠯ᠎ᠡ《ᠲᠡᠭᠡᠭᠡᠳ ᠶᠠᠭᠠᠬᠢᠭᠠᠳ ᠲᠠᠯᠪᠢᠬᠤ ᠦᠭᠡᠢ ᠪᠠᠢᠭ᠎ᠠ ᠶᠤᠮ ᠪᠣᠢ?》 ᠭᠡᠰᠡᠨ᠃ ᠪᠢ《ᠲᠠᠯᠪᠢᠨ᠎ᠠ ᠭᠡᠵᠦ ᠶᠠᠭᠠᠬᠢᠳᠠᠭ ᠶᠤᠮ ᠪᠣᠢ?》 ᠭᠡᠵᠦ ᠠᠰᠠᠭᠤᠬᠤ ᠳ᠋ᠤ᠌ 《ᠭᠡᠲᠡᠯ᠎ᠡ ᠪᠢ ᠴᠢᠮ᠎ᠠ ᠶ᠋ᠢ ᠶᠡᠷᠦ ᠡᠴᠡ ᠪᠡᠨ ᠬᠠᠩᠭᠠᠵᠤ ᠴᠢᠳᠠᠬᠤ ᠦᠭᠡᠢ ᠶᠦᠮ ᠪᠠᠢᠨ᠎ᠠ》 ᠭᠡᠰᠡᠨ᠃ ᠲᠡᠷᠡ ᠪᠠᠰᠠ ᠰᠡᠭᠦᠯᠴᠢ ᠶ᠋ᠢᠨ ᠤᠳᠠᠭ᠎ᠠ ᠠᠭᠤᠯᠵᠠᠬᠤ ᠳ᠋ᠠᠭᠠᠨ《ᠪᠢ ᠴᠢᠮᠠᠶ᠋ᠢ ᠮᠠᠷᠲᠠᠵᠤ ᠴᠢᠳᠠᠬᠤ ᠦᠭᠡᠢ᠂ ᠭᠡᠬᠦ ᠳ᠋ᠡᠭᠡᠨ ᠪᠠᠰᠠ ᠠᠮᠢᠳᠤᠷᠠᠵᠤ ᠴᠢᠳᠠᠬᠤ ᠦᠭᠡᠢ》 ᠭᠡᠬᠦ ᠳ᠋ᠦ᠍ ᠨᠢ ᠪᠢ ᠶᠠᠭᠤ ᠨᠢ ᠪᠣᠯᠤᠭ᠎ᠠ ᠦᠭᠡᠢ ᠪᠠᠢᠭ᠎ᠠ ᠶ᠋ᠢ ᠬᠡᠯᠡᠭᠡᠴᠢ ᠭᠡᠬᠦ ᠳ᠋ᠦ᠍《ᠪᠢ ᠬᠡᠯᠡᠵᠦ ᠮᠡᠳᠡᠬᠦ ᠦᠭᠡᠢ ᠪᠠᠢᠨ᠎ᠠ》 ᠭᠡᠰᠡᠨ᠃ ᠲᠡᠭᠡᠭᠡᠳ ᠨᠠᠮᠠᠶ᠋ᠢ《ᠥᠭᠡᠷ᠎ᠡ ᠬᠥᠮᠦᠨ ᠲᠡᠢ ᠪᠣᠯᠤᠭᠠᠴᠢ》 ᠭᠡᠵᠦ ᠬᠡᠯᠡᠬᠦ ᠳ᠋ᠦ᠍ ᠨᠢ ᠬᠠᠷᠢᠭᠤ ᠳ᠋ᠤ᠌ ᠨᠢ ᠬᠡᠯᠡᠬᠦ ᠦᠭᠡ ᠣᠯᠳᠠᠭ᠎ᠠ ᠦᠭᠡᠢ ᠠ᠋᠃ 
       ᠡᠮᠴᠢ ᠠ᠋! ᠲᠠ ᠨᠠᠳᠠ ᠳ᠋ᠤ᠌ ᠲᠤᠰᠠᠯᠠᠭᠠᠴᠢ ᠳᠠ᠃ ᠪᠢ ᠡᠮᠴᠢᠯᠡᠭᠳᠡᠬᠦ ᠡᠰᠡᠬᠦ ᠪᠡᠨ ᠦᠵᠡᠮᠡᠷ᠂ ᠮᠡᠳᠡᠮᠡᠷ ᠪᠠᠢᠨ᠎ᠠ᠃ ᠨᠠᠳᠠᠳᠤ ᠦᠨᠡᠬᠡᠷ ᠬᠡᠴᠡᠭᠦᠦ ᠪᠠᠢᠨ᠎ᠠ᠃ ᠪᠢ ᠬᠤᠷᠢᠴᠠᠯ ᠤ᠋ᠨ ᠦᠶ᠎ᠡ ᠳ᠋ᠦ᠍ ᠬᠠᠮᠤᠭ ᠪᠡᠶ᠎ᠡ ᠰᠡᠳᠬᠢᠯ ᠢ᠋ᠶ᠋ᠡᠨ ᠲᠡᠷᠡ ᠬᠥᠮᠦᠨ ᠳ᠋ᠦ᠍ ᠵᠣᠷᠢᠭᠤᠯᠳᠠᠭ᠃ ᠶᠡᠷᠦ ᠨᠢ ᠪᠦᠬᠦ ᠪᠡᠶ᠎ᠡ ᠪᠡᠷ ᠢ᠋ᠶ᠋ᠡᠨ ᠲᠡᠭᠦᠨ ᠦ᠌ ᠪᠡᠶ᠎ᠡ ᠳ᠋ᠦ᠍ ᠠᠭᠤᠰᠴᠢᠬᠠᠮᠠᠷ᠂ ᠲᠡᠭᠦᠨ ᠦ᠌ ᠲᠥᠯᠥᠭᠡ ᠶᠠᠭᠤ ᠴᠦ᠍ ᠬᠢᠬᠦ ᠡᠴᠡ ᠪᠤᠴᠠᠬᠤ ᠦᠭᠡᠢ ᠪᠠᠢᠳᠠᠭ᠃ ᠭᠡᠪᠡᠴᠦ᠁ ᠲᠡᠷᠡ ᠰᠠᠢᠬᠠᠨ ᠢ᠋ ᠨᠢ ᠮᠡᠳᠡᠬᠦ ᠦᠭᠡᠢ᠂ ᠲᠡᠭᠦᠨ ᠢ᠋ ᠪᠡᠨ ᠲᠠᠲᠠᠵᠤ ᠴᠢᠳᠠᠬᠤ ᠦᠭᠡᠢ ᠪᠠᠢᠨ᠎ᠠ ᠭᠡᠵᠦ ᠬᠦᠦᠷᠨᠢᠨ ᠶᠠᠷᠢᠭᠠᠳ᠂ ᠤᠷᠲᠤ ᠪᠠᠷ ᠰᠠᠨᠠᠭ᠎ᠠ ᠠᠯᠳᠠᠭᠰᠠᠨ ᠶᠤᠮ᠃ ᠡᠨᠡ ᠪᠦᠰᠡᠭᠦᠢ ᠶ᠋ᠢᠨ ᠰᠡᠳᠬᠢᠯ ᠦ᠋ᠨ ᠥᠴᠢᠯ ᠶᠠᠮᠠᠷ ᠴᠦ᠍ ᠬᠦᠨᠳᠦ ᠶᠡᠬᠡ ᠶ᠋ᠢ ᠪᠣᠳᠣᠭᠳᠠᠭᠤᠯᠤᠨ᠎ᠠ᠃ ᠢᠩᠭᠢᠵᠦ ᠪᠦᠰᠡᠭᠦᠢ ᠬᠥᠮᠦᠨ ᠦ᠌ ᠴᠡᠪᠡᠷ ᠠᠷᠢᠭᠤᠨ ᠰᠡᠳᠬᠢᠯ ᠢ᠋ ᠭᠬᠢᠷᠲᠦᠭᠡᠵᠦ ᠪᠤᠯᠠᠩᠭᠢᠷᠳᠠᠭᠤᠯᠬᠣ ᠶ᠋ᠢᠨ ᠬᠡᠷᠡᠭ ᠶᠠᠭᠤ ᠪᠠᠢᠨ᠎ᠠ ᠳᠠ ᠭᠡᠵᠦ ᠲᠡᠷᠡ ᠬᠠᠷ᠎ᠠ ᠬᠦᠦ ᠳ᠋ᠦ᠍ ᠬᠡᠯᠡᠮᠡᠷ ᠰᠠᠨᠠᠭᠳᠠᠵᠤ ᠪᠢᠯᠡ᠃ ᠡᠷᠡᠭᠲᠡᠢ᠂ ᠡᠮᠡᠭᠲᠡᠢ ᠶ᠋ᠢᠨ ᠪᠡᠶ᠎ᠡ ᠴᠣᠭᠴᠠᠰ᠂ ᠦᠢᠯᠡ ᠠᠵᠢᠯᠯᠠᠭ᠎ᠠ ᠪᠠᠢᠭᠠᠯᠢ ᠠ᠋ᠴᠠ ᠬᠣᠶᠠᠷ ᠥᠭᠡᠷ᠎ᠡ ᠵᠠᠶᠠᠭᠠᠭᠰᠠᠨ ᠪᠠᠢᠳᠠᠭ ᠢ᠋ ᠲᠡᠷᠡ ᠬᠠᠷ᠎ᠠ ᠬᠦᠦ ᠮᠡᠳᠡᠳᠡᠭ ᠴᠦ᠍ ᠪᠣᠯᠤᠭᠠᠰᠠᠢ᠃ ᠪᠦᠭᠦᠳᠡ ᠶ᠋ᠢ ᠥᠪᠡᠷ ᠰᠢᠭ ᠢ᠋ᠶ᠋ᠡᠨ᠂ ᠡᠷᠡᠭᠲᠡᠢ ᠬᠥᠮᠦᠨ ᠰᠢᠭ ᠪᠣᠳᠣᠵᠤ ᠶᠠᠭᠠᠬᠢᠨ ᠪᠣᠯᠬᠤ ᠪᠢᠯᠡ᠃ ᠡᠮᠡᠭᠲᠡᠢ ᠬᠥᠮᠦᠨ ᠡᠷᠡᠴᠦᠳ ᠰᠢᠭ ᠠᠩᠬᠠᠨ ᠤ᠋ ᠣᠢᠷᠠᠳᠤᠯᠲᠠ ᠪᠠᠷ ᠳᠤᠷ᠎ᠠ ᠬᠠᠩᠬᠤ ᠨᠢ ᠣᠭᠲᠣ ᠦᠭᠡᠢ᠃ ᠲᠡᠭᠦᠨ ᠦ᠌ ᠬᠤᠷᠢᠴᠠᠬᠤ ᠳᠤᠷ᠎ᠠ ᠲᠠᠴᠢᠶᠠᠯ ᠭᠦᠨ ᠨᠣᠢᠷ ᠠ᠋ᠴᠠ ᠪᠠᠨ ᠰᠡᠷᠢᠵᠦ ᠳᠤᠷ᠎ᠠ ᠬᠠᠩᠬᠤ ᠶ᠋ᠢᠨ ᠰᠠᠢᠬᠠᠨ ᠢ᠋ ᠠᠮᠰᠠᠨ ᠮᠡᠳᠡᠷᠡᠬᠦ ᠳ᠋ᠦ᠍ ᠡᠷ᠎ᠡ ᠨᠥᠬᠥᠷ ᠦ᠋ᠨ ᠢ᠋ᠶ᠋ᠡᠨ ᠡᠪ ᠲᠦᠢ᠂ ᠡᠷ᠎ᠡ ᠡᠮ᠎ᠡ ᠶ᠋ᠢᠨ ᠶᠣᠰᠣᠨ ᠤ᠋ ᠰᠣᠶᠣᠯ ᠬᠥᠮᠦᠵᠢᠯ ᠭᠣᠣᠯᠯᠠᠬᠤ ᠡᠭᠦᠷᠭᠡ ᠲᠡᠢ᠃ ᠥᠭᠡᠷ᠎ᠡ ᠪᠡᠷ ᠬᠡᠯᠡᠪᠡᠯ ᠡᠮᠡᠭᠲᠡᠢ ᠬᠥᠮᠦᠨ ᠢ᠋ ᠡᠷ᠎ᠡ ᠨᠥᠬᠥᠷ ᠨᠢ ᠯᠡ ᠠᠪᠴᠤ ᠶᠠᠪᠤᠬᠤ ᠶᠣᠰᠣᠲᠠᠢ ᠶᠤᠮ ᠰᠢᠦ᠃ ᠭᠡᠲᠡᠯ᠎ᠡ ᠶᠠᠭᠤ ᠶᠠᠭᠤᠨ ᠤ᠋ ᠲᠤᠬᠠᠢᠨ ᠳ᠋ᠤ᠌᠂ ᠬᠣᠶᠠᠷᠬᠠᠨ ᠰᠠᠷ᠎ᠠ ᠪᠣᠯᠴᠢᠬᠠᠭᠠᠳ ᠠᠮᠠ ᠨᠡᠭᠡᠭᠡᠵᠦ ᠠᠨᠳᠠᠭᠠᠢ ᠲᠠᠩᠭᠠᠷᠢᠭ ᠡᠷᠭᠦᠭᠰᠡᠨ ᠬᠠᠢᠷᠠᠲᠤ ᠬᠥᠮᠦᠨ ᠢ᠋ᠶ᠋ᠡᠨ ᠡᠢᠨᠬᠦ ᠡᠪ ᠦᠭᠡᠢ ᠪᠠᠢᠳᠠᠯ ᠳ᠋ᠤ᠌ ᠣᠷᠣᠭᠤᠯᠵᠤ᠂ ᠪᠦᠰᠡᠭᠦᠢ ᠬᠥᠮᠦᠨ ᠢ᠋ ᠰᠡᠳᠬᠢᠯ ᠦ᠋ᠨ ᠵᠣᠪᠠᠯᠠᠩ ᠳ᠋ᠤ᠌ ᠤᠨᠠᠭᠠᠭᠰᠠᠨ ᠨᠢ ᠬᠡᠨ ᠦ᠌ ᠪᠤᠷᠤᠭᠤ ᠪᠣᠢ? ᠲᠡᠷᠡ ᠬᠠᠷ᠎ᠠ ᠬᠦᠦ ᠶ᠋ᠢᠨ ᠵᠠᠭᠤᠨ ᠬᠤᠪᠢ ᠶ᠋ᠢᠨ ᠪᠤᠷᠤᠭᠤ ᠭᠡᠵᠦ ᠪᠢ ᠬᠡᠯᠡᠵᠦ ᠴᠢᠳᠠᠬᠤ ᠦᠭᠡᠢ᠃ ᠲᠡᠷᠡ᠂ ᠮᠠᠭᠠᠳ ᠦᠭᠡᠢ᠂ ᠲᠡᠢᠮᠦ ᠴᠦ᠍ ᠮᠠᠭᠤ ᠬᠥᠮᠦᠨ ᠪᠢᠰᠢ ᠪᠠᠢᠵᠤ ᠪᠣᠯᠤᠨ᠎ᠠ᠃ ᠡᠭᠦᠨ ᠬᠡᠨ ᠡᠰᠡ ᠮᠡᠳᠡᠯ᠎ᠡ᠃ ᠭᠠᠭᠴᠠᠬᠦ ᠲᠡᠭᠦᠨ ᠳ᠋ᠦ᠍ ᠡᠷ᠎ᠡ ᠡᠮ᠎ᠡ ᠶ᠋ᠢᠨ ᠶᠣᠰᠣᠨ ᠤ᠋ ᠮᠡᠳᠡᠯᠭᠡ ᠯᠡ ᠳᠤᠲᠠᠭᠰᠠᠨ ᠤ᠋ ᠬᠢ᠃ ᠡᠢᠮᠦ ᠪᠠᠢᠳᠠᠯ ᠠ᠋ᠴᠠ ᠪᠣᠯᠵᠤ ᠬᠡᠴᠢᠨᠡᠨ ᠣᠯᠠᠨ ᠡᠮᠡᠭᠲᠡᠢᠴᠦᠳ ᠰᠢᠨᠡᠯᠡᠵᠦ ᠶᠠᠪᠤᠭ᠎ᠠ ᠶ᠋ᠢ ᠲᠣᠭ᠎ᠠ ᠪᠠᠷ ᠢᠯᠡᠷᠬᠡᠢᠯᠡᠬᠦ ᠠᠷᠭ᠎ᠠ ᠦᠭᠡᠢ᠃ ᠠᠩᠬᠠᠨ ᠤ᠋ ᠬᠠᠢᠷ᠎ᠠ ᠨᠢ ᠪᠦᠲᠦᠭᠡ ᠦᠭᠡᠢ ᠡᠴᠡ ᠰᠡᠳᠬᠢᠯ ᠦ᠋ᠨ ᠡᠪᠡᠳᠴᠢᠨ ᠲᠤᠰᠤᠭᠰᠠᠨ ᠪᠣᠯᠪᠠᠴᠤ ᠢᠷᠠᠭᠤ ᠨᠠᠢᠷᠠᠭ ᠲᠤ᠌ ᠠᠪᠢᠶᠠᠰᠲᠠᠢ ᠵᠢᠷ ᠦ᠋ᠨ ᠨᠢᠭᠡ ᠡᠮᠡᠭᠲᠡᠢ ᠠᠩᠬᠠᠨ ᠤ᠋ ᠰᠥᠨᠢ ᠡᠴᠡ ᠦᠯᠡᠳᠡᠵᠦ ᠬᠣᠴᠣᠷᠤᠭᠰᠠᠨ ᠳᠤᠷᠠᠰᠤᠮᠵᠢ ᠪᠠᠨ ᠡᠢᠨᠬᠦ ᠰᠢᠯᠦᠭᠯᠡᠭᠰᠡᠨ ᠢ᠋ᠶ᠋ᠡᠨ ᠨᠠᠳᠠ ᠳ᠋ᠤ᠌ ᠳᠤᠷᠠᠰᠬᠠᠭᠰᠠᠨ ᠶᠤᠮ᠃  
       ᠠᠩᠬᠠᠨ ᠤ᠋ ᠰᠥᠨᠢ ᠁ 
          ᠴᠣᠩᠬᠣ ᠪᠠᠷ ᠥᠯᠢᠢᠭᠰᠡᠨ ᠠᠯᠮᠠᠩ ᠰᠠᠷᠠ 
          ᠴᠣᠭᠣ ᠰᠢᠷᠳᠡᠭᠡᠳ ᠪᠠᠢᠬᠤ ᠰᠢᠭ᠋ ᠠᠨᠢᠷ ᠦᠭᠡᠢ ᠰᠥᠨᠢ 
          ᠴᠢᠪ ᠴᠢᠮᠡᠭᠡ ᠦᠭᠡᠢ ᠠᠮᠢᠰᠬᠤᠯ ᠳᠠᠷᠤᠨ ᠴᠢᠩᠨᠠᠬᠤ ᠰᠢᠭ᠋ 
          ᠢᠴᠢᠬᠦ ᠶ᠋ᠢᠨ ᠵᠣᠪᠠᠯᠠᠩ ᠳ᠋ᠤ᠌ ᠬᠦᠯᠢᠭ ᠲᠡᠢ 
          ᠶᠡᠬᠡ ᠶ᠋ᠢᠨ ᠶᠡᠬᠡ ᠬᠠᠢᠷ᠎ᠠ ᠪᠠᠨ ᠪᠢ ᠢᠯᠡᠴᠢᠯᠡᠭᠡ ᠦᠭᠡᠢ 
          ᠠᠩᠬᠠᠨ ᠤ᠋ ᠰᠥᠨᠢ ᠮᠢᠨᠢ 
          ᠠᠷᠢᠭᠤᠬᠠᠨ ᠴᠦ᠍ ᠭᠡᠰᠡᠨ ᠶᠠᠭᠠᠬᠢᠭᠰᠠᠨ ᠲᠡᠨᠡᠭ ᠪᠣᠢ? 
          ᠴᠢ ᠨᠠᠳᠠ ᠳ᠋ᠤ᠌ ᠬᠠᠢᠷᠠᠲᠠᠢ ᠤᠤ ᠭᠡᠵᠦ 
          ᠴᠢᠮᠡᠭᠡ ᠦᠭᠡᠢ ᠡᠴᠡ ᠴᠢ ᠰᠢᠪᠡᠨᠡᠨ᠎ᠡ 
          ᠬᠠᠷᠢᠶᠠᠴᠠᠢ ᠨᠠᠰᠤᠨ ᠳ᠋ᠤ᠌ ᠤᠴᠠᠷᠠᠭᠰᠠᠨ 
          ᠬᠠᠷᠠᠴᠠᠨ ᠤ᠋ ᠬᠠᠢᠷ᠎ᠠ ᠠ᠋ᠴᠠ ᠪᠠᠨ ᠵᠣᠪᠠᠵᠤ 
          ᠦᠨᠡᠨ ᠢ᠋ᠶ᠋ᠡᠷ ᠢ᠋ᠶ᠋ᠡᠨ ᠴᠢᠮ᠎ᠠ ᠳ᠋ᠤ᠌ ᠥᠭᠭᠦᠭᠰᠡᠨ 
          ᠰᠡᠳᠬᠢᠯ ᠦ᠋ᠨ ᠢ᠋ᠶ᠋ᠡᠨ ᠦᠭᠡ ᠶ᠋ᠢ ᠪᠢ ᠬᠡᠯᠡᠵᠦ ᠴᠢᠳᠠᠭ᠎ᠠ ᠦᠭᠡᠢ 
          ᠥᠬᠢᠨ ᠪᠡᠶ᠎ᠡ ᠪᠡᠨ ᠴᠢᠮ᠎ᠠ ᠳ᠋ᠠᠭᠠᠨ ᠥᠭᠭᠦᠯ᠎ᠡ 
          ᠣᠷᠴᠢᠯᠠᠩ ᠳ᠋ᠤ᠌ ᠭᠠᠭᠴᠠ ᠴᠢ ᠮᠢᠨᠦ ᠬᠠᠢᠷ᠎ᠠ 
          ᠡᠨᠡ ᠯᠡ ᠦᠭᠡ ᠶ᠋ᠢ ᠴᠠᠭ ᠢ᠋ᠶ᠋ᠠᠨ ᠣᠯᠵᠤ ᠬᠡᠯᠡᠭᠡ ᠦᠭᠡᠢ ᠠ᠋ 
          ᠬᠥᠭᠡᠷᠦᠬᠦᠢ᠂ ᠪᠠᠯᠴᠢᠷ ᠤᠬᠠᠭᠠᠨ ᠮᠢᠨᠢ 
          ᠬᠡᠨ ᠴᠦ᠍ ᠬᠦᠷᠦᠭᠡ ᠦᠭᠡᠢ ᠤᠷᠤᠭᠤᠯ ᠢ᠋ ᠮᠢᠨᠢ 
          ᠬᠡᠯᠡ ᠪᠡᠷ ᠢ᠋ᠶ᠋ᠡᠨ ᠴᠢ ᠰᠢᠮᠡᠨ᠎ᠡ ᠣᠵᠣᠨ᠎ᠠ 
          ᠠᠶᠤᠬᠤ ᠢᠴᠢᠬᠦ ᠶ᠋ᠢᠨ ᠬᠦᠯᠢᠭ ᠲᠡᠢ ᠪᠢ ᠴᠢᠨᠢ 
          ᠠᠮᠢ ᠦᠭᠡᠢ ᠶᠦᠮ ᠰᠢᠭ ᠲᠡᠪᠡᠷᠢᠬᠦ ᠴᠦ᠍ ᠦᠭᠡᠢ ᠬᠡᠪᠲᠡᠨ᠎ᠡ 
          ᠣᠯᠠᠨ ᠵᠢᠯ ᠰᠡᠳᠬᠢᠯ ᠢ᠋ᠶ᠋ᠡᠨ ᠰᠢᠨᠠᠯᠭᠠᠵᠤ 
          ᠣᠯᠠᠨ ᠠ᠋ᠴᠠ ᠭᠠᠭᠴᠠᠬᠠᠨ ᠴᠢᠮᠠᠶ᠋ᠢ ᠶ᠋ᠢ ᠬᠠᠢᠷᠠᠯᠠᠬᠤ ᠳ᠋ᠤ᠌ ᠪᠠᠨ 
          ᠣᠩᠭᠣᠨ ᠪᠡᠶ᠎ᠡ ᠪᠡᠨ ᠵᠣᠷᠢᠭᠤᠯᠬᠤ ᠠᠩᠬᠠᠨ ᠤ᠋ ᠰᠥᠨᠢ 
          ᠣᠷᠴᠢᠯᠠᠩ ᠤ᠋ᠨ ᠵᠢᠷᠭᠠᠯ ᠢ᠋ ᠬᠠᠨᠲᠠᠯ᠎ᠠ ᠪᠠᠨ ᠠᠮᠲᠠᠯᠠᠵᠤ 
          ᠳᠤᠯᠠᠭᠠᠨ ᠵᠥᠭᠡᠯᠡᠨ ᠤᠷᠤᠭᠤᠯ ᠢ᠋ ᠴᠢᠨᠢ 
          ᠳᠤᠷ᠎ᠠ ᠪᠠᠨ ᠬᠠᠨᠲᠠᠯ᠎ᠠ ᠦᠨᠦᠰᠴᠦ 
          ᠰᠠᠢᠬᠠᠨ ᠴᠢᠨᠦᠬᠢ ᠪᠡᠨ ᠪᠡᠶ᠎ᠡ ᠶ᠋ᠢ 
          ᠰᠠᠨᠠᠭᠰᠠᠨ ᠢ᠋ᠶ᠋ᠠᠨ ᠮᠠᠷᠲᠠᠲᠠᠯ᠎ᠠ ᠲᠡᠪᠡᠷᠢᠭᠡ ᠦᠭᠡᠢ 
          ᠶᠠᠩᠬᠠᠨ ᠤ᠋ ᠪᠤᠰᠤ ᠠᠷᠢᠭᠤᠨ ᠪᠡᠶ᠎ᠡ ᠪᠡᠷ 
          ᠢᠨᠠᠭ ᠤ᠋ᠨ ᠵᠢᠷᠭᠠᠯ ᠳ᠋ᠤ᠌ ᠠᠭᠤᠰᠤᠨ ᠰᠢᠩᠭᠡᠵᠦ 
          ᠬᠦᠰᠡᠭᠰᠡᠨ ᠭᠠᠵᠠᠷ ᠪᠦᠬᠦᠨ ᠢ᠋ᠶ᠋ᠡᠨ ᠡᠩᠬᠦᠷᠡᠢᠯᠡᠨ 
          ᠬᠦᠯᠢᠶᠡᠭᠰᠡᠨ ᠵᠣᠪᠠᠯᠠᠩ ᠢ᠋ᠶ᠋ᠠᠨ ᠮᠠᠷᠲᠠᠲᠠᠯ᠎ᠠ ᠵᠢᠷᠭᠠᠭ᠎ᠠ ᠦᠭᠡᠢ 
          ᠪᠠᠴᠢᠭᠤᠬᠠᠨ ᠤᠬᠠᠭᠠᠨ ᠪᠣᠳᠣᠯ ᠮᠢᠨᠢ 
          ᠪᠠᠭᠯᠠᠭᠰᠠᠨ ᠢᠴᠢᠬᠦ ᠵᠣᠪᠠᠬᠤ ᠳ᠋ᠤ᠌ 
          ᠪᠠᠢᠳᠠᠭ ᠪᠡᠶ᠎ᠡ ᠬᠦᠯᠢᠭᠳᠡᠴᠢᠬᠡᠭᠡᠳ ᠪᠢ 
          ᠦᠬᠦᠭᠰᠡᠨ ᠮᠡᠲᠦ ᠬᠡᠪᠲᠡᠭᠰᠡᠨ ᠪᠡᠶ᠎ᠡ 
          ᠡᠪᠡᠳᠬᠦ ᠲᠡᠷᠡᠬᠡᠨ ᠭᠱᠠᠨ ᠳ᠋ᠤ᠌ 
          ᠪᠣᠯᠢᠭᠠᠴᠢ᠂ ᠶᠠᠭᠠᠬᠢᠭᠰᠠᠨ ᠮᠠᠭᠤᠬᠠᠢ ᠶᠤᠮ ᠪᠣᠢ ᠭᠡᠵᠦ 
          ᠪᠠᠰᠠ ᠯᠠ ᠲᠡᠨᠡᠭᠯᠡᠨ ᠰᠢᠪᠡᠨᠡᠭᠰᠡᠨ ᠶᠠᠭ ᠯᠠ ᠲᠡᠷᠡ ᠮᠥᠴᠡ ᠳ᠋ᠦ᠍ ᠴᠢ 
          ᠴᠢ ᠨᠠᠳᠠᠳᠤ ᠬᠠᠢᠷ᠎ᠠ ᠦᠭᠡᠢ ᠭᠡᠵᠦ 
          ᠴᠢᠮᠡᠭᠡᠭᠦᠢᠬᠡᠨ ᠵᠢᠷᠦᠬᠡᠨ ᠳ᠋ᠡᠭᠡᠨ ᠭᠣᠮᠣᠳᠠᠭᠰᠠᠨ ᠬᠠᠢᠷ᠎ᠠ 
          ᠡᠨᠡ ᠮᠥᠴᠡ ᠳᠡᠭᠡᠷ᠎ᠡ ᠲᠣᠭᠲᠠᠳᠠᠭ ᠢ᠋ ᠬᠠᠷᠢᠨ 
          ᠲᠡᠭᠡᠬᠦ ᠳ᠋ᠦ᠍ ᠪᠢ ᠮᠡᠳᠡᠭᠡ ᠦᠭᠡᠢ 
          ᠠᠩᠬᠠᠨ ᠤ᠋ ᠰᠥᠨᠢ ᠡᠷᠭᠢᠵᠦ ᠢᠷᠡᠳᠡᠭ ᠰᠠᠨ ᠪᠣᠯ ᠭᠡᠵᠦ 
          ᠠᠯᠳᠠᠭᠰᠠᠨ ᠤᠬᠠᠭᠠᠨ ᠣᠳᠣ ᠴᠦ᠍ ᠭᠡᠮᠰᠢᠭᠰᠡᠭᠡᠷ᠁ 
          ᠴᠢᠮᠠᠲᠤ ᠪᠢ ᠬᠠᠢᠷᠠᠲᠠᠢ ᠭᠡᠵᠦ 
          ᠤᠬᠢᠯᠠᠵᠤ ᠪᠠᠢᠭᠠᠳ ᠲᠡᠪᠡᠷᠢᠬᠦ ᠰᠠᠨ 
          ᠴᠢᠮᠠᠶ᠋ᠢ ᠪᠠᠷ ᠭᠤᠶᠤᠯᠭᠠᠵᠤ ᠦᠨᠡᠷᠬᠡᠯ ᠦᠭᠡᠢ 
          ᠤᠨᠠᠭᠠᠨ ᠪᠡᠶ᠎ᠡ ᠪᠡᠨ ᠨᠢᠴᠦᠭᠦᠯᠡᠬᠦ ᠰᠠᠨ 
          ᠬᠦᠯᠢᠶᠡᠬᠦ ᠶ᠋ᠢᠨ ᠵᠣᠪᠠᠯᠠᠩ ᠳ᠋ᠤ᠌ ᠬᠠᠲᠠᠭᠰᠠᠨ ᠪᠡᠶ᠎ᠡ ᠪᠡᠷ ᠢ᠋ᠶ᠋ᠡᠨ 
          ᠬᠦᠰᠡᠯ ᠬᠠᠢᠷ᠎ᠠ ᠪᠠᠨ ᠵᠢᠷᠭᠠᠭᠠᠬᠤ ᠰᠠᠨ 
          ᠰᠠᠨᠠᠭ᠎ᠠ ᠰᠡᠳᠬᠢᠯ ᠳ᠋ᠦ᠍ ᠮᠥᠩᠬᠡᠷᠡᠭᠰᠡᠨ 
          ᠰᠠᠢᠬᠠᠨ ᠨᠢᠳᠦ ᠪᠡᠶ᠎ᠡ ᠶ᠋ᠢ ᠴᠢᠨᠢ 
          ᠰᠠᠨᠠᠭᠰᠠᠨ ᠴᠠᠩᠭᠠᠭ᠎ᠠ ᠪᠠᠨ ᠲᠡᠢᠯᠡᠲᠡᠯ᠎ᠡ 
          ᠰᠠᠷᠠᠨ ᠳᠣᠣᠷ᠎ᠠ ᠡᠩᠬᠦᠷᠡᠢᠯᠡᠬᠦ ᠰᠠᠨ 
          ᠪᠢ ᠡᠮᠡᠭᠲᠡᠢ ᠬᠥᠮᠦᠨ ᠭᠡᠵᠦ 
          ᠪᠡᠶ᠎ᠡ ᠪᠡᠨ ᠪᠠᠷᠢᠬᠤ ᠶᠠᠭᠠᠬᠢᠭᠰᠠᠨ ᠲᠡᠨᠡᠭ ᠪᠣᠢ 
          ᠪᠢ ᠴᠢᠮᠠᠲᠤ ᠬᠠᠢᠷᠠᠲᠠᠢ ᠭᠡᠳ 
          ᠪᠡᠶ᠎ᠡ ᠰᠡᠳᠬᠢᠯ ᠢ᠋ᠶ᠋ᠡᠨ ᠳᠤᠷ᠎ᠠ ᠪᠠᠷ ᠲᠠᠯᠪᠢᠵᠤ 
          ᠶᠠᠭᠠᠬᠢᠭᠠᠳ ᠪᠣᠯᠬᠤ ᠦᠭᠡᠢ ᠪᠠᠢᠬᠤ ᠪᠣᠢ 
          ᠶᠠᠭᠠᠬᠢᠪᠠᠴᠤ ᠢᠴᠢᠨ᠎ᠡ ᠭᠡᠳᠡᠭ ᠲᠡᠨᠡᠭᠯᠡᠯ 
          ᠪᠡᠶ᠎ᠡ ᠪᠡᠨ ᠡᠪᠡᠳᠬᠡᠬᠦ ᠪᠡᠷ ᠢᠷᠠᠭᠠᠯᠠᠨ ᠢᠨᠠᠭᠯᠠᠵᠤ 
          ᠪᠡᠶ᠎ᠡ ᠪᠡᠨ ᠲᠠᠯᠪᠢᠲᠠᠯ᠎ᠠ ᠳᠤᠷ᠎ᠠ ᠪᠠᠷ ᠢ᠋ᠶ᠋ᠠᠨ ᠴᠡᠩᠭᠡᠵᠦ 
          ᠠᠷᠢᠭᠤᠨ ᠪᠡᠶ᠎ᠡ ᠦᠨᠡᠨ ᠬᠠᠢᠷ᠎ᠠ ᠪᠠᠨ ᠵᠢᠷᠭᠠᠭᠠᠬᠤ ᠪᠠᠷ 
          ᠠᠩᠬᠠᠨ ᠤ᠋ ᠰᠥᠨᠢ ᠡᠷᠭᠢᠵᠦ ᠢᠷᠡᠬᠦ ᠦᠭᠡᠢ!  
       ᠡᠨᠡ ᠰᠢᠯᠦᠭ ᠥᠬᠢᠨ ᠪᠡᠶ᠎ᠡ ᠪᠡᠨ ᠬᠥᠨᠳᠡᠭᠦᠯᠵᠦ ᠪᠠᠢᠭ᠎ᠠ ᠣᠯᠠᠨ ᠪᠦᠰᠡᠭᠦᠢ ᠶ᠋ᠢᠨ ᠰᠡᠳᠬᠢᠯ ᠢ᠋ ᠨᠡᠪᠲᠡ ᠬᠠᠷᠠᠭᠤᠯᠤᠨ᠎ᠠ᠃ ᠡᠴᠦᠰ ᠲᠦ᠍ ᠨᠢ ᠴᠣᠮᠣᠷᠯᠢᠭ ᠢ᠋ᠶ᠋ᠠᠨ ᠨᠡᠭᠡᠭᠡᠵᠦ ᠪᠣᠢ ᠴᠡᠴᠡᠭ ᠰᠢᠭ᠋ ᠬᠣᠩᠭᠣᠷᠬᠠᠨ ᠥᠬᠢᠨ᠂ ᠲᠠ ᠨᠠᠷ ᠢ᠋ ᠪᠡᠨ ᠭᠠᠭᠴᠠ ᠨᠠᠰᠤᠨ ᠤ᠋ ᠠᠮᠢᠳᠤᠷᠠᠯ ᠢ᠋ᠶ᠋ᠠᠨ ᠪᠢᠲᠡᠭᠡᠢ ᠠᠯᠳᠠᠵᠤ ᠣᠨᠣᠭᠠᠰᠠᠢ ᠰᠡᠳᠬᠢᠯ ᠦ᠋ᠨ ᠡᠭᠦᠳᠡᠨ ᠡᠴᠡ ᠨᠢᠭᠡ ᠰᠤᠷᠭᠠᠮᠵᠢ ᠬᠡᠯᠡᠶ᠎ᠡ᠃ ᠥᠬᠢᠨ᠂ ᠲᠠᠨᠠᠷ ᠪᠣᠯ ᠢᠷᠡᠭᠡᠳᠦᠢ ᠶ᠋ᠢᠨ ᠡᠬᠡᠴᠦᠳ ᠪᠢᠯᠡ᠃ ᠲᠡᠢᠮᠦ ᠡᠴᠡ ᠡᠨᠡ ᠶᠢᠷᠲᠢᠨᠴᠦ ᠳ᠋ᠦ᠍ ᠪᠦᠰᠡᠭᠦᠢ ᠬᠥᠮᠦᠨ ᠦ᠌ ᠠᠷᠢᠭᠤᠨ ᠪᠡᠶ᠎ᠡ ᠶ᠋ᠢ ᠣᠯᠵᠤ ᠲᠥᠷᠥᠭᠰᠡᠨ ᠬᠡᠨ ᠪᠣᠯᠪᠠᠴᠤ ᠨᠡᠷ᠎ᠡ ᠠᠯᠳᠠᠷ ᠢ᠋ᠶ᠋ᠠᠨ ᠢᠮᠠᠭᠲᠠ ᠡᠷᠬᠢᠮᠯᠡᠨ ᠶᠠᠪᠤᠬᠤ ᠤᠴᠢᠷ ᠲᠠᠢ᠃ ᠪᠤᠰᠤᠳ ᠲᠤ᠌ ᠤᠷᠤᠭᠤ ᠲᠠᠲᠠᠭᠳᠠᠨ᠂ ᠶᠠᠭᠠᠬᠢᠭ᠎ᠠ ᠴᠦ᠍ ᠦᠭᠡᠢ ᠪᠠᠢᠵᠤ ᠠᠮᠢᠳᠤᠷᠠᠯ ᠳ᠋ᠤ᠌ ᠪᠢᠲᠡᠭᠡᠢ ᠡᠷᠲᠡ ᠣᠷᠣᠭᠠᠷᠠᠢ᠃ ᠵᠠᠯᠠᠭᠤ ᠨᠠᠰᠤᠨ ᠮᠥᠩᠬᠡ ᠪᠤᠰᠤ ᠶ᠋ᠢᠨ ᠤᠴᠢᠷ ᠬᠣᠵᠢᠮ ᠬᠣᠢᠴᠢ ᠶ᠋ᠢᠨ ᠡᠳᠦᠷ ᠬᠠᠷᠠᠮᠰᠠᠨ ᠬᠠᠯᠠᠭᠯᠠᠵᠤ᠂ ᠠᠮᠠ ᠪᠠᠨ ᠪᠠᠷᠢᠬᠤ ᠦᠭᠡᠢ ᠭᠡᠪᠡᠯ ᠨᠠᠰᠤᠨ ᠤ᠋ ᠬᠠᠨᠢ ᠪᠠᠨ ᠠᠩᠬᠠᠨ ᠠ᠋ᠴᠠ ᠪᠠᠨ ᠵᠥᠪ ᠰᠢᠯᠢᠨ ᠰᠣᠩᠭᠣ᠃ ᠨᠢᠳᠦᠨ ᠳ᠋ᠦ᠍ ᠥᠷᠲᠥᠭᠰᠡᠨ ᠪᠦᠬᠦᠨ᠂ ᠠᠮᠠ ᠨᠡᠭᠡᠭᠡᠵᠦ ᠬᠠᠢᠷ᠎ᠠ ᠰᠡᠳᠬᠢᠯ ᠠᠮᠠᠯᠠᠭᠰᠠᠨ ᠪᠣᠯᠭᠠᠨ ᠠᠮᠢᠳᠤᠷᠠᠯ ᠳ᠋ᠤ᠌ ᠠᠵᠠ ᠵᠢᠷᠭᠠᠯ ᠠᠪᠴᠢᠷᠠᠳᠠᠭ ᠪᠤᠰᠤ ᠠ᠋᠃