ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠬᠣᠶᠠᠷ᠂ ᠡᠷ᠎ᠡ ᠡᠮ᠎ᠡ ᠪᠣᠯᠵᠤ ᠲᠥᠷᠥᠬᠦ ᠶ᠋ᠢᠨ ᠵᠠᠶᠠᠭ᠎ᠠ ᠲᠠᠪᠢᠯᠠᠩ Эр эмийн ёсон – Д᠂ Болдцэрэн <Нэгдүгээр бүлэг>– Ххоёр ᠂ Эр эм болж төрөхийн заяа
ᠬᠣᠶᠠᠷ᠂ ᠡᠷ᠎ᠡ ᠡᠮ᠎ᠡ ᠪᠣᠯᠵᠤ ᠲᠥᠷᠥᠬᠦ ᠶ᠋ᠢᠨ ᠵᠠᠶᠠᠭ᠎ᠠ ᠲᠠᠪᠢᠯᠠᠩ
ᠪᠡᠯᠭᠡ ᠠᠮᠢᠳᠤᠷᠠᠯ ᠤ᠋ᠨ ᠦᠨᠳᠦᠰᠦᠨ ᠬᠡᠯᠪᠡᠷᠢ ᠨᠢ ᠬᠤᠷᠢᠴᠠᠯ ᠪᠢᠯᠡ᠃ ᠡᠨᠡ ᠨᠢ ᠡᠰᠡᠷᠭᠦ ᠲᠡᠰᠡᠷᠭᠦ ᠬᠣᠶᠠᠷ ᠬᠦᠢᠰᠦ ᠶ᠋ᠢᠨ ᠢᠳᠡᠪᠬᠢᠲᠡᠢ ᠣᠷᠣᠯᠴᠠᠭ᠎ᠠ ᠲᠠᠢ ᠶᠠᠪᠤᠭᠳᠠᠳᠠᠭ ᠴᠣᠷ ᠤ᠋ᠨ ᠭᠠᠭᠴᠠ ᠹᠢᠽᠢᠣᠯᠣᠭᠢ ᠶ᠋ᠢᠨ ᠦᠢᠯᠡᠳᠦᠯ ᠤᠴᠢᠷ ᠠ᠋ᠴᠠ ᠡᠷᠡᠭᠲᠡᠢ ᠡᠮᠡᠭᠲᠡᠢ ᠬᠥᠮᠦᠨ ᠲᠤᠰ ᠪᠦᠷᠢ ᠳ᠋ᠦ᠍《ᠡᠭᠦᠯᠡ ᠪᠣᠷᠣᠭᠠᠨ ᠤ᠋ ᠶᠠᠪᠤᠳᠠᠯ》 ᠶᠠᠮᠠᠷ ᠣᠨᠴᠠᠯᠢᠭ ᠲᠠᠢ ᠶᠠᠪᠤᠭᠳᠠᠳᠠᠭ ᠢ᠋ ᠨᠢᠭᠡᠨ ᠵᠡᠷᠭᠡ ᠠᠪᠴᠤ᠃ ᠦᠵᠡᠬᠦ ᠨᠢ ᠵᠦᠢᠲᠡᠢ᠃ ᠡᠬᠢᠯᠡᠭᠡᠳ ᠡᠷᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠤ᠋ᠨ ᠣᠨᠴᠠᠯᠢᠭ ᠤ᠋ᠨ ᠲᠤᠬᠠᠢ ᠥᠭᠦᠯᠡᠶ᠎ᠡ᠃ ᠡᠷᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠶᠡᠬᠡ ᠪᠡᠶ᠎ᠡ ᠶ᠋ᠢᠨ ᠪᠠ ᠰᠡᠳᠬᠢᠯ ᠦ᠋ᠨ ᠭᠡᠰᠡᠨ ᠬᠣᠶᠠᠷ ᠡᠬᠢ ᠡᠭᠦᠰᠪᠦᠷᠢ ᠲᠡᠢ ᠪᠠᠢᠨ᠎ᠠ᠃ ᠡᠬᠢᠨ ᠬᠢᠨᠢ ᠥᠰᠪᠥᠷᠢ ᠨᠠᠰᠤᠨ ᠠ᠋ᠴᠠ(13-16 ᠨᠠᠰᠤ)᠂ ᠥᠲᠡᠯᠬᠦ(67-80 ᠨᠠᠰᠤ) ᠬᠦᠷᠲᠡᠯ᠎ᠡ ᠡᠷ᠎ᠡ ᠬᠥᠮᠦᠨ ᠤ ᠪᠡᠶ᠎ᠡ ᠳ᠋ᠦ᠍ ᠳᠥᠷᠪᠡᠨ ᠴᠠᠭ ᠤ᠋ᠨ ᠡᠷᠭᠢᠯᠲᠡ ᠳ᠋ᠦ᠍ ᠲᠤᠵᠢ ᠪᠣᠯᠪᠠᠰᠤᠷᠠᠵᠤ ᠪᠠᠢᠳᠠᠭ ᠦᠷ᠎ᠡ ᠶ᠋ᠢᠨ ᠰᠢᠩᠭᠡᠨ ᠶᠦᠮ᠃ ᠡᠨᠡ ᠨᠢ ᠲᠥᠮᠥᠰᠥ ᠶ᠋ᠢᠨ ᠲᠠᠬᠢᠷ ᠰᠣᠪᠠᠭᠠᠨᠴᠢᠷ ᠲᠤ᠌ ᠪᠣᠯᠪᠠᠰᠤᠷᠠᠳᠠᠭ ᠡᠷ᠎ᠡ ᠪᠡᠯᠭᠡ ᠶ᠋ᠢᠨ ᠡᠰ᠂ ᠦᠷ᠎ᠡ ᠶ᠋ᠢᠨ ᠴᠥᠪᠥᠷᠢᠭᠦᠦ ᠶ᠋ᠢᠨ ᠱᠦᠭᠦᠷᠡᠯ᠂ ᠲᠦᠷᠦᠭᠦᠦ ᠪᠤᠯᠴᠢᠷᠬᠠᠢ ᠶ᠋ᠢᠨ ᠱᠦᠭᠦᠰᠦ ᠵᠡᠷᠭᠡ ᠡᠴᠡ ᠪᠦᠲᠦᠭᠰᠡᠨ ᠬᠣᠯᠢᠮᠠᠭ ᠰᠢᠩᠭᠡᠨ ᠪᠢᠯᠡ᠃ ᠬᠡᠳᠦᠢᠪᠡᠷ ᠦᠷ᠎ᠡ ᠶ᠋ᠢᠨ ᠰᠢᠩᠭᠡᠨ ᠡᠷᠡᠭᠲᠡᠢ ᠬᠥᠮᠦᠨ ᠤ ᠪᠡᠶ᠎ᠡ ᠳ᠋ᠦ᠍ ᠲᠠᠰᠤᠷᠠᠯᠲᠠ ᠦᠭᠡᠢ ᠪᠣᠯᠪᠠᠰᠤᠷᠠᠵᠤ ᠪᠠᠢᠳᠠᠭ ᠴᠦ᠍ ᠭᠡᠰᠡᠨ ᠲᠡᠷᠡ ᠨᠢ ᠡᠮᠡᠭᠲᠡᠢ ᠬᠥᠮᠦᠨ ᠲᠡᠢ ᠡᠩᠭᠡᠷ ᠵᠥᠷᠢᠭᠦᠯᠬᠦ ᠲᠣᠭᠠᠯᠠᠭᠠᠨ ᠢ᠋ᠶ᠋ᠠᠷ ᠬᠣᠷᠣᠮᠬᠠᠨ ᠵᠠᠭᠤᠷ᠎ᠠ ᠪᠡᠯᠡᠨ ᠪᠣᠯᠴᠢᠬᠠᠳᠠᠭ ᠦᠭᠡᠢ᠃ ᠲᠡᠭᠦᠨ ᠢ᠋ ᠪᠦᠲᠦᠭᠡᠬᠦ ᠳ᠋ᠦ᠍ ᠣᠢᠷᠠᠯᠴᠠᠭ᠎ᠠ ᠪᠠᠷ ᠬᠣᠶᠠᠷ ᠬᠣᠨᠣᠭ ᠱᠠᠭᠠᠷᠳᠠᠯᠭ᠎ᠠ ᠲᠠᠢ ᠪᠥᠭᠡᠳ ᠪᠡᠯᠡᠨ ᠪᠣᠯᠤᠭᠰᠠᠨ《ᠪᠦᠲᠦᠭᠡᠭᠳᠡᠬᠦᠨ》 ᠨᠢ ᠦᠷ᠎ᠡ ᠳᠠᠮᠵᠢᠭᠤᠯᠬᠤ᠂ ᠴᠠᠴᠤᠬᠤ ᠴᠣᠷᠭᠣ᠂ ᠰᠢᠭᠡᠰᠦᠨ ᠦ᠌ ᠰᠦᠪᠡ ᠵᠡᠷᠭᠡ ᠶ᠋ᠢ ᠳᠠᠭᠠᠷᠢᠨ ᠭᠠᠳᠠᠭᠰᠢ ᠪᠠᠨ ᠢᠯᠭᠠᠷᠠᠨ ᠭᠠᠷᠬᠤ ᠬᠦᠷᠲᠡᠯ᠎ᠡ ᠪᠠᠷᠤᠭ ᠨᠠᠢ᠍ᠮᠠᠨ ᠠᠯᠲᠠ ᠤᠷᠲᠤ ᠵᠠᠮ ᠢ᠋ ᠲᠤᠭᠤᠯᠳᠠᠭ ᠠᠵᠠᠢ᠃ ᠡᠨᠡ ᠨᠢ ᠦᠨᠡᠬᠡᠷ ᠬᠡᠨ ᠦ᠌ ᠴᠦ᠍ ᠰᠠᠨᠠᠭᠠᠨ ᠳ᠋ᠤ᠌ ᠪᠠᠭᠤᠮᠠᠷ ᠦᠭᠡᠢ ᠪᠢᠣᠯᠣᠭᠢ ᠶ᠋ᠢᠨ ᠦᠵᠡᠭᠳᠡᠯ ᠶᠦᠮ᠃ ᠡᠷ᠎ᠡ ᠪᠡᠯᠭᠡ ᠶ᠋ᠢᠨ ᠡᠰ— ᠦᠷ᠎ᠡ ᠶ᠋ᠢᠨ ᠰᠢᠩᠭᠡᠨ ᠬᠣᠶᠠᠷ ᠬᠣᠨᠣᠭ ᠤ᠋ᠨ ᠳᠣᠲᠣᠷ᠎ᠠ ᠪᠦᠷᠢᠨ ᠪᠣᠯᠪᠠᠰᠤᠷᠠᠵᠤ ᠭᠦᠢᠴᠡᠳᠡᠭ ᠦ᠋ᠨ ᠤᠴᠢᠷ ᠠ᠋ᠴᠠ ᠠᠵᠢᠯ᠂ ᠠᠮᠢᠳᠤᠷᠠᠯ ᠤ᠋ᠨ ᠠᠷᠭ᠎ᠠ ᠦᠭᠡᠢ ᠪᠠᠢᠳᠠᠯ ᠤ᠋ᠨ ᠤᠯᠠᠮ ᠠ᠋ᠴᠠ ᠡᠷᠡᠭᠲᠡᠢ ᠬᠥᠮᠦᠨ ᠣᠯᠠᠨ ᠬᠣᠨᠣᠭ᠂ ᠰᠠᠷ᠎ᠠ《ᠰᠣᠢᠭᠳᠠᠬᠤ》 ᠳ᠋ᠤ᠌ ᠦᠷ᠎ᠡ ᠶ᠋ᠢᠨ ᠰᠢᠩᠭᠡᠨ ᠨᠢ ᠪᠠᠢᠬᠤ 《ᠰᠠᠪᠠᠨ ᠳ᠋ᠠᠭᠠᠨ》 ᠬᠤᠷᠠᠮᠳᠠᠭᠤᠯᠤᠭᠳᠠᠨ ᠳᠦᠭᠦᠷᠴᠦ᠂ ᠲᠡᠭᠦᠨ ᠢ᠋ ᠪᠡᠶ᠎ᠡ ᠡᠴᠡ ᠭᠠᠳᠠᠭᠰᠢᠯᠠᠭᠤᠯᠬᠤ ᠶ᠋ᠢ ᠵᠦᠢ ᠶᠣᠰᠣᠭᠠᠷ ᠱᠠᠭᠠᠷᠳᠠᠨ᠎ᠠ᠃ ᠡᠨᠡ ᠨᠢ ᠳᠠᠪᠤᠰᠠᠩ ᠰᠢᠭᠡᠰᠦ ᠪᠡᠷ ᠳᠦᠭᠦᠷᠴᠦ ᠴᠢᠨᠦᠷᠡᠵᠦ ᠰᠢᠭᠡᠬᠦ ᠰᠠᠷᠠᠯ ᠡᠭᠦᠰᠬᠡᠳᠡᠭ ᠲᠡᠢ ᠬᠤᠪᠢ ᠠᠳᠠᠯᠢ ᠶᠤᠮ᠃ ᠡᠢᠮᠦ ᠳ᠋ᠦ᠍ ᠥᠰᠪᠥᠷᠢ ᠨᠠᠰᠤᠨ ᠤ᠋ ᠬᠡᠦᠬᠡᠳ ᠲᠡᠳᠦᠢ ᠦᠭᠡᠢ᠂ ᠨᠠᠰᠤ᠂ ᠪᠡᠶ᠎ᠡ ᠭᠦᠢᠴᠡᠭᠰᠡᠨ ᠡᠷ᠎ᠡ ᠬᠥᠮᠦᠨ ᠡᠬᠡᠨᠡᠷ ᠡᠴᠡ ᠪᠡᠨ ᠣᠯᠠᠨ ᠬᠣᠨᠣᠭ ᠰᠠᠷ᠎ᠠ ᠬᠣᠯᠠ ᠪᠠᠢᠬᠤ ᠳ᠋ᠤ᠌ ᠳᠤᠷ᠎ᠠ ᠬᠦᠷᠬᠦ ᠵᠡᠭᠦᠳᠦ ᠵᠡᠭᠦᠳᠦᠯᠡᠵᠦ᠂ ᠤᠯᠠᠮ ᠢ᠋ᠶ᠋ᠠᠷ ᠵᠡᠭᠦᠳᠦ ᠨᠣᠢᠷ ᠲᠠᠭᠠᠨ ᠦᠷ᠎ᠡ ᠶ᠋ᠢᠨ ᠰᠢᠩᠭᠡᠨ ᠭᠠᠷᠭᠠᠴᠢᠬᠠᠬᠤ(ᠡᠮᠨᠡᠯᠭᠡ ᠶ᠋ᠢᠨ ᠬᠡᠯᠡ ᠪᠡᠷ ᠫᠤᠯᠶᠥ᠋ᠽᠢ ᠭᠡᠳᠡᠭ) ᠶᠠᠪᠤᠳᠠᠯ ᠶᠤᠮ᠃ ᠡᠨᠡ ᠨᠢ ᠡᠪᠡᠳᠴᠢᠨ ᠪᠢᠰᠢ᠂ ᠬᠡᠪ ᠦ᠋ᠨ ᠹᠢᠽᠢᠣᠯᠣᠭᠢ ᠶ᠋ᠢᠨ ᠦᠵᠡᠭᠳᠡᠯ ᠪᠥᠭᠡᠳ ᠡᠷᠡᠭᠲᠡᠢ ᠬᠥᠮᠦᠨ ᠦ᠌ ᠪᠡᠶ᠎ᠡ ᠮᠠᠬᠠᠪᠣᠳ ᠰᠢᠩᠭᠡᠨ ᠦ᠌ ᠪᠡᠶ᠎ᠡ ᠶ᠋ᠢᠨ ᠢᠯᠡᠭᠦᠳᠡᠯ ᠢ᠋ᠶ᠋ᠡᠨ ᠵᠡᠭᠦᠳᠦ ᠨᠣᠢᠷ ᠲᠠᠭᠠᠨ ᠠᠯᠳᠠᠬᠤ ᠵᠠᠮ ᠢ᠋ᠶ᠋ᠠᠷ ᠪᠡᠶ᠎ᠡ ᠡᠴᠡ ᠪᠡᠨ ᠭᠠᠳᠠᠭᠰᠢᠯᠠᠭᠤᠯᠤᠨ ᠰᠤᠯᠠᠯᠠᠵᠤ᠂ ᠪᠡᠯᠭᠡ ᠶ᠋ᠢᠨ ᠲᠡᠩᠴᠡᠪᠦᠷᠢᠲᠦ ᠪᠠᠢᠳᠠᠯ ᠢ᠋ᠶ᠋ᠠᠨ ᠬᠡᠪ ᠢ᠋ᠶ᠋ᠡᠷ ᠬᠠᠳᠠᠭᠠᠯᠠᠵᠤ ᠪᠣᠢ ᠡᠭᠡᠨᠡᠭᠰᠢᠨ ᠳᠠᠰᠤᠨ ᠵᠣᠬᠢᠴᠠᠬᠤ ᠬᠠᠷᠢᠭᠤ ᠤᠷᠪᠠᠯ ᠶᠤᠮ᠃ ᠲᠦᠷᠦᠭᠦᠦ ᠪᠤᠯᠴᠢᠷᠬᠠᠢ ᠶ᠋ᠢᠨ ᠱᠦᠭᠦᠰᠦ ᠴᠢᠰᠤᠨ ᠳ᠋ᠤ᠌ ᠬᠡᠳᠦᠢ ᠴᠠᠭ ᠪᠠᠭ᠎ᠠ ᠪᠠᠢᠪᠠᠯ᠂ ᠲᠡᠳᠦᠢ ᠴᠢᠨᠡᠭᠡ ᠪᠡᠯᠭᠡ ᠶ᠋ᠢᠨ ᠪᠤᠯᠴᠢᠷᠬᠠᠢ ᠶ᠋ᠢᠨ ᠦᠢᠯᠡ ᠠᠵᠢᠯᠯᠠᠭ᠎ᠠ ᠶ᠋ᠢ ᠰᠡᠷᠭᠦᠭᠡᠳᠡᠭ᠃ ᠬᠡᠷᠪᠡ ᠲᠦᠷᠦᠭᠦᠦ ᠪᠤᠯᠴᠢᠷᠬᠠᠢ ᠶ᠋ᠢᠨ ᠱᠦᠭᠦᠰᠦ ᠶᠡᠬᠡᠳᠪᠡᠯ ᠪᠡᠯᠭᠡ ᠶ᠋ᠢᠨ ᠪᠤᠯᠴᠢᠷᠬᠠᠢ ᠶ᠋ᠢᠨ ᠦᠢᠯᠡ ᠠᠵᠢᠯᠯᠠᠭ᠎ᠠ ᠳᠠᠷᠤᠭᠳᠠᠳᠠᠭ ᠪᠢᠯᠡ᠃ ᠡᠢᠮᠦ ᠡᠴᠡ ᠬᠤᠷᠢᠴᠠᠯ ᠤ᠋ᠨ ᠲᠣᠭ᠎ᠠ ᠴᠥᠭᠡᠷᠡᠵᠦ ᠬᠤᠷᠢᠴᠠᠯ ᠦᠢᠯᠡᠳᠬᠦ ᠵᠠᠢ ᠬᠣᠯᠠᠳᠠᠬᠤ ᠶ᠋ᠢᠨ ᠬᠢᠷᠢ ᠪᠡᠷ ᠡᠷᠡᠭᠲᠡᠢ ᠬᠥᠮᠦᠨ ᠦ᠌ ᠪᠡᠯᠭᠡ ᠡᠷᠬᠡᠲᠡᠨ ᠬᠥᠪᠴᠢᠷᠡᠬᠦ ᠨᠢ ᠮᠠᠭᠤᠳᠠᠵᠤ᠂《 ᠡᠩᠭᠡᠷ ᠵᠥᠷᠢᠭᠦᠯᠬᠦ》 ᠳᠤᠷ᠎ᠠ ᠬᠦᠰᠡᠯ ᠨᠢ ᠤᠯᠠᠮ ᠪᠠᠭᠠᠰᠤᠨ᠎ᠠ᠃ ᠡᠭᠦᠨ ᠢ᠋ ᠡᠮᠡᠭᠲᠡᠢ ᠬᠥᠮᠦᠨ ᠰᠠᠢᠨ ᠤᠬᠠᠭᠠᠷᠠᠵᠤ ᠡᠷ᠎ᠡ ᠨᠥᠬᠥᠷ ᠴᠢᠨᠢ ᠥᠪᠡᠷ ᠢ᠋ ᠴᠢᠨᠢ ᠬᠦᠰᠡᠭᠡᠳ ᠢᠷᠡᠭᠰᠡᠨ ᠦᠶ᠎ᠡ ᠳ᠋ᠦ᠍ᠨᠢ ᠪᠢᠲᠡᠭᠡᠢ ᠭᠣᠮᠣᠳᠠᠭᠠᠭᠠᠷᠠᠢ ᠭᠡᠵᠦ ᠵᠥᠪᠯᠡᠵᠦ ᠪᠠᠢᠨ᠎ᠠ᠃ ᠣᠯᠠᠨ ᠰᠠᠷ᠎ᠠ ᠬᠣᠨᠣᠭ ᠰᠤᠭᠳᠠᠢᠭᠰᠠᠨ ᠲᠡᠷᠡ ᠡᠷ᠎ᠡ ᠬᠥᠮᠦᠨ ᠦ᠌ ᠦᠷ᠎ᠡ ᠶ᠋ᠢᠨ ᠰᠢᠩᠭᠡᠨ ᠬᠣᠷᠮᠳᠠᠭᠤᠯᠤᠭᠳᠤᠵᠤ ᠪᠠᠢᠬᠤ ᠰᠠᠪᠠᠨ ᠢ᠋ᠶ᠋ᠠᠨ ᠳᠦᠭᠦᠷᠦᠭᠰᠡᠨ ᠡᠴᠡ ᠦᠷ᠎ᠡ ᠶ᠋ᠢᠨ ᠰᠢᠩᠭᠡᠨ ᠨᠦ᠍ᠭᠦᠳ ᠲᠦᠷᠭᠡᠨ ᠠᠯᠳᠠᠵᠤ ᠳᠤᠷ᠎ᠠ ᠨᠢ ᠬᠤᠷᠳᠤᠨ ᠬᠠᠨᠳᠠᠭ᠃ ᠡᠭᠦᠨ ᠦ᠌ ᠤᠴᠢᠷ ᠢ᠋ ᠵᠠᠷᠢᠮ ᠡᠷᠡᠴᠦᠳ ᠪᠤᠷᠤᠭᠤ ᠣᠢᠯᠭᠠᠨ ᠠᠶᠤᠬᠤ᠂ ᠭᠠᠢᠬᠠᠬᠤ᠂ ᠡᠷᠡᠭᠡᠯᠵᠡᠨ ᠲᠡᠭᠡᠨᠡᠭᠡᠯᠵᠡᠬᠦ ᠲᠡᠳᠦᠢ ᠦᠭᠡᠢ ᠪᠡᠯᠭᠡ ᠶ᠋ᠢᠨ ᠰᠤᠯᠠᠷᠠᠯ ᠲᠠᠢ ᠪᠣᠯᠴᠢᠬᠠᠭᠰᠠᠨ ᠭᠡᠵᠦ ᠰᠡᠳᠬᠢᠯ ᠢ᠋ᠶ᠋ᠡᠷ ᠰᠢᠨᠠᠯᠤᠨ ᠵᠣᠪᠠᠬᠤ ᠨᠢ ᠪᠣᠢ᠃
ᠡᠷᠡᠭᠲᠡᠢ ᠬᠥᠮᠦᠨ ᠲᠡᠢ ᠨᠢᠭᠡᠯᠡ ᠠᠳᠠᠯᠢ ᠡᠮᠡᠭᠲᠡᠢ ᠬᠥᠮᠦᠨ ᠳ᠋ᠦ᠍ ᠴᠦ᠍ ᠪᠠᠰᠠ ᠪᠡᠯᠭᠡ ᠶ᠋ᠢᠨ ᠳᠤᠷ᠎ᠠ ᠲᠠᠴᠢᠶᠠᠯ᠂ ᠪᠡᠯᠭᠡ ᠶ᠋ᠢᠨ ᠰᠠᠷᠠᠯ᠂ ᠳᠤᠷ᠎ᠠ ᠬᠠᠩᠬᠤ ᠮᠡᠳᠡᠷᠡᠮᠵᠢ ᠪᠠᠢᠳᠠᠭ ᠪᠥᠭᠡᠳ ᠡᠨᠡ ᠨᠢ ᠲᠡᠭᠦᠨ ᠳ᠋ᠦ᠍ ᠪᠠᠢᠭᠠᠯᠢ ᠡᠬᠡ ᠬᠠᠢᠷᠠᠯᠠᠭᠰᠠᠨ《 ᠬᠡᠰᠢᠭ》 ᠶᠦᠮ᠃ ᠭᠡᠪᠡᠴᠦ ᠡᠮᠡᠭᠲᠡᠢ ᠬᠥᠮᠦᠨ ᠪᠣᠯᠭᠠᠨ ᠳ᠋ᠤ᠌ ᠪᠠᠢᠭᠠᠯᠢ ᠶ᠋ᠢᠨ ᠡᠨᠡ ᠬᠡᠰᠢᠭ ᠬᠠᠷᠢᠯᠴᠠᠨ ᠠᠳᠠᠯᠢ ᠦᠭᠡᠢ ᠵᠠᠶᠠᠭᠠᠵᠠᠢ᠃ ᠰᠸᠺᠰᠤᠯᠤᠬᠢᠴᠢᠳ ᠤ᠋ᠨ ᠪᠢᠴᠢᠭᠰᠡᠨ ᠢ᠋ᠶ᠋ᠡᠷ᠂ ᠲᠡᠳᠡᠨ ᠦ᠌20 ᠬᠤᠪᠢ ᠵᠠᠶᠠᠭ᠎ᠠ ᠨᠡᠯᠢᠶᠡᠳ ᠲᠠᠴᠢᠶᠠᠩᠭᠤᠢ᠂ ᠮᠡᠳᠡᠷᠡᠮᠡᠲᠡᠭᠡᠢ ᠪᠠᠢᠳᠠᠭ ᠪᠣᠯ30 ᠬᠤᠪᠢ ᠨᠢ ᠬᠤᠷᠢᠴᠠᠯ ᠳ᠋ᠤ᠌ ᠶᠠᠮᠠᠷ ᠴᠦ᠍ ᠳᠤᠷ᠎ᠠ ᠰᠣᠨᠢᠷᠬᠠᠯ ᠦᠭᠡᠢ ᠪᠠᠢᠳᠠᠭ ᠠᠵᠠᠢ᠃ ᠦᠯᠡᠳᠡᠭᠰᠡᠨ50 ᠬᠤᠪᠢ ᠨᠢ《ᠡᠬᠡ ᠶ᠋ᠢ ᠨᠢ ᠡᠴᠡᠭᠡᠵᠦ᠂ ᠲᠤᠭᠤᠯ ᠢ᠋ ᠨᠢ ᠲᠣᠷᠭᠠᠬᠤ ᠦᠭᠡᠢ》 ᠡᠷ᠎ᠡ ᠨᠥᠬᠥᠷ ᠢ᠋ᠶ᠋ᠡᠨ ᠠᠶᠠᠯᠳᠤᠨ ᠳᠠᠭᠠᠳᠠᠭ ᠪᠠᠢᠨ᠎ᠠ᠃ ᠲᠡᠭᠦᠨᠴᠢᠯᠡᠨ ᠠᠷᠪᠠᠨ ᠡᠮᠡᠭᠲᠡᠢ ᠳᠣᠳᠣᠮ ᠬᠣᠶᠠᠷ ᠨᠢ ᠡᠷ᠎ᠡ ᠨᠥᠬᠥᠷ ᠡᠴᠡ ᠪᠡᠨ ᠢᠯᠡᠭᠦᠦ ᠲᠠᠴᠢᠶᠠᠩᠭᠤᠢ ᠳᠤᠷ᠎ᠠ ᠰᠣᠨᠢᠷᠬᠠᠯ ᠪᠠᠢᠳᠠᠭ ᠪᠠᠢᠨ᠎ᠠ᠃ ᠡᠢᠨᠬᠦ ᠡᠮᠡᠭᠲᠡᠢ ᠬᠥᠮᠦᠨ ᠪᠦᠬᠦᠨ ᠥᠨᠳᠥᠷ ᠨᠠᠮ᠂ ᠥᠷᠭᠡᠨ ᠨᠠᠷᠢᠨ᠂ ᠵᠢᠰᠦ ᠴᠢᠷᠠᠢ᠂ ᠵᠠᠩ ᠠᠭᠠᠰᠢ ᠪᠠᠷ ᠢ᠋ᠶ᠋ᠠᠨ ᠢᠯᠭᠠᠭ᠎ᠠ ᠲᠠᠢ ᠪᠠᠢᠳᠠᠭ ᠰᠢᠭ᠋ ᠪᠡᠯᠭᠡ ᠶ᠋ᠢᠨ ᠳᠤᠷ᠎ᠠ ᠲᠠᠴᠢᠶᠠᠯ ᠨᠢ ᠴᠦ᠍ ᠪᠠᠰᠠ ᠶᠡᠬᠡ᠂ ᠪᠠᠭ᠎ᠠ ᠶᠠᠩᠵᠤ ᠪᠦᠷᠢ ᠶ᠋ᠢᠨ ᠪᠠᠢᠳᠠᠭ ᠠᠵᠠᠢ᠃ ᠡᠷ᠎ᠡ ᠳ᠋ᠦ᠍ ᠭᠠᠷᠤᠭᠰᠠᠨ ᠤ᠋ ᠳᠠᠷᠠᠭ᠎ᠠ ᠡᠬᠢᠨ ᠦ᠌ ᠦᠶ᠎ᠡ ᠳ᠋ᠦ᠍ ᠪᠦᠰᠡᠭᠦᠢ ᠬᠥᠮᠦᠨ ᠪᠡᠯᠭᠡ ᠶ᠋ᠢᠨ ᠠᠮᠢᠳᠤᠷᠠᠯ ᠤ᠋ᠨ ᠲᠠᠯ᠎ᠠ ᠪᠠᠷ ᠲᠡᠷᠡ ᠪᠦᠷᠢ ᠶ᠋ᠢ ᠶᠠᠭᠠᠬᠢᠵᠤ ᠮᠡᠳᠡᠬᠦᠪ᠂ ᠡᠷ᠎ᠡ ᠨᠥᠬᠥᠷ ᠦ᠋ᠨ ᠢ᠋ᠶ᠋ᠡᠨ ᠠᠶ᠎ᠠ ᠶ᠋ᠢ ᠳᠠᠭᠠᠨ᠎ᠠ᠃ ᠥᠭᠡᠷ᠎ᠡ ᠪᠡᠷ ᠬᠡᠯᠡᠪᠡᠯ ᠬᠤᠷᠢᠴᠠᠯ ᠤ᠋ᠨ ᠲᠣᠭ᠎ᠠ᠂ ᠲᠡᠭᠦᠨ ᠢ᠋ ᠦᠢᠯᠡᠳᠬᠦ ᠬᠡᠯᠪᠡᠷᠢ᠂ ᠪᠠᠢᠷᠢᠯᠠᠯ᠂ ᠴᠠᠭ ᠬᠤᠭᠤᠴᠠᠭ᠎ᠠ ᠵᠡᠷᠭᠡ ᠨᠢ ᠴᠥᠮ ᠨᠥᠬᠥᠷ ᠡᠴᠡ ᠪᠡᠨ ᠰᠢᠯᠲᠠᠭᠠᠯᠠᠬᠤ ᠠ᠋ᠴᠠ ᠪᠢᠰᠢ ᠪᠦᠰᠡᠭᠦᠢ ᠬᠥᠮᠦᠨ ᠳ᠋ᠦ᠍ ᠵᠢᠭᠠᠵᠤ ᠰᠤᠷᠭᠠᠭᠠᠳ ᠪᠠᠢᠬᠤ ᠶᠠᠭᠤᠮ᠎ᠠ ᠬᠣᠪᠣᠷ᠃ ᠭᠡᠪᠡᠴᠦ ᠳᠡᠷᠡ ᠨᠡᠢᠯᠡᠭᠦᠯᠦᠭᠰᠡᠨ ᠬᠣᠨᠣᠭ ᠬᠤᠭᠤᠴᠠᠭ᠎ᠠ ᠥᠩᠭᠡᠷᠡᠬᠦ ᠲᠣᠰᠤᠮ ᠪᠦᠰᠡᠭᠦᠢ ᠬᠥᠮᠦᠨ ᠡᠷ᠎ᠡ ᠡᠮ᠎ᠡ ᠶ᠋ᠢᠨ ᠢᠯᠪᠢ ᠤᠬᠠᠭᠠᠨ ᠢ᠋ ᠣᠯᠵᠤ ᠲᠡᠭᠦᠨ ᠦ᠌《ᠴᠠᠭᠠᠨ ᠲᠣᠯᠣᠭᠠᠢ》 ᠶ᠋ᠢ ᠳᠡᠢᠯᠦᠨ᠎ᠡ᠃ ᠲᠡᠢᠮᠦ ᠡᠴᠡ ᠠᠢᠯ ᠭᠡᠷ ᠪᠣᠯᠤᠭᠠᠳ ᠠᠷᠪᠠ ᠭᠠᠷᠤᠢ ᠵᠢᠯ ᠪᠣᠯᠵᠤ ᠪᠠᠢᠭ᠎ᠠ ᠠᠢᠯ ᠤ᠋ᠨ ᠭᠡᠷ ᠦ᠋ᠨ ᠡᠵᠡᠭᠲᠡᠢ ᠠᠮᠢᠳᠤᠷᠠᠯ ᠳ᠋ᠤ᠌ ᠬᠥᠯ ᠢ᠋ᠶ᠋ᠡᠨ ᠳᠥᠩᠭᠡᠵᠢ ᠣᠯᠵᠤ ᠪᠠᠢᠭ᠎ᠠ ᠵᠠᠯᠠᠭᠤᠬᠠᠨ ᠪᠦᠰᠡᠭᠦᠢ ᠶ᠋ᠢᠨ ᠳᠡᠷᠭᠡᠳᠡ ᠬᠠᠪᠢ ᠦᠭᠡᠢ ᠬᠠᠰᠢᠷ ᠰᠠᠭᠤᠵᠤ ᠨᠡᠯᠢᠶᠡᠳ《ᠮᠡᠷᠭᠡᠰᠢᠭᠰᠡᠨ》 ᠪᠠᠢᠨ᠎ᠠ᠃ ᠲᠡᠳᠡ ᠡᠷ᠎ᠡ ᠨᠥᠬᠥᠷ ᠡᠴᠡ ᠪᠡᠨ ᠠᠪᠬᠤ ᠶ᠋ᠢ ᠨᠢ ᠠᠪᠴᠤ ᠥᠭᠬᠦ ᠶ᠋ᠢ ᠨᠢ ᠥᠭᠴᠦ ᠴᠢᠳᠠᠳᠠᠭ ᠪᠣᠯᠬᠤ ᠲᠡᠳᠦᠢ ᠦᠭᠡᠢ ᠰᠠᠢᠨ ᠮᠠᠭᠤ ᠶ᠋ᠢ ᠬᠠᠷᠢᠴᠠᠭᠤᠯᠵᠤ ᠦᠵᠡᠬᠦ ᠲᠡᠢ ᠪᠡᠨ ᠪᠣᠯᠴᠢᠬᠠᠭᠰᠠᠨ ᠪᠠᠢᠨ᠎ᠠ᠃ ᠡᠢᠨᠬᠦ ᠠᠮᠠᠷᠠᠭ ᠬᠣᠣᠰ ᠤ᠋ᠳ ᠠᠮᠢᠳᠤᠷᠠᠯ ᠤ᠋ᠨ ᠶᠠᠪᠤᠴᠠ ᠳ᠋ᠤ᠌ ᠡᠷ᠎ᠡ ᠡᠮ᠎ᠡ ᠶ᠋ᠢᠨ ᠶᠣᠰᠣᠨ ᠤ᠋ ᠡᠷᠳᠡᠮ ᠤᠬᠠᠭᠠᠨ ᠳ᠋ᠤ᠌ ᠰᠤᠷᠤᠯᠴᠠᠵᠤ ᠨᠢᠭᠡ ᠦᠭᠡ ᠪᠡᠷ ᠬᠡᠯᠡᠬᠦ ᠳ᠋ᠦ᠍《ᠠᠯᠪᠠᠨ ᠶᠣᠰᠣᠨ ᠤ᠋ ᠪᠢᠰᠢ》 ᠪᠠᠰᠠ ᠨᠢᠭᠡ《ᠮᠡᠷᠭᠡᠰᠢᠯ》 ᠲᠡᠢ ᠪᠣᠯᠤᠨ᠎ᠠ᠃
ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠦᠨᠳᠦᠰᠦᠨ ᠳ᠋ᠡᠭᠡᠨ ᠬᠣᠶᠠᠷ ᠦᠶ᠎ᠡ ᠱᠠᠲᠤ ᠶ᠋ᠢ ᠳᠠᠮᠵᠢᠨ ᠢᠯᠡᠷᠡᠳᠡᠭ᠃ ᠲᠡᠭᠦᠨ ᠦ᠌ ᠡᠬᠢᠨ ᠦ᠌ ᠦᠶ᠎ᠡ ᠱᠠᠲᠤ ᠨᠢ ᠡᠷ᠎ᠡ ᠨᠥᠬᠥᠷ ᠲᠡᠭᠡᠨ ᠡᠷᠬᠡᠯᠡᠨ ᠳᠠᠭᠠᠯᠠᠭᠤᠯᠬᠤ ᠬᠦᠰᠡᠯ ᠶᠦᠮ᠃ ᠡᠨᠡ ᠨᠢ ᠪᠠᠷᠤᠭ ᠪᠦᠬᠦ ᠡᠮᠡᠭᠲᠡᠢ ᠬᠥᠮᠦᠨ ᠳ᠋ᠦ᠍ ᠪᠠᠢᠳᠠᠭ ᠰᠡᠳᠬᠢᠯ ᠵᠦᠢ ᠶ᠋ᠢᠨ ᠨᠢᠭᠡ ᠣᠨᠴᠠᠯᠢᠭ ᠶᠤᠮ᠃ ᠲᠡᠳᠡᠨ ᠦ᠌ ᠵᠥᠪᠬᠡᠨ ᠨᠢᠭᠡ ᠬᠤᠪᠢ ᠣᠷᠴᠢᠮ ᠨᠢ ᠡᠢᠮᠦ ᠬᠦᠰᠡᠯ ᠦᠭᠡᠢ ᠪᠠᠢᠳᠠᠭ᠃ ᠡᠢᠮᠦ ᠪᠠᠢᠳᠠᠭ ᠨᠢ ᠰᠡᠳᠬᠢᠯ ᠵᠦᠢ ᠶ᠋ᠢᠨ ᠶᠠᠩᠵᠤ ᠪᠦᠷᠢ ᠶ᠋ᠢᠨ ᠡᠪᠡᠳᠴᠢᠨ ᠡᠮᠭᠡᠭ ᠲᠡᠢ ᠬᠣᠯᠪᠣᠭᠠᠲᠠᠢ ᠪᠠᠢᠵᠤ ᠮᠡᠳᠡᠨ᠎ᠡ᠃ ᠲᠤᠬᠠᠢᠯᠠᠪᠠᠯ᠂ ᠰᠢᠽᠦᠹᠸᠷ ᠦ᠋ᠨ ᠡᠪᠡᠳᠴᠢᠨ ᠦ᠌ ᠦᠶ᠎ᠡ ᠳ᠋ᠦ᠍ ᠪᠡᠯᠭᠡ ᠶ᠋ᠢᠨ ᠳᠤᠷ᠎ᠠ ᠲᠠᠴᠢᠶᠠᠯ ᠲᠤᠩ ᠪᠠᠭ᠎ᠠ ᠪᠠᠢᠨ᠎ᠠ᠃ ᠡᠷᠡᠭᠦᠯ ᠰᠠᠷᠠᠭᠤᠯ ᠡᠮᠡᠭᠲᠡᠢ ᠬᠥᠮᠦᠨ ᠪᠦᠬᠦᠨ ᠯᠡ ᠠᠮᠢᠳᠤᠷᠠᠯ ᠤ᠋ᠨ ᠲᠤᠷᠰᠢ ᠪᠠᠨ ᠯᠠ ᠡᠷ᠎ᠡ ᠨᠥᠬᠥᠷ ᠲᠡᠭᠡᠨ ᠡᠷᠬᠡᠯᠡᠬᠦ ᠬᠦᠰᠡᠯᠡᠩ ᠲᠡᠢ ᠪᠠᠢᠳᠠᠭ ᠪᠥᠭᠡᠳ ᠡᠨᠡ ᠨᠢ ᠴᠢᠰᠤᠨ ᠳ᠋ᠠᠬᠢ ᠪᠡᠯᠭᠡ ᠶ᠋ᠢᠨ ᠳᠠᠭᠠᠭᠠᠪᠤᠷᠢ ᠶ᠋ᠢᠨ ᠬᠡᠮᠵᠢᠶᠡᠨ ᠡᠴᠡ ᠨᠡᠯᠢᠶᠡᠳ ᠨᠥᠯᠥᠭᠡᠯᠡᠳᠡᠭ᠃ ᠡᠷᠬᠡᠯᠡᠬᠦ ᠬᠦᠰᠡᠯ ᠭᠣᠣᠯ ᠲᠥᠯᠥᠪ ᠰᠠᠷ᠎ᠠ ᠶ᠋ᠢᠨ ᠲᠡᠮᠳᠡᠭ ᠠᠩᠬ᠎ᠠ ᠦᠵᠡᠭᠰᠡᠨ ᠡᠴᠡ ᠬᠣᠢᠰᠢ ᠪᠣᠢ ᠪᠣᠯᠳᠠᠭ᠃ ᠡᠢᠨᠬᠦ ᠨᠥᠬᠥᠷ ᠲᠦ᠍ ᠭᠠᠷᠤᠭᠰᠠᠨ ᠡᠬᠢᠨ ᠦ᠌ ᠦᠶ᠎ᠡ ᠡᠷ᠎ᠡ ᠨᠥᠬᠥᠷ ᠲᠡᠭᠡᠨ ᠬᠡᠴᠢᠨᠡᠨ ᠬᠠᠢᠷᠠᠲᠠᠢ ᠪᠠᠢᠯ᠎ᠠ ᠴᠦ᠍ ᠭᠡᠰᠡᠨ ᠬᠠᠪᠢᠳᠠᠵᠤ ᠣᠢᠷᠠᠳᠬᠤ ᠶ᠋ᠢ ᠰᠢᠨᠤᠨ ᠲᠡᠮᠡᠦᠯᠳᠡᠭ ᠦᠭᠡᠢ᠃ ᠬᠠᠷᠢᠨ ᠡᠷᠬᠡᠯᠡᠨ ᠨᠠᠭᠠᠳᠴᠤ᠂ ᠦᠨᠦᠰᠦᠨ ᠳᠠᠭᠠᠯᠠᠭᠤᠯᠵᠤ᠂ ᠡᠩᠬᠦᠷᠡᠢᠯᠡᠨ ᠬᠠᠢᠷᠠᠯᠠᠭᠰᠠᠨ ᠦᠭᠡ ᠰᠣᠨᠣᠰᠴᠤ ᠰᠠᠭᠤᠬᠤ ᠨᠢ ᠲᠡᠭᠦᠨ ᠦ᠌ ᠴᠢᠬᠢᠨ ᠳ᠋ᠦ᠍ ᠶᠠᠭᠤᠲᠠᠢ ᠴᠢᠮᠡᠭ ᠪᠣᠯᠳᠠᠭ ᠭᠡᠭᠴᠢ ᠨᠢ! ᠢᠨᠠᠭ ᠬᠠᠢᠷ᠎ᠠ ᠶ᠋ᠢᠨ ᠰᠢᠪᠡᠨᠡᠭᠡ ᠦᠭᠡ ᠨᠢ ᠡᠮᠡᠭᠲᠡᠢ ᠬᠥᠮᠦᠨ ᠦ᠌ ᠪᠡᠶ᠎ᠡ ᠳ᠋ᠦ᠍ ᠱᠦᠷᠭᠦᠭᠡᠨ ᠬᠦᠷᠦᠯᠴᠡᠬᠦ ᠡᠴᠡ ᠢᠯᠡᠭᠦᠦ ᠬᠦᠴᠦᠲᠡᠢ ᠨᠥᠯᠥᠭᠡᠯᠡᠳᠡᠭ ᠪᠢᠯᠡ᠃ ᠳᠡᠷᠡ ᠨᠡᠢᠯᠡᠭᠦᠯᠦᠭᠰᠡᠨ ᠴᠠᠭ ᠠ᠋ᠴᠠ ᠬᠣᠢᠰᠢ ᠡᠷᠬᠡᠯᠡᠨ ᠳᠠᠭᠠᠯᠠᠭᠤᠯᠬᠤ ᠬᠦᠰᠡᠯ ᠦ᠋ᠨ ᠦᠨᠳᠦᠰᠦᠨ ᠳᠡᠭᠡᠷ᠎ᠡ ᠪᠡᠯᠭᠡ ᠶ᠋ᠢᠨ ᠠᠮᠢᠳᠤᠷᠠᠯ ᠤ᠋ᠨ ᠶᠠᠪᠤᠴᠠ ᠳ᠋ᠤ᠌ ᠠᠭᠠᠵᠢᠮ ᠢ᠋ᠶ᠋ᠠᠷ ᠣᠢᠷᠠᠳᠬᠤ ᠬᠦᠰᠡᠯ ᠲᠡᠢ ᠪᠣᠯᠤᠨ᠎ᠠ᠃ ᠡᠨᠡ ᠨᠢ ᠳᠤᠷ᠎ᠠ ᠬᠠᠩᠬᠤ ᠶ᠋ᠢ ᠮᠡᠳᠡᠷᠡᠭᠰᠡᠨ ᠲᠡᠢ ᠬᠣᠯᠪᠣᠭ᠎ᠠ ᠲᠠᠢ ᠮᠥᠷᠲᠡᠭᠡᠨ ᠲᠡᠭᠦᠨ ᠢ᠋ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠤ᠋ᠨ ᠳᠡᠭᠡᠳᠦ ᠴᠠᠭ ᠲᠤᠢᠯ ᠭᠡᠵᠦ ᠬᠡᠯᠡᠵᠦ ᠪᠣᠯᠤᠨ᠎ᠠ᠃ ᠭᠡᠪᠡᠴᠦ ᠡᠷᠬᠡᠯᠡᠬᠦ ᠡᠴᠡ ᠥᠭᠡᠷ᠎ᠡ ᠣᠢᠷᠠᠳᠬᠤ ᠬᠦᠰᠡᠯ ᠭᠡᠭᠴᠢ ᠡᠮᠡᠭᠲᠡᠢ ᠬᠥᠮᠦᠨ ᠪᠦᠬᠦᠨ ᠳ᠋ᠦ᠍ ᠪᠠᠢᠬᠤ ᠠᠯᠪᠠ ᠦᠭᠡᠢ᠃ ᠤᠴᠢᠷ ᠨᠢ ᠵᠠᠷᠢᠮ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠨᠢ ᠵᠥᠪᠬᠡᠨ ᠡᠷᠬᠡᠯᠡᠬᠦ ᠬᠦᠰᠡᠯ ᠢ᠋ᠶ᠋ᠡᠷ ᠬᠢᠵᠠᠭᠠᠷᠯᠠᠭᠳᠠᠬᠤ ᠪᠣᠯᠤᠨ᠎ᠠ᠃ ᠬᠡᠳᠦᠢ ᠲᠡᠢᠮᠦ ᠴᠦ᠍ ᠡᠷᠬᠡᠯᠡᠬᠦ ᠡᠴᠡ ᠣᠢᠷᠠᠳᠬᠤ ᠬᠦᠰᠡᠯ ᠤᠷᠭᠤᠨ ᠭᠠᠷᠬᠤ ᠳ᠋ᠤ᠌ ᠡᠷ᠎ᠡ ᠨᠥᠬᠥᠷ ᠦ᠋ᠨ ᠡᠪ ᠲᠦᠢ᠂ ᠬᠠᠢᠷ᠎ᠠ ᠬᠠᠯᠠᠮᠵᠢ ᠨᠡᠩ ᠴᠢᠬᠤᠯᠠ ᠶᠤᠮ᠃ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠣᠢᠷᠠᠯᠴᠠᠭ᠎ᠠ ᠪᠠᠷ30-35 ᠨᠠᠰᠤᠨ ᠳ᠋ᠤ᠌ ᠳᠡᠭᠡᠳᠦ ᠴᠠᠭ ᠲᠠᠭᠠᠨ ᠬᠦᠷᠴᠦ ᠴᠢᠨᠠᠭᠰᠢᠳᠠ ᠲᠣᠭᠲᠠᠪᠤᠷᠢᠲᠠᠢ ᠪᠣᠯᠳᠠᠭ᠃ ᠲᠡᠢᠮᠦ ᠡᠴᠡ ᠤᠷᠢᠳᠤ ᠨᠢ ᠳᠤᠷ᠎ᠠ ᠬᠦᠰᠡᠯ ᠦᠭᠡᠢ ᠮᠡᠲᠦ ᠪᠠᠢᠭᠰᠠᠨ ᠡᠮᠡᠭᠲᠡᠢ39 ᠨᠠᠰᠤ ᠬᠦᠷᠦᠭᠡᠳ ᠢᠷᠡᠬᠦ ᠶ᠋ᠢᠨ ᠦᠶ᠎ᠡ ᠳ᠋ᠦ᠍ ᠨᠡᠯᠢᠶᠡᠳ ᠲᠠᠴᠢᠶᠠᠩᠭᠤᠢ ᠪᠣᠯᠬᠤ ᠨᠢ ᠪᠣᠢ᠃ ᠭᠡᠲᠡᠯ᠎ᠡ ᠡᠷᠡᠭᠲᠡᠢ ᠬᠥᠮᠦᠨ ᠦ᠌ ᠪᠡᠯᠭᠡ ᠶ᠋ᠢᠨ ᠠᠵᠢᠯᠯᠠᠭᠠᠨ ᠤ᠋ ᠡᠷᠴᠢᠮ ᠨᠢ ᠪᠡᠯᠭᠡ ᠶ᠋ᠢᠨ ᠠᠮᠢᠳᠤᠷᠠᠯ ᠤ᠋ᠨ ᠡᠬᠢᠨ ᠦ᠌ ᠦᠶ᠎ᠡ ᠳ᠋ᠦ᠍ ᠶᠡᠬᠡ ᠪᠠᠢᠭᠰᠠᠨ ᠢ᠋ᠶ᠋ᠠᠨ35 ᠨᠠᠰᠤᠨ ᠠ᠋ᠴᠠ ᠴᠠᠰᠢ ᠠᠭᠠᠵᠢᠮ ᠪᠠᠭᠤᠷᠠᠨ᠎ᠠ᠃ ᠵᠠᠷᠢᠮ ᠡᠷᠡᠴᠦᠳ ᠵᠠᠯᠠᠭᠤᠬᠠᠨ ᠡᠮᠡᠭᠲᠡᠢ ᠶ᠋ᠢᠨ ᠪᠡᠯᠭᠡ ᠶ᠋ᠢᠨ ᠬᠡᠷᠡᠭᠴᠡᠭᠡ ᠶ᠋ᠢ ᠬᠡᠳᠦ ᠦᠨᠡᠯᠡᠳᠡᠭ ᠮᠥᠷᠲᠡᠭᠡᠨ ᠨᠠᠰᠤ ᠠᠬᠢᠭᠰᠠᠨ ᠤ᠋ ᠬᠣᠢᠨ᠎ᠠ ᠲᠡᠭᠦᠨ ᠢ᠋ ᠣᠭᠣᠷᠬᠤ ᠨᠢ ᠪᠣᠢ᠃ ᠭᠡᠲᠡᠯ᠎ᠡ ᠦᠨᠡᠨ ᠬᠡᠷᠡᠭ ᠳᠡᠭᠡᠷ᠎ᠡ ᠪᠡᠨ ᠶᠡᠬᠡᠩᠬᠢ ᠡᠮᠡᠭᠲᠡᠢ30 ᠨᠠᠰᠤ ᠬᠦᠷᠲᠡᠯ᠎ᠡ ᠡᠷ᠎ᠡ ᠨᠥᠬᠥᠷ ᠢ᠋ᠶ᠋ᠡᠨ ᠳᠡᠩᠳᠡᠭᠦᠦ《ᠳᠤᠷᠠᠲᠠᠢ》 ᠭᠡᠵᠦ ᠵᠢᠮᠡᠯᠡᠵᠦ ᠪᠠᠢᠭᠰᠠᠨ ᠢ᠋ᠶ᠋ᠠᠨ ᠥᠪᠡᠷ ᠢ᠋ᠶ᠋ᠡᠨ ᠭᠤᠴᠢᠨ ᠨᠠᠰᠤ ᠥᠩᠭᠡᠷᠡᠬᠦ ᠪᠡᠷ ᠢ᠋ᠶ᠋ᠡᠨ ᠲᠡᠭᠦᠨ ᠦ᠌ ᠠᠮᠠᠨ ᠥᠴᠢᠭ ᠢ᠋ ᠠᠰᠠᠭᠤᠵᠤ ᠭᠣᠮᠣᠳᠠᠯ ᠭᠠᠷᠭᠠᠬᠤ ᠨᠢ ᠶᠡᠬᠡᠰᠳᠡᠭ ᠠᠵᠠᠢ᠃ ᠲᠡᠢᠮᠦ ᠡᠴᠡ ᠮᠠᠨᠠᠢᠬᠢᠨ ᠡᠮᠡᠭᠲᠡᠢ ᠬᠥᠮᠦᠨ ᠭᠤᠴᠢ ᠭᠠᠷᠤᠭᠠᠳ ᠢᠷᠡᠬᠦ ᠪᠡᠷ ᠢ᠋ᠶ᠋ᠡᠨ《ᠪᠣᠯᠬᠤ ᠪᠠᠨ ᠪᠠᠢᠴᠢᠬᠠᠳᠠᠭ》 ᠭᠡᠮᠡᠨ ᠬᠣᠱᠣᠩᠨᠠᠳᠠᠭ ᠨᠢ ᠦᠨᠡᠨ ᠦ᠌ ᠬᠤᠪᠢ ᠲᠠᠢ᠃ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠶᠡᠬᠡ᠂ ᠪᠠᠭ᠎ᠠ ᠪᠠᠢᠬᠤ ᠨᠢ ᠣᠯᠠᠨ ᠬᠦᠴᠦᠨ ᠵᠦᠢᠯ ᠡᠴᠡ ᠰᠢᠯᠲᠠᠭᠠᠯᠠᠨ᠎ᠠ᠃ ᠨᠡᠢᠲᠡᠴᠢ ᠵᠠᠩ ᠲᠠᠢ᠂ ᠢᠮᠠᠭᠲᠠ ᠢᠨᠢᠶᠡᠨ ᠪᠡᠶᠡᠰᠴᠦ ᠶᠠᠪᠤᠳᠠᠭ ᠡᠮᠡᠭᠲᠡᠢ᠂ ᠵᠣᠵᠢᠭ ᠵᠠᠩ ᠲᠠᠢ ᠡᠮᠡᠭᠲᠡᠢ ᠡᠴᠡ ᠪᠡᠯᠭᠡ ᠶ᠋ᠢᠨ ᠳᠤᠷ᠎ᠠ ᠲᠠᠴᠢᠶᠠᠯ ᠤ᠋ᠨ ᠬᠤᠪᠢ ᠳ᠋ᠤ᠌ ᠢᠯᠡᠭᠦᠦ ᠪᠠᠢᠨ᠎ᠠ᠃ ᠣᠯᠠᠨ ᠳᠠᠬᠢᠨ ᠲᠥᠷᠥᠭᠰᠡᠨ ᠡᠮᠡᠭᠲᠡᠢ ᠶ᠋ᠢᠨ ᠪᠡᠯᠭᠡ ᠶ᠋ᠢᠨ ᠳᠤᠷ᠎ᠠ ᠲᠠᠴᠢᠶᠠᠯ ᠨᠢ ᠣᠭᠲᠣ ᠳᠥᠷᠥᠭᠡ ᠦᠭᠡᠢ ᠪᠤᠶᠤ ᠴᠥᠭᠡᠨ ᠲᠥᠷᠥᠭᠰᠡᠨ ᠡᠮᠡᠭᠲᠡᠢ ᠡᠴᠡ ᠨᠡᠯᠢᠶᠡᠳ ᠤᠳᠠᠭᠠᠨ ᠬᠠᠳᠠᠭᠠᠯᠠᠭᠳᠠᠨ᠎ᠠ᠃ ᠲᠡᠭᠦᠨᠴᠢᠯᠡᠨ ᠬᠠᠷ᠎ᠠ ᠦᠰᠦ ᠲᠡᠢ ᠡᠮᠡᠭᠲᠡᠢ ᠡᠴᠡ ᠰᠢᠷ᠎ᠠ ᠦᠰᠦ ᠲᠡᠢ ᠡᠮᠡᠭᠲᠡᠢ ᠡᠴᠡ ᠪᠡᠯᠭᠡ ᠶ᠋ᠢᠨ ᠳᠤᠷ᠎ᠠ ᠲᠠᠴᠢᠶᠠᠯ ᠶᠡᠬᠡᠲᠡᠢ᠂ ᠨᠠᠮᠬᠠᠨ ᠬᠥᠮᠦᠨ ᠥᠨᠳᠥᠷ ᠭᠤᠷᠵᠠᠭᠠᠷ ᠬᠥᠮᠦᠨ ᠡᠴᠡ ᠠᠷᠠᠢ ᠢᠯᠡᠭᠦᠦ ᠲᠤᠷᠠᠩᠬᠠᠢ ᠬᠥᠮᠦᠨ ᠲᠠᠷᠭᠤᠨ ᠬᠥᠮᠦᠨ ᠢ᠋ ᠪᠣᠳᠣᠪᠠᠯ ᠳᠤᠷ᠎ᠠ ᠶᠡᠬᠡᠲᠡᠢ ᠪᠠᠢᠨ᠎ᠠ᠃ ᠭᠡᠬᠦ ᠳ᠋ᠡᠭᠡᠨ ᠲᠥᠷᠥᠯᠬᠢ ᠲᠠᠷᠭᠤᠨ ᠬᠥᠮᠦᠨ ᠬᠣᠵᠢᠭᠤ ᠲᠠᠷᠭᠤᠯᠠᠭᠰᠠᠨ ᠬᠥᠮᠦᠨ ᠡᠴᠡ ᠠᠷᠠᠢ ᠢᠳᠡᠪᠬᠢ ᠰᠤᠯᠠᠲᠠᠢ ᠪᠠᠢᠳᠠᠭ ᠢ᠋ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠭᠴᠢᠳ ᠲᠣᠭᠲᠠᠭᠠᠭᠰᠠᠨ ᠪᠠᠢᠨ᠎ᠠ᠃ ᠭᠡᠪᠡᠴᠦ ᠬᠣᠷᠸ᠎ᠠ ᠶ᠋ᠢᠨ ᠬᠣᠶᠠᠷ ᠲᠠᠷᠭᠤᠨ ᠬᠥᠮᠦᠨ ᠲᠠᠭᠠᠷᠠᠬᠤ ᠨᠢ ᠲᠤᠩ ᠬᠣᠪᠣᠷ᠃ ᠲᠠᠷᠭᠤᠨ ᠡᠮᠡᠭᠲᠡᠢᠴᠦᠳ ᠭᠣᠣᠯᠴᠠᠭᠤ ᠲᠤᠷᠠᠩᠬᠠᠢ ᠨᠥᠬᠥᠷ ᠲᠡᠢ ᠪᠠᠢᠬᠤ ᠳ᠋ᠤ᠌ ᠲᠤᠷᠠᠩᠬᠠᠢ ᠡᠷᠡᠴᠦᠳ ᠶᠡᠬᠡᠪᠴᠢᠯᠡᠨ ᠲᠠᠷᠭᠤᠨ ᠡᠬᠡᠨᠡᠷ ᠲᠡᠢ ᠪᠠᠢᠳᠠᠭ᠃ ᠬᠥᠮᠦᠰ ᠦ᠋ᠨ ᠶᠠᠷᠢᠳᠠᠭ ᠢ᠋ᠶ᠋ᠠᠷ《ᠬᠣᠶᠠᠷ ᠲᠠᠷᠭᠤᠨ ᠬᠣᠯᠪᠣᠷᠢᠬᠤ ᠶ᠋ᠢᠨ ᠵᠣᠪᠠᠯᠠᠩ ᠲᠠᠷᠭᠤᠨ᠂ ᠲᠤᠷᠠᠩᠬᠠᠢ ᠲᠠᠭᠠᠷᠠᠬᠤ ᠶ᠋ᠢᠨ ᠵᠢᠷᠭᠠᠯ》 ᠭᠡᠳᠡᠭ ᠨᠢ ᠬᠣᠱᠣᠩᠨᠠᠯ ᠴᠦ᠍ ᠦᠨᠡᠨ ᠦ᠌ ᠬᠤᠪᠢ ᠲᠠᠢ᠃
