ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠢᠭᠡ᠂ ᠬᠣᠣᠰᠯᠠᠨ ᠠᠮᠢᠳᠤᠷᠠᠬᠤ ᠶᠢᠨ ᠤᠴᠢᠷ ᠪᠤᠶᠤ᠁ Эр эмийн ёсон – Д᠂ Болдцэрэн <Нэгдүгээр бүлэг>– Нэг ᠂Хослон амьдрахын учир буюу᠁ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠢᠭᠡ᠂ ᠬᠣᠣᠰᠯᠠᠨ ᠠᠮᠢᠳᠤᠷᠠᠬᠤ ᠶᠢᠨ ᠤᠴᠢᠷ ᠪᠤᠶᠤ᠁ Эр эмийн ёсон – Д᠂ Болдцэрэн <Нэгдүгээр бүлэг>– Нэг ᠂Хослон амьдрахын учир буюу᠁

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠢᠭᠡ᠂ ᠬᠣᠣᠰᠯᠠᠨ ᠠᠮᠢᠳᠤᠷᠠᠬᠤ ᠶᠢᠨ ᠤᠴᠢᠷ ᠪᠤᠶᠤ᠁ Эр эмийн ёсон – Д᠂ Болдцэрэн <Нэгдүгээр бүлэг>– Нэг ᠂Хослон амьдрахын учир буюу᠁

ᠠᠩᠭᠢᠯᠠᠯ:ᠡᠷᠡᠭᠦᠯ ᠡᠩᠬᠡ
2025-04-09

271

ᠨᠢᠭᠡᠳᠦᠭᠡᠷ ᠪᠦᠯᠦᠭ - ᠯᠤᠤ ᠶ᠋ᠢᠨ ᠬᠥᠰᠢᠭᠡ ᠪᠠᠷᠰ ᠤ᠋ᠨ ᠬᠥᠨᠵᠢᠯᠡ

ᠨᠢᠭᠡ᠂ ᠬᠣᠣᠰᠯᠠᠨ ᠠᠮᠢᠳᠤᠷᠠᠬᠤ ᠶᠢᠨ ᠤᠴᠢᠷ ᠪᠤᠶᠤ ᠡᠷ᠎ᠡ ᠡᠮ᠎ᠡ ᠶᠢᠨ ᠶᠣᠰᠣᠨ

 
       ᠬᠥᠮᠦᠨ ᠦ᠌ ᠠᠮᠢᠳᠤᠷᠠᠯ ᠳᠥᠷᠪᠡᠨ ᠬᠦᠷᠳᠦ ᠶ᠋ᠢ ᠲᠣᠭᠣᠷᠢᠨ ᠡᠷᠭᠢᠳᠡᠭ ᠭᠡᠵᠦ ᠰᠡᠳᠬᠢᠯ ᠰᠤᠳᠤᠯᠤᠭᠴᠢᠳ ᠦᠵᠡᠳᠡᠭ ᠢ᠋ ᠨᠢᠭᠡ ᠨᠢ ᠪᠡᠯᠭᠡ ᠶ᠋ᠢᠨ ᠠᠮᠢᠳᠤᠷᠠᠯ ᠪᠥᠭᠡᠳ ᠲᠡᠭᠦᠨ ᠦ᠌ ᠪᠦᠬᠦ ᠲᠠᠯ᠎ᠠ ᠶ᠋ᠢ( ᠨᠡᠢᠭᠡᠮ— ᠰᠡᠳᠬᠢᠯ ᠵᠦᠢ ᠶ᠋ᠢᠨ ᠰᠤᠷᠭᠠᠯ ᠪᠣᠯᠤᠨ ᠡᠷᠬᠡ ᠵᠦᠢ ᠶ᠋ᠢᠨ᠂ ᠪᠢᠯᠦᠬᠢ᠂ ᠡᠷᠡᠭᠦᠯ ᠠᠬᠤᠢ ᠶ᠋ᠢᠨ᠂ ᠱᠠᠰᠢᠨ᠂ ᠤᠭᠰᠠᠭᠠᠲᠠᠨ ᠤ᠋ ᠵᠦᠢ ᠶ᠋ᠢᠨ ᠭᠡᠬᠦ ᠮᠡᠲᠦ) ᠪᠠᠢᠭᠠᠯᠢ ᠶ᠋ᠢᠨ ᠪᠣᠯᠤᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠡᠭᠦᠳᠡᠨ ᠡᠴᠡ ᠲᠠᠩᠨᠠᠨ ᠰᠤᠳᠤᠯᠳᠠᠭ ᠰᠢᠨᠵᠢᠯᠡᠬᠦ ᠤᠬᠠᠭᠠᠨ ᠤ᠋ ᠨᠡᠩ ᠵᠠᠯᠠᠭᠤ ᠰᠠᠯᠪᠤᠷᠢ ᠪᠣᠯ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠪᠤᠶᠤ ᠰᠧᠺᠰᠣᠯᠣᠭᠢ ᠶ᠋ᠢᠨ ᠤᠬᠠᠭᠠᠨ ᠶᠤᠮ᠃ ᠮᠠᠨ ᠤ᠋ ᠡᠨᠡ ᠤᠬᠠᠭᠠᠨ ᠳᠥᠩᠭᠡᠵᠢ ᠬᠥᠭᠵᠢᠵᠦ ᠡᠬᠢᠯᠡᠵᠦ ᠪᠠᠢᠭ᠎ᠠ ᠪᠣᠯᠬᠣᠷ ᠵᠠᠷᠢᠮ ᠬᠥᠮᠦᠨ ᠰᠧᠺᠰ ᠭᠡᠳᠡᠭ ᠦᠭᠡ ᠶ᠋ᠢᠨ ᠤᠳᠬ᠎ᠠ ᠶ᠋ᠢ ᠪᠠᠬᠠᠨ ᠬᠠᠵᠠᠭᠠᠢ ᠣᠢᠯᠠᠭᠠᠨ᠂ ᠬᠡᠯᠡᠬᠦ ᠡᠴᠡ ᠴᠦ᠍ ᠴᠡᠭᠡᠷᠯᠡᠬᠦ ᠨᠢ ᠪᠣᠢ᠃ ᠤᠭ ᠲᠠᠭᠠᠨ ᠰᠧᠺᠰ ᠪᠤᠶᠤ ᠡᠷ ᠡᠮ᠎ᠡ ᠶ᠋ᠢᠨ ᠶᠣᠰᠣᠨ ᠪᠣᠯ ᠬᠥᠮᠦᠨ ᠦ᠌ ᠲᠥᠷᠥᠯᠬᠢ ᠶ᠋ᠢᠨ᠂ ᠵᠠᠢᠯᠠᠰᠢ ᠦᠭᠡᠢ ᠬᠡᠷᠡᠭᠴᠡᠭᠡ᠂ ᠲᠡᠭᠦᠨ ᠢ᠋ ᠠᠮᠢᠳᠤ ᠪᠠᠢᠭᠠᠯᠢ ᠲᠠᠢ ᠬᠣᠯᠪᠣᠵᠤ ᠪᠠᠢᠭ᠎ᠠ ᠠᠮᠢᠨ ᠴᠢᠬᠤᠯᠠ ᠰᠢᠵᠢᠮ ᠪᠣᠯᠠᠢ᠃ ᠡᠢᠮᠦ ᠳ᠋ᠦ᠍ ᠰᠧᠺᠰ ᠭᠡᠳᠡᠭ ᠦ᠋ᠨ ᠴᠢᠨᠠᠳᠤ ᠤᠳᠬ᠎ᠠ ᠶ᠋ᠢ ᠵᠥᠪ ᠲᠤᠰᠬᠠᠪᠠᠯ ᠲᠡᠢᠮᠦ ᠴᠦ᠍ 《ᠪᠣᠬᠢᠷ》 ᠮᠠᠭᠤᠬᠠᠢ ᠦᠭᠡ ᠪᠢᠰᠢ᠃ ᠡᠨᠡ ᠦᠭᠡ ᠶ᠋ᠢ ᠲᠣᠯᠢ ᠪᠢᠴᠢᠭ ᠡᠴᠡ ᠬᠠᠷᠠᠪᠠᠯ ᠶᠡᠷᠦᠳᠡᠭᠡᠨ ᠯᠡ ᠬᠦᠢᠰᠦ ᠭᠡᠰᠡᠨ ᠦᠭᠡ ᠶᠦᠮ᠃ ᠤᠭ ᠲᠠᠭᠠᠨ ᠡᠷ᠎ᠡ ᠡᠮ ᠢ᠋ᠶ᠋ᠡᠨ ᠶᠣᠰᠣᠨ ᠭᠡᠰᠡᠨ ᠤᠳᠬ᠎ᠠ ᠢᠯᠡᠷᠬᠡᠢᠯᠡᠨ᠎ᠡ᠃  
       ᠰᠧᠺᠰ ᠪᠤᠶᠤ ᠡᠷ᠎ᠡ ᠡᠮ᠎ᠡ ᠶ᠋ᠢᠨ ᠶᠣᠰᠣᠨ ᠪᠣᠯ ᠬᠥᠮᠦᠨ ᠦ᠌ ᠬᠠᠮᠤᠭ ᠤ᠋ᠨ ᠡᠷᠬᠢᠮ ᠠᠷᠢᠭᠤᠨ ᠨᠠᠨᠳᠢᠨ ᠪᠥᠭᠡᠳ ᠡᠭᠦᠨ ᠦᠭᠡᠢ ᠪᠡᠷ ᠬᠥᠮᠦᠨ ᠲᠥᠷᠥᠯᠬᠢᠲᠡᠨ ᠣᠷᠣᠰᠢᠨ ᠲᠣᠭᠲᠠᠨᠢᠵᠤ ᠴᠢᠳᠠᠬᠤ ᠦᠭᠡᠢ᠂ ᠮᠥᠬᠥᠬᠦ ᠳ᠋ᠦ᠍ ᠬᠦᠷᠦᠨ᠎ᠡ᠃ ᠡᠢᠮᠦ ᠳ᠋ᠦ᠍ ᠡᠨᠡ ᠪᠣᠯ ᠬᠥᠮᠦᠨ ᠦ᠌ ᠢᠵᠠᠭᠤᠷ ᠠᠰᠠᠭᠤᠳᠠᠯ ᠳᠠᠷᠤᠢ ᠮᠥᠨ᠃ ᠰᠧᠺᠰ ᠢ᠋ ᠠᠷᠭᠣᠳᠬᠠᠭᠴᠢ ᠬᠦᠵᠢ ᠨᠢ ᠬᠠᠨᠢᠯᠠᠭᠰᠠᠨ ᠬᠣᠶᠠᠷ ᠤ᠋ᠨ ᠬᠠᠢᠷ᠎ᠠ ᠰᠡᠳᠬᠢᠯ ᠶᠦᠮ᠃ ᠢᠩᠭᠢᠬᠦᠯᠡᠷ᠂ ᠬᠥᠮᠦᠨ ᠦ᠌ ᠬᠠᠢᠷ᠎ᠠ ᠰᠡᠳᠬᠢᠯ ᠦ᠋ᠨ ᠨᠢᠭᠡ ᠴᠢᠬᠤᠯᠠ ᠲᠠᠯ᠎ᠠ ᠨᠢ ᠯᠤᠤ ᠶ᠋ᠢᠨ ᠬᠥᠰᠢᠭᠡ᠂ ᠪᠠᠷᠰ ᠤ᠋ᠨ ᠬᠥᠨᠵᠢᠯᠡ ᠶ᠋ᠢᠨ ᠳᠣᠣᠷ᠎ᠠ ᠶᠡᠬᠡ ᠬᠦᠰᠡᠯ ᠲᠡᠭᠦᠰᠬᠡᠬᠦᠢ ᠪᠢᠯᠡ᠃ ᠪᠣᠣᠺᠰ ᠭᠡᠬᠦ ᠳ᠋ᠦ᠍ ᠬᠡᠨ ᠦ᠌ ᠰᠣᠨᠣᠷ ᠲᠤ᠌ ᠡᠪ ᠦᠭᠡᠢ᠂ ᠬᠠᠲᠠᠭᠤ ᠲᠣᠭᠣᠯᠳᠠᠬᠤ ᠦᠭᠡᠢ ᠪᠣᠯᠵᠠᠢ᠃ ᠶᠠᠭ ᠡᠭᠦᠨ ᠰᠢᠭ ᠰᠧᠺᠰ ᠭᠡᠳᠡᠭ ᠦᠭᠡᠨ ᠳ᠋ᠦ᠍ ᠴᠦ᠍ ᠪᠢᠳᠡ ᠳᠠᠰᠤᠮᠠᠷ ᠪᠠᠢᠨ᠎ᠠ᠃ ᠭᠡᠬᠦ ᠳ᠋ᠡᠭᠡᠨ ᠣᠯᠠᠨ ᠦᠶ᠎ᠡ ᠶ᠋ᠢᠨ ᠲᠤᠷᠰᠢ ᠡᠪᠦᠭᠡ ᠳᠡᠭᠡᠳᠦ ᠡᠴᠡ ᠮᠠᠨᠢ ᠨᠠᠨᠳᠢᠩᠨᠠᠨ ᠬᠠᠢᠷᠠᠯᠠᠵᠤ ᠢᠷᠡᠭᠰᠡᠨ ᠠᠷᠠᠳ ᠤ᠋ᠨ ᠶᠣᠰᠣ ᠵᠠᠩᠰᠢᠯ᠂ ᠤᠯᠠᠮᠵᠢᠯᠠᠯ ᠢ᠋ᠶ᠋ᠠᠨ ᠡᠷᠭᠢᠨ ᠰᠠᠨᠠᠵᠤ᠂ ᠰᠧᠺᠰ ᠭᠡᠳᠡᠭ ᠬᠠᠷᠢ ᠦᠭᠡ ᠶ᠋ᠢᠨ ᠣᠷᠣᠨ ᠳ᠋ᠤ᠌《 ᠬᠣᠷᠮᠣᠢ ᠶ᠋ᠢᠨ ᠶᠠᠪᠤᠳᠠᠯ》᠂《 ᠡᠭᠦᠯᠡ ᠪᠣᠷᠣᠭᠠᠨ ᠤ᠋ ᠶᠠᠪᠤᠳᠠᠯ》 ᠭᠡᠬᠦ ᠵᠡᠷᠭᠡ ᠪᠡᠷ ᠶᠠᠷᠢᠵᠤ᠂ ᠪᠢᠴᠢᠵᠦ ᠵᠠᠩᠰᠢᠪᠠᠯ ᠮᠣᠩᠭᠣᠯ ᠬᠥᠮᠦᠨ ᠦ᠌ ᠳ᠋ᠦ᠍ ᠶᠠᠭᠤᠲᠠᠢ ᠤᠶᠠᠩᠭᠠᠲᠠᠢ᠂ ᠰᠣᠨᠣᠰᠬᠤᠯᠠᠩ ᠲᠠᠢ ᠥᠷᠲᠥᠬᠦ ᠪᠣᠯ ᠠ᠋᠃ ᠣᠷᠴᠢᠨ ᠦᠶ᠎ᠡ ᠶ᠋ᠢᠨ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠤ᠋ᠨ ᠡᠭᠦᠳᠡᠨ ᠡᠴᠡ᠂ ᠪᠡᠯᠭᠡ ᠶ᠋ᠢᠨ ᠠᠮᠢᠳᠤᠷᠠᠯ ᠭᠡᠳᠡᠭ ᠪᠣᠯ ᠪᠠᠢᠭᠠᠯᠢ ᠶ᠋ᠢᠨ ᠡᠷᠳᠡᠨᠢᠲᠦ ᠬᠥᠮᠦᠨ ᠳ᠋ᠦ᠍ ᠵᠠᠶᠠᠭᠠᠭᠰᠠᠨ ᠪᠡᠯᠭᠡ ᠶ᠋ᠢᠨ ᠳᠤᠷ᠎ᠠ ᠲᠠᠴᠢᠶᠠᠯ ᠢ᠋ ᠬᠠᠩᠭᠠᠵᠤ ᠪᠠᠢᠭ᠎ᠠ ᠪᠡᠶ᠎ᠡ ᠪᠢᠯᠳᠠᠷ᠂ ᠰᠡᠳᠬᠢᠴᠡ᠂ ᠨᠡᠢᠭᠡᠮ ᠦ᠋ᠨ ᠦᠢᠯᠡ ᠶᠠᠪᠤᠴᠠ ᠶ᠋ᠢᠨ ᠨᠡᠢᠯᠡᠪᠦᠷᠢ ᠴᠣᠭᠴᠠᠰ ᠶᠤᠮ᠃ ᠪᠡᠯᠭᠡ ᠶ᠋ᠢᠨ ᠠᠮᠢᠳᠤᠷᠠᠯ ᠣᠯᠠᠨ ᠬᠡᠯᠪᠡᠷᠢ ᠲᠡᠢ ᠪᠠᠢᠳᠠᠭ ᠪᠥᠭᠡᠳ ᠲᠡᠳᠡᠭᠡᠷ ᠢ᠋ ᠠᠩᠭᠢᠯᠠᠬᠤ ᠠᠩᠬᠠᠨ ᠤ᠋ ᠣᠷᠣᠯᠳᠣᠯᠭ᠎ᠠ ᠶ᠋ᠢ ᠠᠮᠧᠷᠢᠺᠠ ᠶ᠋ᠢᠨ ᠡᠷᠳᠡᠮᠲᠡᠨ ᠠᠯᠹᠷᠢᠳ᠋ ᠴᠠᠷᠯᠢᠰ ᠺᠢᠨᠵᠢ(1894—1956) ᠬᠢᠭᠰᠡᠨ ᠪᠣᠯᠪᠠᠴᠤ ᠬᠣᠷᠮᠣᠢ ᠶ᠋ᠢᠨ ᠶᠠᠪᠤᠳᠠᠯ ᠤ᠋ᠨ ᠰᠡᠳᠬᠢᠯ ᠵᠦᠢ ᠶ᠋ᠢᠨ ᠲᠠᠯ᠎ᠠ ᠪᠠᠷ ᠣᠷᠬᠢᠭᠳᠠᠭᠤᠯᠤᠨ ᠲᠡᠭᠦᠨ ᠢ᠋ ᠢᠪᠴᠤᠤᠬᠠᠨ ᠬᠦᠷᠢᠶᠡᠨ ᠳ᠋ᠦ᠍ ᠠᠪᠴᠤ ᠦᠵᠡᠭᠰᠡᠨ ᠨᠢ ᠡᠨᠡ ᠠᠩᠭᠢᠯᠠᠯ ᠤ᠋ᠨ ᠬᠠᠮᠤᠭ ᠤ᠋ᠨ ᠭᠣᠣᠯ ᠳᠤᠲᠠᠭᠳᠠᠯ ᠶᠤᠮ᠃ 
       ᠪᠡᠯᠭᠡ ᠶ᠋ᠢᠨ ᠠᠮᠢᠳᠤᠷᠠᠯ ᠨᠢ ᠵᠥᠪᠬᠡᠨ《ᠢᠴᠢᠮᠡᠬᠡᠢ》 ᠡᠷᠬᠡᠲᠡᠨ ᠦ᠌ ᠦᠢᠯᠡ ᠠᠵᠢᠯᠯᠠᠭ᠎ᠠ ᠪᠠᠷ ᠬᠢᠵᠠᠭᠠᠷᠯᠠᠭᠳᠠᠬᠤ ᠦᠭᠡᠢ᠂ ᠬᠥᠮᠦᠨ ᠢ᠋ ᠪᠦᠬᠦᠯᠢ ᠪᠦᠲᠦᠨ ᠳ᠋ᠦ᠍ᠨᠢ ᠪᠦᠲᠦᠨ ᠬᠠᠮᠤᠷᠳᠠᠭ᠂ ᠪᠡᠶ᠎ᠡ᠂ ᠰᠡᠳᠬᠢᠯ ᠦ᠋ᠨ ᠨᠠᠷᠢᠨ ᠦᠢᠯᠡ ᠶᠠᠪᠤᠴᠠ ᠶᠤᠮ᠃ ᠲᠡᠷᠡ ᠪᠡᠷ ᠬᠥᠮᠦᠨ ᠦ᠌ ᠤᠷᠲᠤ ᠨᠠᠰᠤᠯᠠᠵᠤ᠂ ᠤᠳᠠᠭᠠᠨ ᠵᠢᠷᠭᠠᠬᠤ ᠨᠢᠭᠡ ᠤᠨᠳᠤᠷᠤᠭ᠎ᠠ ᠲᠡᠳᠦᠢ ᠦᠭᠡᠢ ᠬᠥᠮᠦᠨ ᠲᠥᠷᠥᠯᠬᠢᠲᠡᠨ ᠦ᠌ ᠰᠣᠶᠣᠯ ᠤ᠋ᠨ ᠰᠠᠯᠤᠰᠢ ᠦᠭᠡᠢ ᠬᠡᠰᠡᠭ ᠪᠢᠯᠡ᠃ ᠠᠮᠠᠷᠠᠭ ᠬᠣᠣᠰ ᠤ᠋ᠳ ᠪᠡᠯᠭᠡ ᠶ᠋ᠢᠨ ᠠᠮᠢᠳᠤᠷᠠᠯ ᠢ᠋ᠶ᠋ᠠᠨ ᠵᠥᠪ ᠵᠣᠬᠢᠶᠠᠨ ᠪᠠᠢᠭᠤᠯᠵᠤ ᠴᠢᠳᠠᠬᠤ ᠦᠭᠡᠢ᠂ ᠲᠡᠭᠦᠨ ᠳ᠋ᠦ᠍ ᠤᠬᠠᠪᠤᠷᠢ ᠮᠥᠴᠢᠳ ᠬᠠᠨᠳᠤᠪᠠᠯ ᠲᠡᠭᠦᠨ ᠰᠢᠭ ᠶᠡᠬᠡ ᠣᠢ ᠭᠠᠰᠢᠭᠤ ᠰᠡᠳᠬᠢᠯ ᠦ᠋ᠨ ᠵᠣᠪᠠᠯᠠᠩ ᠠᠪᠴᠢᠷᠠᠬᠤ ᠨᠢᠭᠡ ᠴᠦ᠍ ᠬᠦᠴᠦᠨ ᠵᠦᠢᠯ ᠪᠠᠢᠬᠤ ᠦᠭᠡᠢ᠃ ᠬᠡᠷᠪᠡ ᠡᠬᠡᠨᠡᠷ᠂ ᠨᠥᠬᠥᠷ ᠬᠣᠶᠠᠷ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠬᠣᠭᠣᠷᠣᠨᠳᠣ ᠪᠠᠨ ᠲᠠᠭᠠᠷᠠᠵᠤ ᠲᠣᠬᠢᠷᠠᠬᠤ ᠦᠭᠡᠢ ᠪᠣᠯ ᠭᠡᠷ ᠪᠦᠯᠢ ᠶ᠋ᠢᠨ ᠡᠪ ᠲᠦᠨᠵᠢᠨ ᠬᠠᠭᠠᠷᠠᠬᠤ ᠳ᠋ᠤ᠌ ᠬᠦᠷᠴᠦ ᠪᠣᠯᠤᠨ᠎ᠠ᠃ ᠡᠢᠮᠦ ᠳ᠋ᠦ᠍ ᠪᠡᠯᠭᠡ ᠶ᠋ᠢᠨ ᠠᠮᠢᠳᠤᠷᠠᠯ ᠨᠡᠢᠴᠡᠲᠡᠢ ᠪᠠᠢᠬᠤ ᠨᠥᠬᠥᠴᠡᠯ ᠢ᠋ ᠬᠠᠩᠭᠠᠬᠤ ᠨᠢ ᠨᠡᠢᠭᠡᠮ ᠦ᠋ᠨ ᠴᠦ᠍ ᠠᠴᠢ ᠬᠣᠯᠪᠣᠭᠳᠠᠯ ᠲᠠᠢ᠃ ᠨᠡᠢᠭᠡᠮ ᠰᠤᠳᠤᠯᠤᠭᠴᠢᠳ ᠪᠣᠯᠤᠨ ᠡᠷ᠎ᠡ ᠡᠮ᠎ᠡ ᠶ᠋ᠢᠨ ᠶᠣᠰᠣᠨ ᠢ᠋ ᠰᠤᠳᠤᠯᠤᠭᠴᠢᠳ ᠤ᠋ᠨ ᠪᠢᠴᠢᠭᠰᠡᠨ ᠢ᠋ᠶ᠋ᠡᠷ᠂ ᠡᠷ᠎ᠡ ᠡᠮ᠎ᠡ ᠶ᠋ᠢᠨ ᠶᠣᠰᠣᠨ ᠤ᠋ ᠨᠡᠢᠴᠡᠲᠡᠢ ᠪᠠᠢᠳᠠᠯ ᠪᠣᠯ ᠠᠢᠯ ᠭᠡᠷ ᠦ᠋ᠨ ᠠᠮᠢᠳᠤᠷᠠᠯ ᠪᠠᠲᠤ ᠲᠣᠭᠲᠠᠪᠤᠷᠢ ᠲᠠᠢ ᠪᠠᠢᠬᠤ ᠳ᠋ᠤ᠌ ᠨᠥᠯᠥᠭᠡᠯᠡᠬᠦᠢ ᠶ᠋ᠢᠨ ᠬᠤᠪᠢ ᠳ᠋ᠤ᠌ ᠬᠣᠣᠰ ᠤ᠋ᠳ ᠵᠠᠩ ᠵᠠᠩ ᠢ᠋ᠶ᠋ᠠᠨ ᠠᠪᠴᠤ᠂ ᠠᠬᠤᠢ ᠠᠮᠢᠳᠤᠷᠠᠯ ᠤ᠋ᠨ ᠲᠠᠯ᠎ᠠ ᠪᠠᠷ ᠨᠡᠢᠴᠡᠲᠡᠢ ᠪᠠᠢᠬᠤ ᠠ᠋ᠴᠠ ᠳᠤᠲᠠᠬᠤ ᠦᠭᠡᠢ ᠴᠢᠬᠤᠯᠠ ᠬᠦᠴᠦᠨ ᠵᠦᠢᠯ ᠶᠦᠮ᠃  
       ᠪᠡᠯᠭᠡ ᠶ᠋ᠢᠨ ᠠᠮᠢᠳᠤᠷᠠᠯ ᠤ᠋ᠨ ᠲᠠᠯ᠎ᠠ ᠪᠠᠷ ᠬᠠᠨᠤᠮᠵᠢ ᠦᠭᠡᠢ ᠪᠠᠢᠬᠤ ᠨᠢ ᠬᠥᠳᠡᠯᠮᠦᠷᠢ ᠶ᠋ᠢᠨ ᠴᠢᠳᠠᠪᠤᠷᠢ ᠳ᠋ᠤ᠌ ᠴᠦ᠍ ᠪᠠᠰᠠ ᠰᠢᠭᠤᠳ ᠨᠥᠯᠥᠭᠡᠯᠡᠳᠡᠭ ᠢ᠋ ᠡᠷᠳᠡᠮᠲᠡᠳ ᠲᠣᠭᠲᠠᠭᠠᠵᠤ ᠪᠠᠢᠨ᠎ᠠ᠃ ᠰᠤᠳᠤᠯᠭᠠᠨ ᠠ᠋ᠴᠠ ᠦᠵᠡᠬᠦ ᠳ᠋ᠦ᠍ ᠡᠬᠡᠨᠡᠷ ᠨᠥᠬᠥᠷ ᠬᠣᠶᠠᠷ ᠬᠣᠭᠣᠷᠣᠨᠳᠣ ᠪᠠᠨ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠲᠠᠭᠠᠷᠠᠵᠤ ᠲᠣᠬᠢᠷᠠᠬᠤ ᠦᠭᠡᠢ ᠪᠠᠢᠭᠰᠠᠨ ᠠ᠋ᠴᠠ ᠰᠡᠳᠬᠢᠯ ᠨᠢ ᠭᠦᠨᠵᠡᠭᠡᠢ ᠬᠢᠮᠤᠷᠠᠵᠤ᠂ ᠡᠷᠡᠴᠦᠳ ᠦ᠋ᠨ ᠬᠥᠳᠡᠯᠮᠦᠷᠢ ᠶ᠋ᠢᠨ ᠴᠢᠳᠠᠪᠤᠷᠢ25 ᠬᠤᠪᠢ ᠪᠠᠷ ᠡᠮᠡᠭᠲᠡᠢᠴᠦᠳ ᠦ᠋ᠨ ᠬᠢ70 ᠬᠤᠪᠢ ᠪᠠᠷ ᠲᠤᠰ ᠲᠤᠰ ᠪᠠᠭᠤᠷᠠᠳᠠᠭ ᠪᠠᠢᠨ᠎ᠠ᠃ ᠢᠩᠭᠢᠭᠡᠳ ᠪᠣᠳᠣᠬᠤᠯᠠᠷ ᠡᠷ᠎ᠡ ᠡᠮ᠎ᠡ ᠶ᠋ᠢᠨ ᠶᠣᠰᠣᠨ ᠤ᠋ ᠰᠣᠶᠣᠯ᠂ ᠲᠡᠭᠦᠨ ᠦ᠌ ᠲᠦᠪᠰᠢᠨ ᠪᠣᠯ ᠡᠳ᠋ ᠦ᠋ᠨ ᠵᠠᠰᠠᠭ ᠤ᠋ᠨ ᠴᠣ ᠺᠠᠲ᠋ᠧᠭᠣᠷᠢ ᠮᠥᠨ᠃ ᠲᠡᠭᠦᠨᠴᠢᠯᠡᠨ ᠪᠡᠯᠭᠡ ᠶ᠋ᠢᠨ ᠠᠮᠢᠳᠤᠷᠠᠯ ᠪᠣᠯ ᠠᠢᠯ ᠭᠡᠷ ᠦ᠋ᠨ ᠣᠷᠣᠰᠢᠨ ᠲᠣᠭᠲᠠᠨᠢᠬᠤ ᠨᠢᠭᠡᠨ ᠲᠤᠯᠭᠠᠭᠤᠷᠢ ᠪᠠᠭᠠᠨ᠎ᠠ ᠳᠠᠷᠤᠢ ᠮᠥᠨ᠃ ᠠᠮᠢᠳᠤᠷᠠᠯ ᠬᠠᠢᠷ᠎ᠠ ᠳᠡᠭᠡᠷ᠎ᠡ ᠲᠣᠭᠲᠠᠳᠠᠭ ᠴᠦ᠍ ᠲᠡᠭᠦᠨ ᠦ᠌ ᠪᠢᠣᠯᠣᠭᠢ ᠶ᠋ᠢᠨ ᠦᠨᠳᠦᠰᠦ ᠨᠢ ᠪᠡᠯᠭᠡ ᠶ᠋ᠢᠨ ᠠᠮᠢᠳᠤᠷᠠᠯ ᠮᠥᠨ᠃ ᠥᠭᠡᠷ᠎ᠡ ᠪᠡᠷ ᠬᠡᠯᠡᠪᠡᠯ᠂ᠬᠥᠮᠦᠨ ᠦ᠌ ᠪᠡᠯᠭᠡ ᠶ᠋ᠢᠨ ᠠᠮᠢᠳᠤᠷᠠᠯ ᠢ᠋ ᠡᠷ᠎ᠡ ᠡᠮ᠎ᠡ ᠶ᠋ᠢᠨ ᠶᠣᠰᠣᠨ ᠤ᠋ ᠬᠠᠢᠷ᠎ᠠ ᠰᠡᠳᠬᠢᠯ ᠡᠴᠡ ᠠᠩᠭᠢᠳᠠ ᠰᠠᠯᠤᠩᠭᠢᠳᠠ ᠠᠪᠴᠤ ᠦᠵᠡᠵᠦ ᠬᠡᠷᠬᠢᠪᠡᠴᠦ ᠪᠣᠯᠬᠤ ᠦᠭᠡᠢ᠃ ᠡᠨᠡ ᠨᠢ ᠡᠬᠡᠨᠡᠷ᠂ ᠨᠥᠬᠥᠷ ᠬᠣᠶᠠᠷ ᠢ᠋ ᠬᠣᠯᠪᠣᠵᠤ᠂ ᠲᠡᠳᠡᠨ ᠦ᠌ ᠡᠴᠢᠭᠡ ᠡᠬᠡ ᠪᠠᠢᠬᠤ ᠠᠵᠠ ᠵᠢᠷᠭᠠᠯ᠂ ᠭᠡᠷ ᠪᠦᠯᠢ ᠶ᠋ᠢᠨ ᠠᠵᠠ ᠵᠢᠷᠭᠠᠯ ᠬᠠᠢᠷᠠᠯᠠᠵᠤ᠂ ᠪᠡᠶ᠎ᠡ᠂ ᠰᠡᠳᠬᠢᠯ ᠦ᠋ᠨ ᠴᠡᠩᠭᠡᠯ ᠥᠭᠳᠡᠭ᠃ ᠭᠡᠪᠡᠴᠦ ᠬᠠᠢᠷ᠎ᠠ ᠰᠡᠳᠬᠢᠯ ᠦᠭᠡᠢ ᠠᠲᠠᠯ᠎ᠠ ᠪᠡᠶ᠎ᠡ ᠪᠡᠷ ᠤᠴᠠᠷᠠᠨ᠂ ᠡᠩᠭᠡᠷ ᠵᠥᠷᠢᠭᠦᠯᠬᠦ ᠶᠠᠪᠤᠳᠠᠯ ᠠᠮᠢᠳᠤᠷᠠᠯ ᠳ᠋ᠤ᠌ ᠮᠡᠷ ᠰᠡᠷ ᠪᠠᠢᠳᠠᠭ ᠢ᠋ ᠵᠥᠪᠲᠥᠭᠡᠬᠦ ᠠᠷᠭ᠎ᠠ ᠦᠭᠡᠢ᠃ ᠡᠷ᠎ᠡ ᠡᠮ᠎ᠡ ᠶ᠋ᠢᠨ ᠶᠣᠰᠣᠨ ᠰᠤᠳᠤᠯᠤᠯ ᠤ᠋ᠨ ᠤᠬᠠᠭᠠᠨ ᠳ᠋ᠤ᠌ ᠪᠡᠯᠭᠡ ᠶ᠋ᠢᠨ ᠠᠮᠢᠳᠤᠷᠠᠯ ᠤ᠋ᠨ ᠣᠯᠠᠨ ᠬᠡᠯᠪᠡᠷᠢ ᠶ᠋ᠢ ᠳᠣᠲᠣᠷ᠎ᠠ ᠨᠢ ᠬᠠᠪᠢᠲᠠᠯ ᠪᠠ ᠬᠠᠪᠢᠲᠠᠯ ᠤ᠋ᠨ ᠪᠢᠰᠢ ᠭᠡᠵᠦ ᠬᠣᠶᠠᠷ ᠬᠤᠪᠢᠶᠠᠳᠠᠭ᠃ ᠪᠡᠯᠭᠡ ᠶ᠋ᠢᠨ ᠠᠮᠢᠳᠤᠷᠠᠯ ᠤ᠋ᠨ ᠬᠠᠪᠢᠲᠠᠯ ᠤ᠋ᠨ ᠬᠡᠯᠪᠡᠷᠢ ᠨᠢ ᠬᠤᠷᠢᠴᠠᠯ( ᠬᠤᠶᠠᠯᠢ) ᠪᠤᠶᠤ ᠡᠩᠭᠡᠷ ᠵᠥᠷᠢᠭᠦᠯᠬᠦ ᠦᠢᠯᠡᠳᠦᠯ ᠶᠦᠮ᠃ ᠥᠭᠡᠷ᠎ᠡ ᠪᠡᠷ ᠬᠡᠯᠡᠪᠡᠯ᠂ ᠬᠤᠷᠢᠴᠠᠯ ᠨᠢ ᠪᠡᠯᠭᠡ ᠶ᠋ᠢᠨ ᠠᠮᠢᠳᠤᠷᠠᠯ ᠤ᠋ᠨ ᠨᠢᠭᠡ ᠬᠡᠯᠪᠡᠷᠢ ᠪᠣᠯᠬᠤ ᠠ᠋ᠴᠠ ᠪᠢᠰᠢ ᠲᠡᠭᠦᠨ ᠢ᠋ ᠲᠠᠩᠭᠠᠷ ᠢ᠋ᠶ᠋ᠠᠨ ᠲᠥᠯᠥᠭᠡᠯᠡᠬᠦ ᠦᠭᠡᠢ ᠭᠡᠰᠡᠨ ᠦᠭᠡ᠃ ᠡᠨᠳᠡ ᠡᠴᠡ ᠦᠵᠡᠬᠦ ᠳ᠋ᠦ᠍᠂ ᠪᠡᠯᠭᠡ ᠶ᠋ᠢᠨ ᠠᠮᠢᠳᠤᠷᠠᠯ ᠭᠡᠳᠡᠭ ᠣᠢᠯᠠᠭᠠᠯᠲᠠ ᠨᠢ ᠬᠠᠪᠢᠳᠠᠵᠤ ᠣᠢᠷᠠᠳᠬᠤ ᠠ᠋ᠴᠠ ᠬᠠᠪᠢ ᠦᠭᠡᠢ ᠥᠷᠭᠡᠨ ᠬᠦᠷᠢᠶ᠎ᠡ ᠲᠡᠢ᠃ ᠬᠠᠪᠢᠲᠠᠯ ᠤ᠋ᠨ ᠪᠢᠰᠢ ᠬᠡᠯᠪᠡᠷᠢ ᠳ᠋ᠦ᠍᠂ ᠤᠴᠠᠷᠠᠭᠰᠠᠨ ᠬᠣᠶᠠᠷ ᠤ᠋ᠨ ᠢᠨᠠᠭ ᠠᠮᠠᠷᠠᠭ ᠤ᠋ᠨ ᠰᠡᠳᠬᠢᠯ᠂ ᠪᠥᠵᠢᠭᠯᠡᠬᠦᠢ᠂ ᠲᠡᠪᠡᠷᠢᠨ ᠦᠨᠦᠰᠬᠦᠢ᠂ ᠢᠯᠢᠨ ᠳᠠᠭᠠᠯᠠᠬᠤᠢ᠂ ᠲᠠᠩᠰᠤᠭᠯᠠᠨ ᠡᠩᠬᠦᠷᠡᠢᠯᠡᠬᠦᠢ᠂ ᠱᠦᠷᠭᠦᠭᠡᠨ ᠬᠦᠷᠦᠯᠴᠡᠬᠦᠢ ᠵᠡᠷᠭᠡ ᠣᠷᠣᠨ᠎ᠠ᠃ ᠢᠨᠠᠭ ᠠᠮᠠᠷᠠᠭ ᠤ᠋ᠨ ᠰᠡᠳᠬᠢᠯ ᠪᠣᠯᠤᠨ ᠰᠡᠳᠬᠢᠯ ᠲᠡᠢ ᠬᠣᠶᠠᠷ ᠤ᠋ᠨ ᠪᠥᠵᠢᠬᠦ ᠶ᠋ᠢ ᠪᠡᠯᠭᠡ ᠶ᠋ᠢᠨ ᠠᠮᠢᠳᠤᠷᠠᠯ ᠤ᠋ᠨ ᠬᠡᠯᠪᠡᠷᠢ ᠪᠣᠯᠭᠠᠨ ᠠᠪᠴᠤ ᠦᠵᠡᠬᠦ ᠳ᠋ᠦ᠍ ᠠᠩᠬᠠᠨ ᠳ᠋ᠠᠭᠠᠨ ᠶᠡᠬᠡᠬᠡᠨ ᠭᠠᠢᠬᠠᠰᠢ ᠲᠥᠷᠥᠭᠦᠯᠵᠦ ᠪᠣᠯᠬᠤ ᠶᠤᠮ᠃ ᠭᠡᠪᠡᠴᠦ ᠡᠳᠡᠭᠡᠷ ᠨᠢ ᠬᠠᠨᠢ ᠪᠠᠨ ᠣᠯᠬᠤ᠂ ᠰᠣᠩᠭᠣᠬᠤ᠂ ᠲᠠᠨᠢᠬᠤ᠂ ᠲᠡᠭᠦᠨ ᠲᠡᠢ ᠵᠠᠩ ᠵᠠᠩ ᠢ᠋ᠶ᠋ᠠᠨ ᠠᠪᠬᠤ ᠪᠣᠯᠤᠮᠵᠢ ᠨᠥᠬᠥᠴᠡᠯ ᠢ᠋ ᠬᠠᠩᠭᠠᠳᠠᠭ ᠨᠢᠭᠡ ᠶᠣᠰᠣᠨ ᠤ᠋《ᠵᠠᠭᠤᠴᠢ》 ᠶ᠋ᠢᠨ ᠡᠭᠦᠷᠭᠡ ᠶ᠋ᠢ ᠭᠦᠢᠴᠡᠳᠬᠡᠳᠡᠭ᠃ ᠪᠡᠯᠭᠡ ᠶ᠋ᠢᠨ ᠠᠮᠢᠳᠤᠷᠠᠯ ᠪᠣᠯ ᠭᠡᠷ ᠪᠦᠯᠢ ᠶ᠋ᠢᠨ ᠨᠠᠷᠢᠨ ᠲᠦᠪᠡᠭᠲᠡᠢ ᠣᠯᠠᠨ ᠲᠠᠯᠠᠲᠤ ᠠᠰᠠᠭᠤᠳᠠᠯ ᠢ᠋ ᠲᠠᠩᠭᠠᠷ ᠣᠷᠣᠯᠠᠵᠤ ᠴᠢᠳᠠᠬᠤ ᠦᠭᠡᠢ ᠪᠥᠭᠡᠳ ᠲᠡᠭᠦᠨ ᠦ᠌ ᠡᠵᠡᠯᠡᠬᠦ ᠪᠠᠢᠷᠢ ᠰᠠᠭᠤᠷᠢ᠂ ᠮᠥᠨ ᠴᠢᠨᠠᠷ᠂ ᠠᠴᠢ ᠬᠣᠯᠪᠣᠭᠳᠠᠯ ᠢ᠋ ᠣᠭᠲᠣ ᠦᠭᠡᠢᠰᠬᠡᠬᠦ᠂ ᠳᠤᠲᠠᠭᠤ ᠦᠨᠡᠯᠡᠬᠦ᠂ ᠡᠰᠡᠪᠡᠯ ᠬᠡᠳᠦ ᠦᠨᠡᠯᠡᠬᠦ ᠶ᠋ᠢᠨ ᠠᠯᠢ ᠠᠯᠢ ᠨᠢ ᠠᠮᠢᠳᠤᠷᠠᠯ ᠳ᠋ᠤ᠌ ᠬᠣᠣᠷ ᠪᠣᠯᠳᠠᠭ᠃ ᠶᠠᠮᠠᠷᠴᠤ ᠠᠲᠤᠭᠠᠢ ᠪᠡᠯᠭᠡ ᠶ᠋ᠢᠨ ᠠᠮᠢᠳᠤᠷᠠᠯ ᠢ᠋ᠶ᠋ᠠᠨ ᠵᠥᠪ ᠵᠣᠬᠢᠶᠠᠨ ᠪᠠᠢᠭᠤᠯᠵᠤ᠂ ᠲᠡᠭᠦᠨ ᠳ᠋ᠦ᠍ ᠤᠬᠠᠭᠠᠯᠢᠭ ᠬᠠᠨᠳᠤᠪᠠᠯ ᠴᠡᠩᠭᠡᠯ ᠵᠢᠷᠭᠠᠯ ᠤ᠋ᠨ ᠣᠬᠢ ᠮᠠᠩᠯᠠᠢ ᠪᠣᠯᠬᠤ ᠨᠢ ᠯᠠᠪᠲᠠᠢ᠃ ᠲᠡᠭᠡᠬᠦ ᠳ᠋ᠡᠭᠡᠨ ᠡᠷ᠎ᠡ ᠡᠮ᠎ᠡ ᠬᠣᠶᠠᠷ ᠲᠡᠭᠦᠨ ᠢ᠋ ᠬᠡᠨ ᠬᠡᠨ ᠨᠢ ᠠᠳᠠᠯᠢᠬᠠᠨ ᠬᠦᠰᠡᠵᠦ ᠪᠠᠢᠪᠠᠯ ᠰᠠᠶᠢ ᠬᠣᠷᠸ᠎ᠠ ᠶ᠋ᠢᠨ ᠨᠢᠭᠡᠨ ᠵᠢᠷᠭᠠᠯ ᠤ᠋ᠨ ᠳᠡᠭᠡᠳᠦ ᠪᠣᠯᠤᠨ᠎ᠠ᠃  
       ᠲᠡᠦᠬᠡ ᠶ᠋ᠢᠨ ᠰᠤᠷᠪᠤᠯᠵᠢ ᠪᠢᠴᠢᠭ ᠦ᠋ᠳ ᠡᠴᠡ ᠰᠤᠳᠤᠯᠤᠨ ᠦᠵᠡᠬᠦ ᠳ᠋ᠦ᠍ ᠪᠡᠯᠭᠡ ᠶ᠋ᠢᠨ ᠠᠮᠢᠳᠤᠷᠠᠯ ᠤ᠋ᠨ ᠠᠴᠢ ᠬᠣᠯᠪᠣᠭᠳᠠᠯ ᠢ᠋ ᠶᠠᠩᠵᠤ ᠶᠠᠩᠵᠤ ᠪᠠᠷ ᠢ᠋ᠶ᠋ᠠᠷ ᠲᠠᠢᠯᠪᠤᠷᠢᠯᠠᠵᠤ᠂ ᠦᠨᠡᠯᠡᠨ ᠴᠡᠩᠨᠡᠵᠦ ᠢᠷᠡᠭᠰᠡᠨ ᠪᠠᠢᠬᠤ ᠶᠤᠮ᠃ ᠠᠩᠬᠠᠨ ᠳ᠋ᠠᠭᠠᠨ ᠲᠡᠭᠦᠨ ᠢ᠋ ᠬᠥᠮᠦᠨ ᠦ᠌ ᠡᠷᠡᠭᠦᠯ ᠮᠡᠨᠳᠦ ᠳ᠋ᠦ᠍ ᠠᠰᠤᠷᠤ ᠬᠣᠣᠷ ᠲᠠᠢ ᠪᠠᠷ ᠲᠠᠢᠯᠪᠤᠷᠢᠯᠠᠵᠤ᠂ ᠡᠷᠡᠭᠦᠯ ᠡᠩᠬᠡ᠂ ᠤᠷᠲᠤ ᠤᠳᠠᠭᠠᠨ ᠨᠠᠰᠤᠯᠠᠶ᠎ᠠ ᠭᠡᠪᠡᠯ ᠲᠡᠪᠴᠢᠬᠦ ᠬᠡᠷᠡᠭᠲᠡᠢ ᠭᠡᠵᠦ ᠨᠣᠮᠯᠠᠵᠤ ᠪᠠᠢᠭᠰᠠᠨ ᠨᠢ ᠲᠡᠷᠡ ᠦᠶ᠎ᠡ ᠶ᠋ᠢᠨ ᠬᠥᠮᠦᠨ ᠦ᠌ ᠪᠡᠶ᠎ᠡ ᠴᠣᠭᠴᠠᠰ᠂ ᠲᠡᠭᠦᠨ ᠦ᠌ ᠦᠢᠯᠡ ᠠᠵᠢᠯᠯᠠᠭᠠᠨ ᠤ᠋ ᠲᠠᠯ᠎ᠠ ᠪᠠᠷ ᠮᠡᠳᠡᠯᠭᠡ ᠨᠢᠮᠭᠡᠨ ᠪᠠᠢᠭᠰᠠᠨ ᠤ᠋ ᠬᠢ ᠠᠵᠠᠢ᠃ ᠲᠤᠬᠠᠢᠯᠠᠪᠠᠯ᠂ ᠬᠤᠷᠢᠴᠠᠬᠤ ᠦᠶ᠎ᠡ ᠳ᠋ᠦ᠍ ᠡᠷ᠎ᠡ ᠬᠥᠮᠦᠨ ᠦ᠌ ᠪᠡᠶ᠎ᠡ ᠡᠴᠡ ᠢᠯᠭᠠᠷᠠᠳᠠᠭ ᠦᠷ᠎ᠡ ᠶ᠋ᠢᠨ ᠰᠢᠩᠭᠡᠨ ᠢ᠋ ᠲᠠᠷᠢᠬᠢ᠂ ᠨᠤᠭᠤᠰᠤ ᠪᠠᠷ ᠭᠠᠷᠳᠠᠭ ᠮᠡᠲᠦ ᠪᠡᠷ ᠲᠥᠰᠦᠭᠡᠯᠡᠵᠦ ᠪᠠᠢᠭᠰᠠᠨ ᠠ᠋ᠴᠠ ᠦᠷ᠎ᠡ ᠶ᠋ᠢᠨ ᠰᠢᠩᠭᠡᠨ ᠢᠯᠭᠠᠷᠠᠬᠤ ᠲᠣᠭᠠᠯᠠᠭᠠᠨ ᠲᠠᠷᠢᠬᠢ᠂ ᠨᠤᠭᠤᠰᠤ᠂《ᠦᠷᠡᠭᠳᠡᠨ》 ᠱᠠᠮᠰᠢᠭᠳᠠᠵᠤ᠂ ᠠᠭᠠᠵᠢᠮ ᠢ᠋ᠶ᠋ᠠᠷ ᠡᠪᠡᠷᠡᠵᠦ ᠬᠠᠲᠠᠭᠰᠠᠨ ᠤ᠋ ᠤᠯᠠᠮ ᠠ᠋ᠴᠠ ᠮᠡᠳᠡᠷᠡᠯ ᠰᠡᠳᠬᠢᠴᠡ ᠶ᠋ᠢᠨ ᠭᠠᠵᠢᠭ ᠬᠢᠮᠤᠷᠠᠯ ᠡᠭᠦᠰᠬᠡᠳᠡᠭ ᠭᠡᠰᠡᠨ ᠭᠡᠨᠡᠬᠡᠨ ᠣᠢᠯᠠᠭᠠᠴᠠ ᠴᠦ᠍ ᠪᠠᠢᠵᠠᠢ᠃ ᠲᠡᠭᠦᠨᠴᠢᠯᠡᠨ ᠦᠷ᠎ᠡ ᠶ᠋ᠢᠨ ᠰᠢᠩᠭᠡᠨ ᠢᠯᠭᠠᠷᠠᠵᠤ᠂ ᠳᠤᠷ᠎ᠠ ᠬᠠᠩᠬᠤ ᠦᠶ᠎ᠡ ᠳ᠋ᠦ᠍ ᠪᠡᠶ᠎ᠡ ᠴᠡᠴᠡᠷᠬᠢᠯᠡᠬᠦ ᠶ᠋ᠢ ᠤᠨᠠᠬᠤ ᠡᠪᠡᠳᠴᠢᠨ ᠦ᠌ ᠲᠠᠲᠠᠬᠤ ᠰᠢᠨᠵᠢ ᠲᠡᠮᠳᠡᠭ ᠲᠡᠢ ᠠᠳᠠᠯᠢᠳᠬᠠᠨ ᠦᠵᠡᠵᠦ᠂ ᠤᠨᠠᠬᠤ ᠡᠪᠡᠳᠴᠢᠨ ᠲᠡᠢ ᠬᠥᠮᠦᠨ ᠦ᠌ ᠮᠡᠳᠡᠷᠡᠯ ᠶᠠᠪᠤᠭᠠᠨ ᠳ᠋ᠠᠭᠠᠨ ᠮᠠᠭᠤᠳᠠᠵᠤ᠂ ᠣᠢ ᠲᠣᠭᠲᠠᠭᠠᠮᠵᠢ᠂ ᠣᠶᠤᠨ ᠤᠬᠠᠭᠠᠨ ᠨᠢ ᠰᠤᠯᠠᠷᠠᠳᠠᠭ ᠰᠢᠭ᠋ ᠬᠤᠷᠢᠴᠠᠯ ᠬᠤᠶᠠᠯᠢ ᠶ᠋ᠢᠨ ᠠᠵᠢᠯ ᠡᠴᠦᠰ ᠲᠡᠭᠡᠨ ᠰᠡᠳᠬᠢᠯ ᠮᠡᠳᠡᠷᠡᠯ ᠦ᠋ᠨ ᠡᠪᠡᠳᠴᠢᠨ ᠳᠤᠰᠬᠠᠬᠤ ᠳ᠋ᠤ᠌ ᠬᠦᠷᠭᠡᠨ᠎ᠡ ᠭᠡᠰᠡᠨ ᠳ᠋ᠦᠩᠨᠡᠯᠲᠡ ᠭᠠᠷᠴᠤ᠂ ᠲᠡᠢᠮᠦ ᠡᠪᠡᠳᠴᠢᠨ ᠲᠡᠢ ᠬᠥᠮᠦᠰ ᠢ᠋《ᠬᠥᠩᠭᠡᠯᠡᠵᠦ》(ᠵᠠᠰᠠᠵᠤ) ᠡᠮᠨᠡᠬᠦ ᠶ᠋ᠢ ᠣᠷᠣᠯᠳᠣᠬᠤ ᠶᠠᠪᠤᠳᠠᠯ ᠴᠦ᠍ ᠭᠠᠷᠴᠤ ᠪᠠᠢᠵᠠᠢ᠃ 
       ᠳᠤᠮᠳᠠᠳᠤ ᠵᠠᠭᠤᠨ ᠤ᠋ ᠦᠶ᠎ᠡ ᠳ᠋ᠦ᠍ ᠱᠠᠰᠢᠨ ᠤ᠋ ᠡᠯᠳᠡᠪ ᠦ᠋ᠨ ᠬᠣᠷᠢᠭ᠎ᠠ ᠴᠡᠭᠡᠷ ᠦ᠋ᠨ ᠨᠥᠯᠥᠭᠡ ᠪᠡᠷ ᠬᠣᠷᠮᠣᠢ ᠶ᠋ᠢᠨ ᠶᠠᠪᠤᠳᠠᠯ ᠢ᠋《ᠨᠢᠭᠦᠯ ᠬᠢᠯᠢᠨᠴᠡ》᠂《ᠪᠤᠵᠠᠷ ᠪᠣᠯᠠᠢ》 ᠮᠡᠲᠦ ᠪᠡᠷ ᠦᠵᠡᠵᠦ ᠠᠷᠠᠳ ᠲᠦᠮᠡᠨ ᠦ᠌ ᠬᠠᠷᠠᠩᠭᠤᠢ ᠪᠦᠳᠦᠭᠦᠯᠢᠭ ᠪᠠᠢᠳᠠᠯ ᠢ᠋ ᠠᠰᠢᠭᠯᠠᠨ ᠮᠤᠩᠬᠠᠷᠠᠭᠤᠯᠵᠤ ᠳᠠᠶᠠᠩᠴᠢᠯᠠᠬᠤ ᠶ᠋ᠢ ᠨᠣᠮᠯᠠᠵᠤ ᠪᠠᠢᠭᠰᠠᠨ ᠶᠤᠮ᠃ ᠬᠣᠵᠢᠮ ᠡᠭᠦᠨ ᠦ᠌ ᠡᠰᠡᠷᠭᠦ ᠨᠣᠮᠯᠠᠯ ᠨᠣᠶᠠᠷᠬᠠᠵᠤ᠂ ᠪᠡᠯᠭᠡ ᠶ᠋ᠢᠨ ᠠᠮᠢᠳᠤᠷᠠᠯ ᠤ᠋ᠨ ᠠᠴᠢ ᠬᠣᠯᠪᠣᠭᠳᠠᠯ ᠢ᠋ ᠬᠡᠲᠦᠷᠡᠭᠦᠯᠦᠨ ᠦᠨᠡᠯᠡᠵᠦ᠂ ᠲᠡᠭᠦᠨ ᠦ᠌ ᠠᠴᠢ ᠲᠤᠰᠠ ᠪᠠᠷ ᠬᠥᠮᠦᠨ ᠠᠯᠢᠪᠠ ᠡᠪᠡᠳᠴᠢᠨ ᠡᠮᠭᠡᠭ ᠡᠴᠡ ᠠᠩᠭᠢᠵᠢᠷᠠᠵᠤ᠂ ᠡᠷᠡᠭᠦᠯ ᠡᠩᠬᠡ ᠶᠠᠪᠤᠬᠤ ᠪᠣᠯᠤᠨ᠎ᠠ ᠭᠡᠵᠦ ᠴᠦ᠍ ᠰᠤᠷᠭᠠᠳᠠᠭ ᠪᠠᠢᠵᠠᠢ᠃ ᠲᠡᠷᠡ ᠶᠢ ᠪᠦᠦ ᠬᠡᠯᠡ᠂ ᠬᠤᠷᠢᠴᠠᠬᠤ ᠦᠶ᠎ᠡ ᠡᠷᠡᠭᠲᠡᠢ ᠡᠮᠡᠭᠲᠡᠢ ᠬᠥᠮᠦᠰ ᠦ᠋ᠨ ᠪᠡᠶ᠎ᠡ ᠮᠠᠬᠠᠪᠣᠳ ᠲᠤ᠌ ᠰᠢᠩᠭᠡᠨ ᠦ᠌ ᠰᠣᠯᠢᠯᠴᠠᠭ᠎ᠠ ᠶᠠᠪᠤᠭᠳᠠᠵᠤ᠂ ᠡᠨᠡ ᠨᠢ ᠲᠡᠳᠡᠨ ᠦ᠌ ᠡᠷᠡᠭᠦᠯ ᠮᠡᠨᠳᠦ ᠶ᠋ᠢ ᠳᠠᠷᠬᠠᠯᠠᠨ ᠬᠠᠮᠠᠭᠠᠯᠠᠭᠴᠢ《ᠲᠠᠷᠢᠯᠭ᠎ᠠ》 ᠪᠣᠯᠳᠠᠭ ᠭᠡᠮᠡᠨ ᠦᠵᠡᠵᠦ᠂ ᠬᠡᠷᠪᠡ ᠡᠷᠡᠭᠲᠡᠢ ᠬᠥᠮᠦᠨ ᠥᠪᠡᠷ ᠡᠴᠡ ᠪᠡᠨ ᠣᠯᠠᠨ ᠳᠡᠭᠦᠦ᠂ ᠦᠶ᠎ᠡ ᠮᠤᠯᠲᠤᠷᠠᠭᠰᠠᠨ ᠬᠥᠮᠦᠨ ᠲᠡᠢ ᠲᠣᠯᠣᠭᠠᠢ ᠬᠣᠯᠪᠣᠪᠠᠯ ᠤᠯᠠᠮ ᠵᠠᠯᠠᠭᠤᠵᠢᠬᠤ ᠲᠤᠬᠠᠢ ᠨᠣᠮᠯᠠᠵᠤ ᠪᠠᠢᠵᠠᠢ᠃ ᠡᠭᠦᠨ ᠢ ᠵᠠᠯᠠᠭᠤ ᠪᠦᠰᠡᠭᠦᠢ ᠶ᠋ᠢᠨ ᠮᠬᠠᠨᠪᠣᠳ ᠠ᠋ᠴᠠ ᠵᠠᠯᠠᠭᠤᠵᠢᠬᠤ ᠢᠳᠢ ᠰᠢᠳᠢ ᠲᠡᠢ ᠰᠢᠩᠭᠡᠨ ᠢᠯᠭᠠᠷᠠᠨ ᠭᠠᠷᠳᠠᠭ ᠢ᠋ᠶ᠋ᠠᠷ ᠲᠠᠢᠯᠪᠤᠷᠢᠯᠠᠵᠤ ᠪᠠᠢᠭᠰᠠᠨ ᠪᠠᠢᠨ᠎ᠠ᠃ ᠡᠨᠡᠬᠦ ᠨᠣᠮᠯᠠᠯ ᠢ᠋ ᠳᠤᠮᠳᠠᠳᠤ ᠵᠠᠭᠤᠨ ᠤ᠋ ᠦᠶ᠎ᠡ ᠪᠡᠷ ᠪᠤᠷᠤᠭᠤᠰᠢᠶᠠᠨ ᠦᠭᠡᠢᠰᠬᠡᠭᠰᠡᠨ ᠪᠣᠯᠪᠠᠴᠤ19 ᠳ᠋ᠦ᠍ᠭᠡᠷ ᠵᠠᠭᠤᠨ ᠤ᠋ ᠰᠡᠭᠦᠯᠴᠢ ᠪᠡᠷ ᠵᠢᠰᠦ ᠪᠡᠨ ᠬᠤᠪᠢᠷᠠᠭᠠᠨ᠂ ᠠᠷᠠᠢ ᠥᠭᠡᠷ᠎ᠡ ᠬᠡᠯᠪᠡᠷᠢ ᠪᠡᠷ ᠳᠠᠬᠢᠵᠤ ᠭᠠᠷᠴᠤ ᠢᠷᠡᠭᠰᠡᠨ ᠶᠦᠮ᠃ ᠲᠡᠭᠦᠨᠴᠢᠯᠡᠨ ᠬᠤᠷᠢᠴᠠᠯ ᠡᠳ᠋ᠯᠡᠭᠡ ᠦᠭᠡᠢ ᠪᠦᠰᠡᠭᠦᠢ ᠲᠡᠢ ᠬᠠᠪᠢᠳᠠᠪᠠᠯ ᠲᠡᠮᠪᠦᠦ ᠡᠪᠡᠳᠴᠢᠨ ᠡᠳᠡᠭᠡᠷᠡᠨ᠎ᠡ᠂ ᠵᠠᠭ ᠬᠦᠢᠲᠡᠨ ᠲᠤᠰᠤᠭᠰᠠᠨ ᠬᠥᠮᠦᠨ ᠤᠴᠢᠷ ᠮᠡᠳᠡᠬᠦ ᠦᠭᠡᠢ ᠬᠡᠦᠬᠡᠳ ᠲᠡᠢ ᠬᠠᠪᠢᠳᠠᠬᠤ ᠳ᠋ᠤ᠌ ᠡᠷᠡᠭᠦᠯᠵᠢᠨ᠎ᠡ ᠭᠡᠰᠡᠨ ᠬᠠᠴᠢᠨ ᠨᠣᠮᠯᠠᠯ᠂ ᠲᠥᠷᠥᠭᠳᠡᠯ ᠨᠡᠯᠢᠶᠡᠳ ᠲᠠᠷᠬᠠᠵᠤ᠂ ᠡᠭᠦᠨ ᠦ᠌ ᠤᠷᠰᠢᠭ ᠢ᠋ᠶ᠋ᠠᠷ ᠥᠩᠭᠡᠨ ᠦ᠌ ᠡᠪᠡᠳᠴᠢᠨ ᠤᠯᠠᠮ ᠭᠠᠵᠠᠷ ᠠᠪᠬᠤ ᠳ᠋ᠤ᠌ ᠬᠦᠷᠴᠦ ᠪᠠᠢᠵᠠᠢ᠃ ᠡᠨᠡ ᠪᠦᠬᠦᠨ ᠪᠡᠯᠭᠡ ᠶ᠋ᠢᠨ ᠠᠮᠢᠳᠤᠷᠠᠯ ᠤ᠋ᠨ ᠲᠠᠯ᠎ᠠ ᠪᠠᠷ ᠰᠢᠨᠵᠢᠯᠡᠬᠦ ᠤᠬᠠᠭᠠᠨ ᠤ᠋ ᠲᠠᠯ᠎ᠠ ᠪᠠᠷ ᠪᠠᠲᠤ ᠦᠨᠳᠦᠰᠦ ᠲᠡᠢ ᠵᠣᠬᠢᠬᠤ ᠮᠡᠳᠡᠯᠭᠡ᠂ ᠴᠢᠳᠠᠪᠤᠷᠢ ᠳᠤᠲᠠᠪᠠᠯ ᠨᠡᠢᠭᠡᠮ ᠳ᠋ᠦ᠍ ᠶᠠᠭᠤ ᠲᠠᠢ ᠴᠦ᠍ ᠵᠦᠢᠷᠯᠡᠰᠢ ᠦᠭᠡᠢ ᠠᠰᠤᠷᠤ ᠶᠡᠬᠡ ᠬᠣᠣᠷ ᠤᠷᠰᠢᠭ ᠲᠠᠷᠢᠬᠤ ᠶ᠋ᠢ ᠬᠠᠷᠠᠭᠤᠯᠵᠤ ᠪᠠᠢᠨ᠎ᠠ᠃ ᠣᠳᠣ ᠴᠦ᠍ ᠭᠡᠰᠡᠨ ᠵᠠᠷᠢᠮ ᠵᠠᠯᠠᠭᠤ ᠬᠣᠣᠰ ᠤ᠋ᠳ ᠡᠷ᠎ᠡ ᠡᠮ᠎ᠡ ᠶ᠋ᠢᠨ ᠶᠣᠰᠣᠨ ᠤ᠋ ᠠᠴᠢ ᠬᠣᠯᠪᠣᠭᠳᠠᠯ ᠭᠦᠢᠴᠡᠳᠬᠡᠬᠦ ᠡᠭᠦᠷᠭᠡ ᠶ᠋ᠢ ᠳᠤᠲᠠᠭᠤ ᠦᠨᠡᠯᠡᠨ᠂《ᠦᠷ᠎ᠡ ᠬᠡᠦᠬᠡᠳ ᠲᠠᠢ ᠯᠠ ᠪᠠᠢᠪᠠᠯ ᠪᠣᠯᠤᠯ᠎ᠠ ᠥᠭᠡᠷ᠎ᠡ ᠶᠠᠭᠤ ᠬᠡᠷᠡᠭ ᠲᠡᠢ ᠶᠦᠮ ᠪᠣᠢ? ᠲᠡᠭᠦᠨ ᠡᠴᠡ ᠪᠣᠯᠤᠭᠠᠳ ᠶᠠᠮᠠᠷ ᠦᠬᠦᠴᠢᠬᠡᠬᠦ ᠶᠦᠮ ᠪᠢᠰᠢ ᠳᠡ》 ᠭᠡᠮᠡᠨ ᠦᠵᠡᠵᠦ ᠪᠦᠲᠦᠨ ᠵᠢᠯ ᠥᠩᠭᠡᠷᠡᠬᠦ ᠳ᠋ᠦ᠍ ᠲᠣᠭᠠᠲᠠᠢ ᠬᠡᠳᠦᠬᠡᠨ ᠤᠳᠠᠭ᠎ᠠ ᠡᠩᠭᠡᠷ ᠵᠥᠷᠢᠭᠦᠯᠬᠦ ᠲᠣᠬᠢᠶᠠᠯᠳᠤᠯ ᠴᠦ᠍ ᠪᠠᠢᠬᠤ ᠶᠤᠮ᠃ ᠭᠡᠯ᠎ᠡ ᠴᠦ᠍ ᠲᠡᠨᠳᠡ ᠥᠪᠡᠷᠰᠡᠳ ᠢ᠋ ᠪᠡᠨ ᠠᠵᠠ ᠵᠢᠷᠭᠠᠯ ᠦᠭᠡᠢ ᠤᠯᠤᠰ ᠭᠡᠵᠦ ᠣᠭᠲᠣᠬᠠᠨ ᠴᠦ᠍ ᠲᠣᠭᠠᠴᠠᠳᠠᠭ ᠦᠭᠡᠢ᠃ ᠲᠡᠳᠡᠨ ᠦ᠌ ᠪᠣᠳᠣᠯ ᠢ᠋ᠶ᠋ᠠᠷ ᠪᠡᠯᠭᠡ ᠶ᠋ᠢᠨ ᠠᠮᠢᠳᠤᠷᠠᠯ ᠵᠥᠪᠬᠡᠨ ᠦᠷ᠎ᠡ ᠬᠡᠦᠬᠡᠳ ᠲᠡᠢ ᠪᠣᠯᠬᠤ ᠳ᠋ᠤ᠌ ᠯᠠ ᠬᠡᠷᠡᠭᠲᠡᠢ᠂ ᠥᠭᠡᠷ᠎ᠡ ᠶᠠᠮᠠᠷ ᠴᠦ᠍ ᠡᠭᠦᠷᠭᠡ ᠪᠠᠢᠬᠤ ᠦᠭᠡᠢ《ᠮᠠᠭᠤ》 ᠵᠦᠢᠯ ᠮᠡᠲᠦ ᠣᠢᠯᠭᠠᠳᠠᠭ ᠲᠤ᠌ ᠯᠠ ᠬᠠᠮᠤᠭ ᠤᠴᠢᠷ ᠪᠠᠢᠨ᠎ᠠ᠃ ᠭᠡᠲᠡᠯ᠎ᠡ ᠨᠥᠭᠦᠭᠡ ᠨᠢᠭᠡ ᠬᠡᠰᠡᠭ ᠨᠢ ᠬᠥᠮᠦᠨ ᠦ᠌ ᠠᠮᠢᠳᠤᠷᠠᠯ ᠤ᠋ᠨ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠶ᠋ᠢ ᠬᠡᠮᠵᠢᠶᠡᠯᠡᠰᠢ ᠦᠭᠡᠢ ᠬᠡᠳᠦ ᠦᠨᠡᠯᠡᠵᠦ᠂ ᠲᠡᠭᠦᠨ ᠢ᠋ ᠲᠩᠷᠢ ᠲᠤᠯᠲᠠᠯ᠎ᠠ ᠮᠠᠭᠲᠠᠵᠤ᠂ ᠡᠭᠦᠨ ᠡᠴᠡ ᠥᠭᠡᠷ᠎ᠡ ᠰᠠᠢᠬᠠᠨ ᠶᠠᠭᠤᠮ᠎ᠠ ᠡᠨᠡ ᠣᠷᠴᠢᠯᠠᠩ ᠬᠣᠷᠸ᠎ᠠ ᠳ᠋ᠤ᠌ ᠦᠭᠡᠢ ᠶᠦᠮ ᠰᠢᠭ ᠰᠠᠨᠠᠬᠤ ᠨᠢ ᠴᠦ᠍ ᠪᠣᠢ᠃ ᠬᠠᠷᠠᠮᠰᠠᠯᠲᠠᠢ ᠨᠢ ᠲᠡᠢᠮᠦ ᠠᠢᠯ ᠭᠡᠷ ᠬᠠᠭᠠᠷᠠᠵᠤ ᠪᠤᠲᠠᠷᠠᠬᠤ ᠨᠢ ᠠᠮᠠᠷᠬᠠᠨ᠂ ᠪᠠᠲᠤ ᠪᠥᠬᠡ ᠪᠢᠰᠢ᠂ ᠰᠢᠯ ᠰᠢᠭ ᠬᠡᠪᠡᠷᠡᠭ ᠪᠠᠢᠳᠠᠭ ᠢ᠋ ᠰᠤᠳᠤᠯᠭ᠎ᠠ ᠨᠤᠲᠠᠯᠠᠭᠰᠠᠨ ᠶᠤᠮ᠃ ᠡᠭᠦᠨ ᠦ᠌ ᠤᠴᠢᠷ ᠶᠠᠭᠤ ᠭᠡᠪᠡᠯ ᠲᠡᠢᠮᠦ ᠬᠣᠣᠰ ᠤ᠋ᠳ ᠤ᠋ᠨ ᠬᠡᠨ ᠨᠢᠭᠡᠨ ᠦ᠌ ᠬᠢᠨᠢ ᠪᠡᠯᠭᠡ ᠶ᠋ᠢᠨ ᠠᠵᠢᠯᠯᠠᠭ᠎ᠠ ᠲᠦᠷ ᠴᠦ᠍ ᠠᠲᠤᠭᠠᠢ ᠬᠢᠮᠤᠷᠠᠯ ᠳ᠋ᠤ᠌ ᠣᠷᠣᠬᠤ ᠳ᠋ᠤ᠌ ᠲᠡᠳᠡᠨ ᠢ᠋ ᠬᠣᠭᠣᠷᠣᠨᠳᠣ ᠨᠢ ᠬᠣᠯᠪᠣᠨ ᠨᠡᠢᠯᠡᠭᠦᠯᠬᠦ ᠥᠭᠡᠷ᠎ᠡ ᠶᠠᠭᠤ ᠴᠦ᠍ ᠦᠭᠡᠢ ᠪᠣᠯᠵᠤ᠂ ᠪᠡᠶ᠎ᠡ ᠪᠡᠶ᠎ᠡ ᠳ᠋ᠡᠭᠡᠨ ᠢᠯᠡᠳᠲᠡ ᠳᠤᠷ᠎ᠠ ᠦᠭᠡᠢᠴᠡᠨ᠂ ᠠᠮᠠ ᠮᠣᠷᠤᠢᠵᠠᠭᠠᠨ᠎ᠠ᠃ ᠲᠡᠭᠡᠬᠦ ᠪᠡᠷ ᠪᠡᠯᠭᠡ ᠶ᠋ᠢᠨ ᠦᠢᠯᠡ ᠠᠵᠢᠯᠯᠠᠭ᠎ᠠ ᠪᠠᠨ ᠶᠠᠮᠠᠷ ᠳᠠᠭᠠᠳᠬᠠᠭᠤᠯᠴᠢᠬᠠᠭᠰᠠᠨ ᠪᠢᠰᠢ ᠬᠥᠮᠦᠨ ᠦ᠌ ᠠᠮᠢᠳᠤᠷᠠᠯ ᠳ᠋ᠤ᠌ ᠶᠠᠭᠤ ᠡᠰᠡ ᠲᠣᠬᠢᠶᠠᠯᠳᠤᠬᠤ ᠶ᠋ᠢ ᠬᠡᠨ ᠮᠡᠳᠡᠯ᠎ᠡ᠃ ᠲᠡᠷᠡ ᠴᠠᠭ ᠲᠤ᠌ ᠭᠠᠭᠴᠠ ᠯᠠ ᠠᠷᠢᠭᠤᠨ ᠬᠠᠢᠷ᠎ᠠ ᠯᠠ ᠲᠤᠰᠠᠯᠠᠵᠤ ᠴᠢᠳᠠᠨ᠎ᠠ᠃ 
       ᠠᠯᠢᠪᠠ ᠬᠥᠮᠦᠨ ᠦ᠌ ᠪᠡᠯᠭᠡ ᠶ᠋ᠢᠨ ᠠᠮᠢᠳᠤᠷᠠᠯ ᠤ᠋ᠨ ᠣᠨᠴᠠᠯᠢᠭ ᠠᠭᠤᠯᠭ᠎ᠠ᠂ ᠬᠡᠯᠪᠡᠷᠢ ᠨᠢ ᠤᠳᠤᠮᠰᠢᠯ ᠪᠣᠯᠤᠨ ᠳᠡᠭᠡᠳᠦ ᠮᠡᠳᠡᠷᠡᠯ ᠦ᠋ᠨ ᠦᠢᠯᠡ ᠠᠵᠢᠯᠯᠠᠭ᠎ᠠ ᠶ᠋ᠢᠨ ᠬᠡᠪ ᠰᠢᠨᠵᠢ᠂ ᠭᠠᠯᠪᠢᠷ᠂ ᠠᠪᠤᠷᠢ ᠠᠷᠠᠨᠰᠢᠨ ᠵᠠᠩ ᠲᠥᠯᠥᠪ ᠳᠣᠲᠣᠭᠠᠳᠤ ᠱᠦᠭᠦᠷᠡᠯ ᠦ᠋ᠨ ᠪᠤᠯᠴᠢᠷᠬᠠᠢ ᠶ᠋ᠢᠨ ᠦᠢᠯᠡ ᠠᠵᠢᠯᠯᠠᠭ᠎ᠠ ᠵᠡᠷᠭᠡ ᠡᠴᠡ ᠰᠢᠯᠲᠠᠭᠠᠯᠠᠨ᠎ᠠ᠃ ᠬᠥᠮᠦᠨ ᠦ᠌ ᠪᠡᠯᠭᠡ ᠶ᠋ᠢᠨ ᠲᠠᠪᠲᠤᠷ ᠪᠣᠯ ᠪᠡᠶ᠎ᠡ ᠬᠥᠮᠦᠨ ᠦ᠌ ᠵᠠᠩ ᠦᠢᠯᠡ ᠶ᠋ᠢᠨ ᠨᠢᠭᠡ ᠴᠢᠬᠤᠯᠠ ᠪᠥᠷᠢᠯᠳᠦᠬᠡᠬᠦᠨ ᠬᠡᠰᠡᠭ ᠪᠥᠭᠡᠳ ᠲᠡᠭᠦᠨ ᠦ᠌ ᠪᠡᠯᠭᠡ ᠶ᠋ᠢᠨ ᠵᠦᠩ ᠪᠢᠯᠢᠭ᠂ ᠣᠶᠤᠨ ᠤᠬᠠᠭᠠᠨ᠂ ᠨᠡᠢᠭᠡᠮ ᠭᠡᠰᠡᠨ ᠭᠤᠷᠪᠠᠨ ᠬᠦᠴᠦᠨ ᠵᠦᠢᠯ ᠤᠳᠤᠷᠢᠳᠤᠨ ᠵᠢᠯᠣᠭᠣᠳᠤᠨ᠎ᠠ᠃ ᠪᠡᠯᠭᠡ ᠶ᠋ᠢᠨ ᠲᠠᠪᠲᠤᠷ ᠲᠥᠯᠥᠪᠰᠢᠨ ᠲᠣᠭᠲᠠᠬᠤ ᠳ᠋ᠤ᠌ ᠨᠡᠢᠭᠡᠮ— ᠰᠡᠳᠬᠢᠯ ᠵᠦᠢ ᠶ᠋ᠢᠨ ᠬᠦᠴᠦᠨ ᠵᠦᠢᠯ ᠡᠴᠡ ᠴᠢᠬᠤᠯᠠ ᠡᠭᠦᠷᠭᠡ ᠭᠦᠢᠴᠡᠳᠬᠡᠨ᠎ᠡ᠃ ᠪᠡᠯᠭᠡ ᠶ᠋ᠢᠨ ᠠᠮᠢᠳᠤᠷᠠᠯ ᠶᠡᠬᠡᠪᠴᠢᠯᠡᠨ ᠢᠳᠡᠷ ᠨᠠᠰᠤᠨ ᠳ᠋ᠤ᠌ ᠡᠬᠢᠯᠡᠵᠦ᠂ ᠥᠲᠡᠯ᠎ᠡ ᠨᠠᠰᠤᠨ ᠳ᠋ᠤ᠌ ᠥᠨᠳᠥᠷᠯᠡᠳᠡᠭ᠃ ᠥᠭᠡᠷ᠎ᠡ ᠪᠡᠷ ᠬᠡᠯᠡᠪᠡᠯ ᠡᠨᠡ ᠨᠢ ᠣᠢᠷᠠᠯᠴᠠᠭ᠎ᠠ ᠪᠠᠷ40—60 ᠵᠢᠯ ᠦ᠋ᠨ ᠨᠠᠰᠤᠲᠠᠢ ᠠᠮᠢᠳᠤᠷᠠᠯ ᠠᠵᠤᠭᠤ᠃ ᠭᠡᠪᠡᠴᠦ ᠪᠡᠯᠭᠡ ᠶ᠋ᠢᠨ ᠠᠮᠢᠳᠤᠷᠠᠯ ᠤ᠋ᠨ ᠨᠠᠰᠤ ᠨᠢ ᠬᠥᠮᠦᠨ ᠦ᠌ ᠲᠡᠩᠬᠡᠭᠡ ᠲᠠᠮᠢᠷ᠂ ᠪᠡᠶ᠎ᠡ ᠶ᠋ᠢᠨ ᠪᠠ ᠪᠡᠯᠭᠡ ᠶ᠋ᠢᠨ ᠴᠢᠯᠬ᠎ᠠ᠂ ᠰᠡᠳᠬᠢᠯ ᠰᠠᠨᠠᠭᠠᠨ ᠤ᠋ ᠪᠠᠢᠳᠠᠯ᠂ ᠨᠤᠲᠤᠭ ᠣᠷᠣᠨ᠂ ᠠᠭᠤᠷ ᠠᠮᠢᠰᠬᠤᠯ᠂ ᠬᠣᠭᠣᠯᠠᠨ ᠤ᠋ ᠴᠢᠨᠠᠷ᠂ ᠨᠣᠢᠷ᠂ ᠬᠥᠳᠡᠯᠮᠦᠷᠢ ᠠᠮᠠᠷᠠᠯᠲᠠ ᠶ᠋ᠢᠨ ᠲᠢᠭᠯᠡᠮ ᠵᠡᠷᠭᠡ ᠣᠯᠠᠨ ᠬᠦᠴᠦᠨ ᠵᠦᠢᠯ ᠡᠴᠡ ᠰᠢᠯᠲᠠᠭᠠᠯᠠᠨ ᠬᠥᠮᠦᠨ ᠪᠣᠯᠭᠠᠨ ᠳ᠋ᠤ᠌ ᠣᠨᠳᠣᠣ ᠣᠨᠳᠣᠣ ᠪᠠᠢᠨ᠎ᠠ᠃ ᠲᠤᠬᠠᠢᠯᠠᠪᠠᠯ᠂ ᠬᠠᠯᠠᠭᠤᠨ ᠣᠷᠣᠨ ᠤ᠋ ᠬᠥᠮᠦᠰ ᠨᠢ ᠰᠡᠷᠢᠭᠦᠨ ᠣᠷᠣᠨ ᠤ᠋ ᠬᠢ ᠲᠡᠢ ᠵᠢᠱ᠌ᠢᠬᠦ ᠳ᠋ᠦ᠍ ᠪᠡᠯᠭᠡ ᠶ᠋ᠢᠨ ᠳᠤᠷ᠎ᠠ ᠲᠠᠴᠢᠶᠠᠯ ᠢᠯᠡᠭᠦᠦ ᠪᠠᠢᠳᠠᠭ᠃ ᠭᠡᠬᠦ ᠳ᠋ᠡᠭᠡᠨ ᠰᠡᠷᠢᠭᠦᠨ ᠣᠷᠣᠨ ᠤ᠋ ᠬᠥᠮᠦᠨ ᠬᠠᠯᠠᠭᠤᠨ ᠣᠷᠣᠨ ᠳ᠋ᠤ᠌ ᠣᠴᠢᠬᠤ ᠳ᠋ᠤ᠌ ᠪᠡᠯᠭᠡ ᠶ᠋ᠢᠨ ᠳᠤᠷ᠎ᠠ ᠲᠠᠴᠢᠶᠠᠯ ᠨᠢ ᠨᠡᠮᠡᠭᠳᠡᠬᠦ ᠦᠭᠡᠢ᠃ ᠮᠠᠨᠠᠢᠬᠢᠨ ᠳ᠋ᠤ᠌ ᠵᠢᠷᠠᠨᠲᠠᠢ᠂ ᠵᠠᠷᠠᠨᠳᠠᠪᠤ᠂ ᠳᠠᠯᠠᠨᠲᠠᠢ᠂ ᠨᠠᠶᠠᠨᠲᠠᠢ᠂ ᠶᠡᠷᠡᠨᠲᠡᠢ ᠭᠡᠰᠡᠨ ᠨᠡᠷ᠎ᠡ ᠪᠣᠢ᠃ ᠡᠢᠮᠦ ᠨᠡᠷ᠎ᠡ ᠲᠡᠢ ᠬᠥᠮᠦᠰ ᠢ᠋ ᠮᠠᠨ ᠤ᠋ ᠬᠠᠭᠤᠴᠢᠴᠤᠤᠯ ᠡᠴᠢᠭᠡ ᠶ᠋ᠢᠨ ᠢ᠋ᠶ᠋ᠡᠨ ᠵᠢᠷᠠᠨᠲᠠᠢ᠂ ᠳᠠᠯᠠᠨᠲᠠᠢ᠂ ᠨᠠᠶᠠᠨᠲᠠᠢ ᠂ᠶᠡᠷᠡᠨᠲᠡᠢ ᠪᠠᠢᠬᠤ ᠳ᠋ᠤ᠌ ᠨᠢ ᠲᠥᠷᠥᠭᠰᠡᠨ ᠭᠡᠵᠦ ᠬᠡᠯᠡᠵᠡᠭᠡᠳᠡᠭ ᠨᠢ ᠣᠷᠣ ᠦᠭᠡᠢ ᠪᠢᠰᠢ᠃ ᠠᠷᠠᠢ ᠯᠠ ᠵᠠᠭᠤᠨᠲᠠᠢ ᠵᠠᠭᠤᠨ ᠠᠷᠪᠠᠲᠠᠢ ᠭᠡᠵᠦ ᠪᠠᠢᠬᠤ ᠦᠭᠡᠢ᠃ ᠢᠩᠭᠢᠬᠦᠯᠡᠷ ᠪᠡᠯᠭᠡ ᠶ᠋ᠢᠨ ᠠᠮᠢᠳᠤᠷᠠᠯ ᠤ᠋ᠨ ᠬᠠᠮᠤᠭ ᠤ᠋ᠨ ᠤᠷᠲᠤ 《ᠨᠠᠰᠤ》 ᠪᠣᠯ ᠶᠡᠷᠡ ᠶᠦᠮ᠃ ᠡᠢᠨᠬᠦ ᠪᠡᠯᠭᠡ ᠶ᠋ᠢᠨ ᠠᠮᠢᠳᠤᠷᠠᠯ ᠲᠣᠳᠣᠷᠬᠠᠢ ᠨᠢᠭᠡ ᠨᠠᠰᠤᠨ ᠳ᠋ᠤ᠌ ᠬᠦᠷᠴᠦ ᠣᠴᠢᠬᠤ ᠳ᠋ᠤ᠌ ᠥᠨᠳᠥᠷᠯᠡᠨ᠎ᠡ᠃ ᠡᠨᠡ ᠪᠣᠯ ᠨᠡᠷᠡᠲᠦ ᠽᠠᠮᠪᠤᠯᠢᠩ ᠤ᠋ᠨ ᠵᠢᠮ᠎ᠡ ᠶᠣᠰᠣ ᠪᠣᠯᠠᠢ᠃ ᠭᠡᠬᠦ ᠳ᠋ᠡᠭᠡᠨ ᠬᠥᠮᠦᠨ ᠪᠦᠬᠦᠨ ᠶᠡᠷᠡ ᠬᠦᠷᠲᠡᠯ᠎ᠡ ᠪᠡᠨ 《ᠡᠭᠦᠯᠡ ᠪᠣᠷᠣᠭᠠᠨ》 ᠶᠠᠪᠤᠳᠠᠯ ᠢ᠋ ᠦᠢᠯᠡᠳᠬᠦ ᠴᠢᠳᠠᠪᠤᠷᠢ ᠪᠠᠨ ᠬᠠᠳᠠᠭᠠᠯᠠᠬᠤ ᠠᠯᠪᠠ ᠦᠭᠡᠢ᠃ ᠡᠷᠡᠭᠲᠡᠢ ᠬᠥᠮᠦᠰ ᠦ᠋ᠨ ᠵᠠᠷᠢᠮ ᠨᠢ ᠵᠢᠷᠠ ᠭᠠᠷᠤᠭᠠᠳ 《ᠬᠣᠭᠣᠰᠣᠨ ᠰᠠᠨᠠᠭᠠᠨ ᠠ᠋ᠴᠠ ᠴᠠᠰᠢ ᠦᠭᠡᠢ ᠪᠣᠯᠳᠠᠭ》 ᠪᠠᠢᠬᠤ ᠳ᠋ᠤ᠌ ᠨᠥᠭᠦᠭᠡ ᠬᠡᠰᠡᠭ ᠨᠢ ᠳᠠᠯᠠ ᠬᠦᠷᠲᠡᠯ᠎ᠡ ᠪᠡᠨ᠂ ᠭᠤᠷᠪᠠᠳᠠᠬᠢ ᠨᠢ ᠪᠦᠷ ᠨᠠᠶᠠ᠂ ᠶᠡᠷᠡ ᠬᠦᠷᠲᠡᠯ᠎ᠡ ᠪᠡᠨ ᠪᠡᠯᠭᠡ ᠶ᠋ᠢᠨ ᠴᠢᠯᠬ᠎ᠠ ᠪᠠᠨ ᠬᠡᠪ ᠢ᠋ᠶ᠋ᠡᠷ ᠢ᠋ᠶ᠋ᠡᠨ ᠬᠠᠳᠠᠭᠠᠯᠠᠨ᠎ᠠ᠃ ᠪᠡᠯᠭᠡ ᠶ᠋ᠢᠨ ᠠᠮᠢᠳᠤᠷᠠᠯ ᠤ᠋ᠨ ᠰᠣᠶᠣᠯ ᠪᠣᠯ ᠨᠡᠢᠭᠡᠮ ᠦ᠋ᠨ ᠰᠣᠶᠣᠯ ᠤ᠋ᠨ ᠰᠠᠯᠤᠰᠢ ᠦᠭᠡᠢ ᠬᠡᠰᠡᠭ ᠢ᠋ᠶ᠋ᠡᠷ ᠦᠯᠦ ᠪᠠᠷᠠᠨ ᠲᠡᠭᠦᠨ ᠡᠴᠡ ᠬᠥᠮᠦᠨ ᠦ᠌ ᠰᠡᠳᠬᠢᠴᠡ ᠶ᠋ᠢᠨ ᠡᠷᠡᠭᠦᠯ ᠶᠡᠬᠡᠬᠡᠨ ᠰᠢᠯᠲᠠᠭᠠᠯᠠᠨ᠎ᠠ᠃ ᠡᠢᠮᠦ ᠡᠴᠡ ᠬᠥᠮᠦᠨ ᠠᠷᠠᠳ ᠤ᠋ᠨ᠂ ᠶᠠᠭᠤᠨ ᠤ᠋ ᠡᠮᠦᠨ᠎ᠡ ᠵᠠᠯᠠᠭᠤᠴᠤᠳ ᠤ᠋ᠨ ᠰᠡᠳᠬᠢᠴᠡ ᠶ᠋ᠢᠨ ᠡᠷᠡᠭᠦᠯ ᠮᠡᠨᠳᠦ ᠶ᠋ᠢ ᠬᠠᠮᠠᠭᠠᠯᠠᠬᠤ ᠶ᠋ᠢᠨ ᠲᠤᠯᠠᠳᠠ ᠬᠣᠷᠮᠣᠢ ᠶ᠋ᠢᠨ ᠶᠠᠪᠤᠳᠠᠯ ᠤ᠋ᠨ ᠬᠠᠭᠤᠴᠢᠷᠠᠭᠰᠠᠨ ᠦᠵᠡᠯ ᠪᠣᠳᠣᠯ ᠢ᠋ ᠬᠠᠯᠠᠵᠤ᠂ ᠰᠢᠨᠵᠢᠯᠡᠬᠦ ᠤᠬᠠᠭᠠᠨ ᠤ᠋ ᠣᠯᠤᠯᠲᠠ ᠠᠮᠵᠢᠯᠲᠠ ᠳ᠋ᠤ᠌ ᠲᠤᠯᠭᠠᠭᠤᠷᠢᠯᠠᠭᠰᠠᠨ᠂ ᠦᠨᠡᠨ ᠵᠥᠪ ᠮᠡᠳᠡᠯᠭᠡ ᠶ᠋ᠢ ᠨᠡᠢᠲᠡ ᠶ᠋ᠢᠨ ᠬᠦᠷᠲᠡᠭᠡᠯ ᠪᠣᠯᠭᠠᠬᠤ ᠨᠢ ᠰᠡᠳᠬᠢᠴᠡ ᠶ᠋ᠢᠨ ᠡᠷᠡᠭᠦᠯ ᠠᠬᠤᠢ᠂ ᠰᠡᠷᠭᠡᠢᠯᠡᠯᠲᠡ ᠶ᠋ᠢᠨ ᠴᠢᠬᠤᠯᠠ ᠠᠴᠢ ᠬᠣᠯᠪᠣᠭᠳᠠᠯ ᠲᠠᠢ᠃ ᠶᠠᠭᠠᠬᠢᠭᠠᠳ ᠭᠡᠪᠡᠯ ᠣᠯᠠᠨ ᠮᠢᠩᠭᠠᠨ ᠵᠢᠯ ᠦ᠋ᠨ ᠲᠡᠷᠲᠡᠭᠡ ᠥᠰᠴᠦ ᠪᠣᠢ ᠪᠣᠯᠤᠭᠰᠠᠨ ᠵᠠᠷᠢᠮ ᠠᠨᠳᠠᠭᠤ ᠲᠡᠰᠢᠶ᠎ᠡ ᠣᠢᠯᠠᠭᠠᠯᠲᠠ ᠥᠨᠥ ᠦᠶ᠎ᠡ ᠳ᠋ᠦ᠍ ᠴᠦ᠍ ᠠᠮᠢ ᠪᠥᠭᠡᠳᠡᠢ ᠵᠢᠭᠤᠷᠠᠯᠳᠤᠭᠰᠠᠭᠠᠷ ᠪᠠᠢᠭ᠎ᠠ ᠨᠢ ᠰᠡᠳᠬᠢᠴᠡ ᠶ᠋ᠢᠨ ᠡᠷᠡᠭᠦᠯ ᠮᠡᠨᠳᠦ ᠳ᠋ᠦ᠍ ᠮᠠᠭᠤ ᠪᠠᠷ ᠨᠥᠯᠥᠭᠡᠯᠡᠵᠦ ᠪᠠᠢᠨ᠎ᠠ᠃ ᠲᠤᠬᠠᠢᠯᠠᠪᠠᠯ᠂ ᠰᠢᠪᠳᠤᠳᠠᠨ ᠲᠠᠴᠢᠶᠠᠳᠠᠬᠤ ᠶ᠋ᠢ (ᠤᠨᠠᠨᠢᠰᠮ) ᠬᠥᠮᠦᠨ ᠦ᠌ ᠮᠡᠳᠡᠷᠡᠯ— ᠰᠡᠳᠬᠢᠬᠦᠢ ᠪᠣᠯᠤᠨ ᠪᠡᠯᠭᠡ ᠶ᠋ᠢᠨ ᠦᠢᠯᠡ ᠠᠵᠢᠯᠯᠠᠭ᠎ᠠ ᠳ᠋ᠤ᠌᠂ ᠶᠡᠷᠦ ᠡᠴᠡ ᠬᠥᠮᠦᠨ ᠦ᠌ ᠡᠷᠡᠭᠦᠯ ᠮᠡᠨᠳᠦ ᠳ᠋ᠦ᠍ ᠲᠤᠢᠯ ᠤ᠋ᠨ ᠬᠣᠣᠷᠲᠠᠢ ᠭᠡᠰᠡᠨ ᠬᠠᠭᠤᠴᠢᠷᠠᠭᠰᠠᠨ ᠣᠢᠯᠠᠭᠠᠴᠠ ᠬᠥᠮᠦᠰ ᠦ᠋ᠨ ᠲᠠᠷᠢᠬᠢ ᠲᠣᠯᠣᠭᠠᠢ ᠠ᠋ᠴᠠ ᠭᠠᠷᠤᠭ᠎ᠠ ᠦᠭᠡᠢ ᠪᠠᠢᠭ᠎ᠠ ᠨᠢ ᠰᠡᠳᠬᠢᠴᠡ ᠶ᠋ᠢᠨ ᠬᠢᠮᠤᠷᠠᠯ ᠡᠭᠦᠰᠬᠡᠬᠦ ᠨᠢᠭᠡ ᠰᠢᠯᠲᠠᠭᠠᠨ ᠪᠣᠯᠵᠤ ᠪᠣᠢ ᠶ᠋ᠢ ᠺᠯᠢᠨᠢᠺ ᠦ᠋ᠨ ᠫᠷᠠᠺᠲ᠋ᠢᠭ ᠠ᠋ᠴᠠ ᠪᠢᠰᠢᠭᠦᠢ ᠬᠠᠷᠠᠵᠤ ᠪᠣᠯᠤᠨ᠎ᠠ ᠡᠢᠮᠦ ᠵᠤᠷᠰᠢᠯ ᠳ᠋ᠤ᠌ ᠠᠪᠲᠠᠭᠰᠠᠨ ᠬᠥᠮᠦᠨ ᠲᠡᠭᠦᠨ ᠳ᠋ᠡᠭᠡᠨ ᠡᠨᠡᠯᠦᠨ ᠰᠢᠨᠠᠯᠵᠤ᠂ ᠪᠡᠶ᠎ᠡ ᠰᠡᠳᠬᠢᠯ ᠢ᠋ᠶ᠋ᠡᠨ ᠵᠣᠪᠠᠭᠠᠬᠤ ᠳ᠋ᠤ᠌ ᠬᠦᠷᠭᠡᠳᠡᠭ᠃ ᠣᠷᠴᠢᠨ ᠦᠶ᠎ᠡ ᠶ᠋ᠢᠨ ᠠᠨᠠᠭᠠᠬᠤ ᠤᠬᠠᠭᠠᠨ ᠣᠨᠠᠨᠢᠰᠮ ᠤ᠋ᠨ ᠬᠣᠣᠷ ᠤᠷᠰᠢᠭ ᠦᠭᠡᠢ ᠪᠣᠯᠬᠤ ᠶ᠋ᠢ ᠨᠤᠲᠠᠯᠠᠭᠰᠠᠨ ᠪᠢᠯᠡ᠃ ᠡᠨᠡ ᠲᠤᠬᠠᠢ ᠪᠢᠳᠡ ᠳᠠᠷᠠᠭ᠎ᠠ ᠥᠭᠦᠯᠡᠬᠦ ᠳᠡᠯᠭᠡᠷᠡᠩᠭᠦᠢ ᠪᠣᠯᠤᠨ᠎ᠠ᠃