ᠮᠣᠩᠭᠣᠯ ᠡᠮ ᠡᠮᠨᠡᠯᠭᠡ – (ᠨᠠᠢ᠍ᠮᠠ) Монгол эм эмнэлэг (8) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠨᠠᠢ᠍ᠮᠠ) Монгол эм эмнэлэг (8)

ᠮᠣᠩᠭᠣᠯ ᠡᠮ ᠡᠮᠨᠡᠯᠭᠡ – (ᠨᠠᠢ᠍ᠮᠠ) Монгол эм эмнэлэг (8)

ᠠᠩᠭᠢᠯᠠᠯ:ᠡᠷᠡᠭᠦᠯ ᠡᠩᠬᠡ
2025-04-06

484

ᠬᠠᠷ᠎ᠠ ᠵᠢᠷᠤᠬᠠᠢ ᠶ᠋ᠢᠨ ᠬᠠᠷᠠᠭᠠᠰᠤ ᠠ᠋ᠴᠠ ᠢᠯᠡᠷᠡᠭᠡᠳᠦᠢ ᠰᠢᠬᠢᠷ ᠰᠢᠵᠢᠩ ᠡᠪᠡᠳᠴᠢᠨ ᠢ᠋ ᠰᠢᠨᠵᠢᠯᠡᠬᠦᠢ


                                  ᠪᠣᠷᠵᠢᠭᠢᠨ ᠡᠷᠳᠡᠨᠢᠴᠤᠭᠲᠣ ᠂  ᠸᠠᠩ ᠵᠢᠶᠦ᠋ᠨ ᠹᠧᠩ 

      【ᠲᠣᠪᠴᠢ ᠠᠭᠤᠯᠭ᠎ᠠ 】ᠰᠢᠬᠢᠷ ᠰᠢᠵᠢᠩ ᠡᠪᠡᠳᠴᠢᠨ ᠪᠣᠯ ᠳᠡᠭᠡᠷ᠎ᠡ ᠵᠠᠭᠤᠨ ᠤ᠋ ᠰᠡᠭᠦᠯᠴᠢ ᠪᠤᠶᠤ ᠲᠤᠰ ᠵᠠᠭᠤᠨ ᠤ᠋ ᠡᠬᠢᠨ  ᠡᠴᠡ ᠮᠠᠨ ᠤ᠋ ᠮᠣᠩᠭᠣᠯ ᠣᠷᠣᠨ ᠳ᠋ᠤ᠌ ᠳᠡᠯᠭᠡᠷᠡᠵᠦ ᠡᠬᠢᠯᠡᠭᠰᠡᠨ ᠬᠥᠨᠥᠭᠡᠯ ᠶᠡᠬᠡᠲᠡᠢ ᠡᠪᠡᠳᠴᠢᠨ ᠪᠣᠯᠤᠨ᠎ᠠ᠃ ᠣᠷᠴᠢᠨ ᠦᠶ᠎ᠡ ᠶ᠋ᠢᠨ ᠮᠣᠩᠭᠣᠯ ᠠᠨᠠᠭᠠᠬᠤ ᠤᠬᠠᠭᠠᠨ ᠤ᠋ ᠨᠣᠮ ᠰᠡᠳᠬᠦᠯ ᠳ᠋ᠦ᠍ ᠡᠨᠡ ᠲᠤᠬᠠᠢ ᠨᠡᠯᠢᠶᠡᠳ ᠨᠠᠷᠢᠯᠢᠭ ᠲᠡᠮᠳᠡᠭᠯᠡᠵᠦ᠂ ᠥᠷᠭᠡᠨ ᠣᠯᠠᠨ ᠮᠣᠩᠭᠣᠯ ᠡᠮᠴᠢ ᠨᠠᠷ ᠴᠤ᠌ ᠰᠤᠳᠤᠯᠤᠨ ᠡᠮᠴᠢᠯᠡᠵᠦ ᠡᠳᠡᠭᠡᠷᠡᠭᠦᠯᠦᠭᠰᠡᠭᠡᠷ ᠢᠷᠡᠵᠡᠢ᠃ ᠭᠡᠲᠡᠯ᠎ᠡ ᠣᠷᠴᠢᠯᠠᠩ ᠶᠢᠷᠲᠢᠨᠴᠦ ᠤᠯᠠᠷᠢᠨ ᠬᠤᠪᠢᠷᠠᠬᠤ ᠵᠢᠮ᠎ᠡ ᠶ᠋ᠢ ᠮᠥᠷᠳᠡᠵᠦ᠂ ᠬᠠᠷᠠᠭᠠᠰᠤ ᠪᠠᠨ ᠤᠯᠠᠮ ᠥᠷᠭᠡᠳᠬᠡᠨ᠂ ᠤᠯᠠᠮᠵᠢᠯᠠᠯᠲᠤ ᠮᠣᠩᠭᠣᠯ ᠠᠨᠠᠭᠠᠬᠤ ᠤᠬᠠᠭᠠᠨ ᠤ᠋ ᠲᠠᠰᠤᠷᠠᠨ ᠣᠷᠬᠢᠭᠳᠠᠵᠤ ᠵᠠᠭᠤᠨ ᠵᠢᠯ ᠪᠣᠯᠵᠤ ᠪᠠᠢᠭ᠎ᠠ ᠬᠠᠷ᠎ᠠ ᠵᠢᠷᠤᠬᠠᠢ ᠶ᠋ᠢᠨ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠶ᠋ᠢ ᠠᠰᠢᠭᠯᠠᠨ ᠢᠯᠡᠷᠡᠭᠡᠳᠦᠢ ᠡᠪᠡᠳᠴᠢᠨ ᠦ᠌ ᠡᠭᠦᠳᠡᠨ ᠡᠴᠡ ᠰᠢᠬᠢᠷ ᠰᠢᠵᠢᠩ ᠡᠪᠡᠳᠴᠢᠨ ᠢ᠋ ᠬᠡᠳᠦᠨ ᠵᠢᠯ ᠦ᠋ᠨ ᠡᠮᠦᠨ᠎ᠡ᠂ ᠴᠢᠨᠠᠭᠰᠢᠯᠠᠨ ᠬᠡᠳᠦᠨ ᠠᠷᠪᠠᠨ ᠵᠢᠯ ᠦ᠋ᠨ ᠡᠮᠦᠨ᠎ᠡ ᠤᠷᠢᠳᠴᠢᠯᠠᠨ ᠪᠡᠯᠭᠡᠳᠡᠨ ᠣᠨᠣᠰᠢᠯᠠᠵᠤ ᠪᠣᠯᠤᠨ᠎ᠠ᠃ ᠭᠠᠭᠴᠠ ᠬᠦ᠌ ᠡᠪᠡᠳᠴᠢᠨ ᠢ᠋ ᠢᠯᠡᠷᠡᠬᠦ ᠡᠴᠡ ᠡᠮᠦᠨ᠎ᠡ ᠵᠠᠪᠳᠤᠵᠤ ᠡᠷᠡᠭᠦᠯ ᠢ᠋ ᠰᠠᠬᠢᠵᠤ ᠴᠢᠳᠠᠪᠠᠯ ᠰᠠᠶᠢ ᠡᠪᠡᠳᠴᠢᠨ ᠢ᠋ ᠰᠡᠷᠭᠡᠢᠯᠡᠬᠦ᠂ ᠤᠷᠲᠤ ᠨᠠᠰᠤᠯᠠᠬᠤ ᠵᠣᠷᠢᠯᠭ᠎ᠠ ᠳ᠋ᠤ᠌ ᠪᠠᠨ ᠬᠦᠷᠴᠦ ᠴᠢᠳᠠᠳᠠᠭ᠃
      【ᠲᠦᠯᠬᠢᠭᠦᠷ ᠦᠭᠡ 】 ᠬᠠᠷ᠎ᠠ ᠵᠢᠷᠤᠬᠠᠢ ; ᠰᠢᠬᠢᠷ ᠰᠢᠵᠢᠩ ᠡᠪᠡᠳᠴᠢᠨ; ᠢᠯᠡᠷᠡᠭᠡᠳᠦᠢ ᠡᠪᠡᠳᠴᠢᠨ; 
       ᠰᠢᠬᠢᠷ ᠰᠢᠵᠢᠩ ᠡᠪᠡᠳᠴᠢᠨ ᠦ᠌ ᠰᠢᠯᠲᠠᠭᠠᠨ ᠢ᠋ ᠡᠳᠦᠢ ᠪᠣᠯᠲᠠᠯ᠎ᠠ ᠲᠣᠳᠣᠯᠠᠵᠤ ᠴᠢᠳᠠᠭᠠᠳᠤᠢ ᠪᠠᠢᠭᠰᠠᠭᠠᠷ ᠪᠥᠭᠡᠳ ᠢᠯᠠᠩᠭᠤᠶ᠎ᠠ ᠢᠯᠡᠷᠡᠭᠡᠳᠦᠢ ᠰᠢᠬᠢᠷ ᠰᠢᠵᠢᠩ ᠡᠪᠡᠳᠴᠢᠨ ᠢ᠋ ᠤᠷᠢᠳᠴᠢᠯᠠᠨ ᠣᠨᠣᠰᠢᠯᠠᠬᠤ ᠠᠷᠭ᠎ᠠ ᠨᠢ ᠰᠢᠨ᠎ᠡ ᠡᠷᠢᠨ ᠦ᠌ ᠣᠳᠣᠬᠢᠴᠢᠯᠠᠭᠰᠠᠨ ᠡᠮᠴᠢᠯᠡᠭᠡ ᠳ᠋ᠦ᠍ ᠪᠠᠢᠳᠠᠭ ᠦᠭᠡᠢ ᠵᠦᠢᠯ ᠶᠦ᠍ᠮ᠃ ᠡᠷᠳᠡᠮᠲᠡᠳ ᠦ᠋ᠨ ᠰᠤᠳᠤᠯᠭᠠᠨ ᠢ᠋ᠶ᠋ᠠᠷ ᠲᠤᠰ ᠡᠪᠡᠳᠴᠢᠨ ᠨᠢ ᠣᠯᠠᠨ ᠵᠦᠢᠯ ᠦ᠋ᠨ ᠰᠢᠯᠲᠠᠭᠠᠨ ᠠ᠋ᠴᠠ ᠪᠣᠢ ᠪᠣᠯᠳᠠᠭ᠂ ᠤᠳᠤᠮᠰᠢᠯ᠂ ᠳᠠᠷᠬᠠᠯᠠᠭ᠎ᠠ᠂ ᠠᠮᠢᠳᠤᠷᠠᠯ ᠤ᠋ᠨ ᠵᠠᠩ ᠳᠠᠳᠬᠠᠯ ᠪᠠ ᠣᠷᠴᠢᠨ ᠲᠣᠭᠣᠷᠢᠨ ᠵᠡᠷᠭᠡ ᠣᠯᠠᠨ ᠵᠦᠢᠯ ᠲᠡᠢ ᠬᠠᠮᠢᠶ᠎ᠠ ᠲᠠᠢ᠃ ᠳᠤᠮᠳᠠᠳᠤ ᠤᠯᠤᠰ ᠤ᠋ᠨ ᠡᠷᠲᠡᠨ ᠦ᠌ ᠤᠯᠠᠮᠵᠢᠯᠠᠯᠲᠤ ᠠᠨᠠᠭᠠᠬᠤ ᠤᠬᠠᠭᠠᠨ ᠬᠢᠲᠠᠳ ᠡᠮᠨᠡᠯᠭᠡ ᠨᠢ ᠲᠤᠰ ᠡᠪᠡᠳᠴᠢᠨ ᠢ᠋ 《ᠤᠮᠳᠠᠭᠠᠰᠬᠤ ᠡᠪᠡᠳᠴᠢᠨ》 ᠭᠡᠵᠦ ᠲᠠᠨᠢᠵᠤ ᠪᠠᠢᠪᠠ᠂ ᠬᠣᠶᠠᠳᠤᠭᠠᠷ ᠵᠠᠭᠤᠨ ᠤ᠋ ᠦᠶ᠎ᠡ ᠳ᠋ᠦ᠍ ᠪᠢᠴᠢᠭᠳᠡᠭᠰᠡᠨ 《ᠬᠤᠸᠠᠩᠳᠢ ᠨᠧᠢ ᠵᠢᠩ》 ᠳ᠋ᠦ᠍ ᠡᠨᠡ ᠲᠤᠬᠠᠢ ᠲᠡᠮᠳᠡᠭᠯᠡᠭᠰᠡᠨ ᠪᠣᠢ᠃ 1997 ᠣᠨ ᠳ᠋ᠤ᠌ ᠳᠡᠯᠡᠬᠡᠢ ᠶ᠋ᠢᠨ ᠡᠷᠡᠭᠦᠯ ᠬᠠᠮᠠᠭᠠᠯᠠᠯ ᠤ᠋ᠨ ᠵᠣᠬᠢᠶᠠᠨ ᠪᠠᠢᠭᠤᠯᠤᠯᠲᠠ (WHO) ᠶ᠋ᠢᠨ ᠪᠠᠢᠴᠠᠭᠠᠯᠲᠠ ᠳ᠋ᠤ᠌ 1.35 ᠳ᠋ᠦᠩᠰᠢᠭᠤᠷ ᠰᠢᠬᠢᠷ ᠰᠢᠵᠢᠩ ᠡᠪᠡᠳᠴᠢᠲᠡᠨ ᠪᠠᠢᠵᠤ᠂ ᠪᠠᠷᠤᠭᠴᠠᠭᠠᠯᠠᠬᠤ ᠪᠠᠷ 2025 ᠣᠨ ᠪᠣᠯᠬᠤ ᠳ᠋ᠤ᠌ 3 ᠳ᠋ᠦᠩᠰᠢᠭᠤᠷ ᠲᠤ᠌ ᠬᠦᠷᠦᠨ᠎ᠡ ᠭᠡᠵᠦ ᠮᠠᠭᠠᠳᠯᠠᠪᠠ [1] ᠃ ᠡᠭᠦᠨ ᠳ᠋ᠦ᠍᠂ ᠬᠠᠷ᠎ᠠ ᠵᠢᠷᠤᠬᠠᠢ ᠶ᠋ᠢᠨ ᠠᠷᠭ᠎ᠠ ᠪᠢᠯᠢᠭ᠂ ᠲᠠᠪᠤᠨ ᠮᠠᠬᠠᠪᠣᠳ ᠤ᠋ᠨ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠶ᠋ᠢ ᠠᠰᠢᠭᠯᠠᠵᠤ᠂ ᠢᠯᠡᠷᠡᠭᠡᠳᠦᠢ ᠡᠪᠡᠳᠴᠢᠨ ᠦ᠌ ᠡᠭᠦᠳᠡᠨ  ᠡᠴᠡ ᠰᠢᠬᠢᠷ ᠰᠢᠵᠢᠩ ᠡᠪᠡᠳᠴᠢᠨ ᠢ᠋ ᠰᠤᠳᠤᠯᠪᠠᠯ᠂ ᠬᠥᠮᠦᠨ ᠦ᠌ ᠪᠡᠶ᠎ᠡ ᠶ᠋ᠢᠨ ᠲᠠᠪᠤᠨ ᠮᠠᠬᠠᠪᠣᠳ ᠤ᠋ᠨ ᠳᠣᠲᠣᠷ᠎ᠠ ᠠ᠋ᠴᠠ ᠭᠣᠣᠯᠳᠠᠭᠤ ᠲᠡᠮᠦᠷ᠂ ᠭᠠᠯ᠂ ᠤᠰᠤ᠂ ᠰᠢᠷᠣᠢ ᠶ᠋ᠢᠨ ᠮᠠᠬᠠᠪᠣᠳ ᠤ᠋ᠨ ᠠᠷᠪᠢᠳᠠᠵᠤ᠂ ᠬᠣᠷᠣᠭᠳᠠᠬᠤ ᠤᠷᠪᠠᠯᠲᠠ ᠲᠠᠢ ᠨᠢᠭᠲᠠ ᠬᠠᠷᠢᠴᠠᠭ᠎ᠠ ᠲᠠᠢ ᠪᠠᠢᠳᠠᠭ᠃ 
1᠂ ᠰᠢᠬᠢᠷ ᠰᠢᠵᠢᠩ ᠡᠪᠡᠳᠴᠢᠨ ᠪᠠ ᠲᠠᠪᠤᠨ ᠮᠠᠬᠠᠪᠣᠳ ᠤ᠋ᠨ ᠬᠠᠷᠢᠴᠠᠭ᠎ᠠ 
1.1 ᠬᠥᠮᠦᠨ ᠦ᠌ ᠪᠡᠶ᠎ᠡ ᠭᠡᠳᠡᠭ ᠡᠨᠡ ᠬᠦ᠌ 《ᠵᠢᠵᠢᠭ ᠬᠣᠷᠸ᠎ᠠ》 ᠶ᠋ᠢᠨ ᠲᠥᠷᠥᠭᠰᠡᠨ ᠣᠨ ᠰᠠᠷ᠎ᠠ ᠡᠳᠦᠷ ᠴᠠᠭ ᠢ᠋ ᠲᠡᠮᠳᠡᠭᠯᠡᠭᠰᠡᠨ ᠨᠠᠢ᠍ᠮᠠᠨ ᠦᠰᠦᠭ ᠲᠦ᠍ ᠴᠠᠭᠠᠨ ᠴᠠᠭᠠᠭᠴᠢᠨ ( ᠲᠡᠮᠦᠷ ᠮᠠᠬᠠᠪᠣᠳ ) ᠬᠢᠭᠡᠳ ᠤᠯᠠᠭᠠᠨ ᠤᠯᠠᠭᠴᠢᠨ ( ᠭᠠᠯ ᠮᠠᠬᠠᠪᠣᠳ ) ᠬᠠᠷᠢᠯᠴᠠᠨ ᠬᠣᠣᠷᠯᠠᠯᠴᠠᠬᠤ᠂ ᠰᠢᠷᠣᠢ ᠮᠠᠬᠠᠪᠣᠳ ᠨᠢ ᠲᠡᠮᠦᠷ ᠮᠠᠬᠠᠪᠣᠳ ᠢ᠋ ᠪᠤᠯᠠᠰᠢᠯᠠᠬᠤ ᠳ᠋ᠤ᠌ ᠤᠰᠤ ᠰᠢᠷᠭᠢᠵᠦ ᠪᠠᠷᠠᠭᠳᠠᠬᠤ ᠪᠦᠲᠦᠴᠡ ᠲᠡᠢ ᠦᠶ᠎ᠡ᠂ ᠰᠢᠬᠢᠷ ᠰᠢᠵᠢᠩ ᠡᠪᠡᠳᠴᠢᠨ ᠦ᠌ ᠡᠭᠦᠰᠬᠦ ᠨᠣᠷᠮ᠎ᠠ ᠨᠢ 90% ᠠ᠋ᠴᠠ ᠳᠡᠭᠡᠭᠰᠢ ᠪᠠᠢᠳᠠᠭ᠃
1.2 ᠬᠥᠮᠦᠨ ᠭᠡᠳᠡᠭ ᠡᠨᠡ ᠬᠦ᠌ 《ᠵᠢᠵᠢᠭ ᠬᠣᠷᠸ᠎ᠠ》 ᠶ᠋ᠢᠨ ᠲᠥᠷᠥᠭᠰᠡᠨ ᠰᠠᠷ᠎ᠠ ᠨᠢ ᠭᠠᠯ ᠮᠠᠬᠠᠪᠣᠳ᠂ ᠲᠥᠷᠥᠭᠰᠡᠨ ᠡᠳᠦᠷ ᠨᠢ ᠭᠠᠯ ᠮᠠᠬᠠᠪᠣᠳ᠂ ᠲᠥᠷᠥᠭᠰᠡᠨ ᠴᠠᠭ ᠨᠢ ᠭᠠᠯ ᠮᠠᠬᠠᠪᠣᠳ ᠲᠣᠬᠢᠶᠠᠯᠳᠤᠨ ᠲᠡᠮᠦᠷ ᠬᠣᠣᠷᠯᠠᠭᠳᠠᠵᠤ ᠤᠰᠤ ᠰᠢᠷᠭᠢᠬᠦ (ᠪᠠᠷᠠᠭᠳᠠᠬᠤ) ᠪᠦᠲᠦᠴᠡ ᠲᠡᠢ ᠦᠶ᠎ᠡ ᠳ᠋ᠦ᠍ ᠰᠢᠬᠢᠷ ᠰᠢᠵᠢᠩ ᠡᠪᠡᠳᠴᠢᠨ ᠦ᠌ ᠡᠭᠦᠰᠬᠦ  ᠨᠣᠷᠮ᠎ᠠ  ᠨᠢ 95% ᠠ᠋ᠴᠠ ᠳᠡᠭᠡᠭᠰᠢ ᠪᠠᠢᠳᠠᠭ᠃ 
1.3 ᠬᠥᠮᠦᠨ ᠭᠡᠳᠡᠭ ᠡᠨᠡ ᠬᠦ᠌ 《ᠵᠢᠵᠢᠭ ᠬᠣᠷᠸ᠎ᠠ》 ᠶ᠋ᠢᠨ ᠲᠥᠷᠥᠭᠰᠡᠨ ᠨᠠᠢ᠍ᠮᠠᠨ ᠦᠰᠦᠭ ᠲᠦ᠍᠂ ᠴᠠᠭᠠᠨ ᠮᠣᠷᠢ᠂ ᠴᠠᠭᠠᠭᠴᠢᠨ ᠮᠣᠭᠠᠢ᠂ ᠴᠠᠭᠠᠨ ᠨᠣᠬᠠᠢ᠂ ᠤᠯᠠᠭᠠᠨ ᠨᠣᠬᠠᠢ᠂ ᠰᠢᠷ᠎ᠠ ᠮᠣᠷᠢ᠂ ᠰᠢᠷ᠎ᠠ ᠬᠤᠯᠤᠭᠠᠨ᠎ᠠ᠂ ᠰᠢᠷᠠᠭᠴᠢᠨ ᠭᠠᠬᠠᠢ᠂ ᠮᠣᠭᠠᠢ ᠨᠣᠬᠠᠢ᠂ ᠮᠣᠷᠢ ᠨᠣᠬᠠᠢ᠂ ᠨᠣᠬᠠᠢ ᠬᠣᠨᠢ ᠵᠡᠷᠭᠡ ᠦᠰᠦᠭ ᠪᠠᠢᠵᠤ᠂ ᠬᠠᠷ᠎ᠠ ᠬᠠᠷᠠᠭᠴᠢᠨ (ᠤᠰᠤᠨ ᠮᠠᠬᠠᠪᠣᠳ) ᠢ᠋ ᠬᠣᠣᠷᠯᠠᠵᠤ ᠪᠠᠢᠬᠤ ᠪᠦᠲᠦᠴᠡ ᠲᠡᠢ ᠦᠶ᠎ᠡ ᠳ᠋ᠦ᠍ ᠲᠤᠰ ᠡᠪᠡᠳᠴᠢᠨ ᠡᠭᠦᠰᠬᠦ ᠨᠣᠷᠮ᠎ᠠ ᠨᠢ 85% ᠠ᠋ᠴᠠ ᠳᠡᠭᠡᠭᠰᠢ ᠪᠠᠢᠳᠠᠭ᠃ 
2᠂ ᠬᠣᠯᠪᠣᠭᠳᠠᠬᠤ ᠬᠠᠷ᠎ᠠ ᠵᠢᠷᠤᠬᠠᠢ ᠶ᠋ᠢᠨ ᠦᠨᠳᠦᠰᠦᠨ ᠮᠡᠳᠡᠯᠭᠡ 
       ᠡᠷᠲᠡᠨ ᠦ᠌ ᠮᠡᠷᠭᠡᠳ ᠢ᠋ᠶ᠋ᠡᠷ ᠬᠣᠷᠸ᠎ᠠ ᠶᠢᠷᠲᠢᠨᠴᠦ ᠶ᠋ᠢᠨ ᠪᠠᠢᠭᠠᠯᠢᠯᠢᠭ ᠦᠵᠡᠭᠳᠡᠯ ᠢ᠋ ᠪᠣᠷᠣᠭᠵᠢᠭᠤᠨ ᠪᠣᠳᠠᠰᠴᠢ ᠦᠵᠡᠯᠲᠡ  ᠪᠡᠷ ᠬᠤᠷᠢᠶᠠᠩᠭᠤᠢᠯᠠᠨ᠂ ᠵᠢᠷᠤᠬᠠᠢ ᠶ᠋ᠢᠨ ᠶᠣᠰᠣᠨ ᠤ᠋ ᠲᠡᠭᠷᠢ ᠶ᠋ᠢᠨ ᠡᠰᠢ ᠶ᠋ᠢᠨ ᠠᠷᠪᠠᠨ ᠥᠩᠭᠡ ᠶ᠋ᠢ ᠲᠠᠪᠤᠨ ᠮᠠᠬᠠᠪᠣᠳ ᠢ᠋ᠶ᠋ᠠᠷ ᠲᠥᠷᠦᠯᠵᠢᠭᠦᠯᠵᠦ᠂ ᠬᠥᠬᠡᠷᠡᠨ ᠨᠣᠭᠣᠭᠠᠷᠠᠵᠤ᠂ ᠤᠷᠭᠤᠵᠤ ᠳᠡᠯᠭᠡᠷᠡᠬᠦ ᠦᠵᠡᠭᠳᠡᠯ ᠢ᠋ ᠬᠥᠬᠡ ᠬᠥᠬᠡᠭᠴᠢᠨ ᠥᠩᠭᠡ ᠪᠡᠷ ᠲᠥᠯᠥᠭᠡᠯᠡᠨ᠂ ᠳᠣᠷᠣᠨ᠎ᠠ ᠵᠦᠭ ᠦ᠋ᠨ ᠮᠣᠳᠣᠨ ᠮᠠᠬᠠᠪᠣᠳ ᠭᠡᠮᠡᠨ ᠠᠩᠭᠢᠯᠠᠵᠤ᠂ ᠤᠯᠠᠢᠵᠤ ᠳᠦᠷᠡᠯᠵᠡᠨ ᠭᠡᠷᠡᠯ ᠢᠯᠴᠢ ᠡᠭᠦᠰᠬᠦ ᠡᠷᠳᠡᠮ ᠢ᠋ ᠤᠯᠠᠭᠠᠨ ᠤᠯᠠᠭᠴᠢᠨ ᠢ᠋ᠶ᠋ᠠᠷ ᠲᠥᠯᠥᠭᠡᠯᠡᠨ᠂ ᠡᠮᠦᠨ᠎ᠡ ᠵᠦᠭ ᠦ᠋ᠨ ᠭᠠᠯ ᠤ᠋ᠨ ᠮᠠᠬᠠᠪᠣᠳ ᠭᠡᠮᠡᠨ ᠠᠩᠭᠢᠯᠠᠵᠤ᠂ ᠰᠢᠷ᠎ᠠ ᠪᠣᠷᠣ ᠬᠥᠷᠥᠰᠥ ᠪᠡᠷ ᠰᠢᠮᠡᠵᠢᠭᠦᠯᠵᠦ ᠤᠷᠭᠤᠭᠤᠯᠬᠤ ᠡᠷᠳᠡᠮ ᠢ᠋ ᠰᠢᠷ᠎ᠠ ᠰᠢᠷᠠᠭᠴᠢᠨ ᠢ᠋ᠶ᠋ᠠᠷ ᠲᠥᠯᠥᠭᠡᠯᠡᠨ᠂ ᠳᠥᠷᠪᠡᠨ ᠵᠣᠪᠬᠢᠰ ᠤ᠋ᠨ ᠰᠢᠷᠣᠢ ᠶ᠋ᠢᠨ ᠮᠠᠬᠠᠪᠣᠳ ᠢ᠋ᠶ᠋ᠠᠷ ᠠᠩᠭᠢᠯᠠᠵᠤ᠂ ᠴᠠᠢᠪᠤᠷ ᠴᠠᠭᠠᠨ ᠭᠢᠯᠲᠠᠭᠠᠨᠠᠬᠤ ᠣᠭᠲᠣᠯᠵᠤ ᠲᠠᠰᠤᠯᠬᠤ ᠡᠷᠳᠡᠮ ᠢ᠋ ᠴᠠᠭᠠᠨ ᠴᠠᠭᠠᠭᠴᠢᠨ ᠢ᠋ᠶ᠋ᠠᠷ ᠲᠥᠯᠥᠭᠡᠯᠡᠨ᠂ ᠪᠠᠷᠠᠭᠤᠨ ᠵᠦᠭ ᠦ᠋ᠨ ᠲᠡᠮᠦᠷ ᠦ᠋ᠨ ᠮᠠᠬᠠᠪᠣᠳ ᠲᠤ᠌ ᠠᠩᠭᠢᠯᠠᠵᠤ᠂ ᠮᠤᠷᠤᠢ ᠰᠠᠷᠤᠢ ᠪᠠᠷ ᠬᠠᠯᠠᠰᠢᠷᠠᠵᠤ ᠴᠥᠬᠥᠷᠡᠬᠦ ᠦᠭᠡᠢ ᠪᠡᠷ ᠬᠠᠷᠠᠯᠠᠵᠤ ᠤᠷᠤᠰᠬᠤ ᠡᠷᠳᠡᠮ ᠢ᠋ ᠬᠠᠷ᠎ᠠ ᠬᠠᠷᠠᠭᠴᠢᠨ ᠢ᠋ᠶ᠋ᠠᠷ ᠲᠥᠯᠥᠭᠡᠯᠡᠨ᠂ ᠤᠮᠠᠷ᠎ᠠ ᠵᠦᠭ ᠦ᠋ᠨ ᠤᠰᠤᠨ ᠮᠠᠬᠠᠪᠣᠳ ᠲᠤ᠌ ᠠᠩᠭᠢᠯᠠᠵᠤ ᠪᠠᠢᠭᠰᠠᠨ ᠢ᠋ ᠮᠡᠳᠡᠵᠦ ᠪᠣᠯᠤᠨ᠎ᠠ᠃ 
       ᠵᠢᠷᠤᠬᠠᠢ ᠶ᠋ᠢᠨ ᠶᠣᠰᠣᠨ ᠤ᠋ ᠭᠠᠵᠠᠷ ᠤ᠋ᠨ ᠡᠷᠬᠡᠲᠡᠨ ᠦ᠌ ᠠᠷᠪᠠᠨ ᠬᠣᠶᠠᠷ ᠵᠢᠯ ᠢ᠋ ᠣᠷᠣᠰᠢᠬᠤ ᠣᠷᠣᠨ ᠪᠠᠢᠷᠢ ᠪᠠ ᠰᠠᠷ᠎ᠠ  ᠶ᠋ᠢᠨ ᠡᠵᠡᠯᠡᠭᠴᠢ ᠶ᠋ᠢᠨ ᠶᠣᠰᠣᠭᠠᠷ ᠠᠩᠭᠢᠯᠠᠵᠤ᠂ ᠵᠡᠭᠦᠨ ᠵᠦᠭ ᠲᠦ᠍ ᠣᠷᠣᠰᠢᠭᠰᠠᠨ ᠪᠠᠷᠰ (ᠴᠠᠭᠠᠨ ᠰᠠᠷ᠎ᠠ) ᠲᠠᠤᠯᠠᠢ (ᠬᠣᠶᠠᠷ ᠰᠠᠷ᠎ᠠ) ᠶ᠋ᠢ ᠮᠣᠳᠣᠨ ᠮᠠᠬᠠᠪᠣᠳ ᠭᠡᠮᠡᠨ᠂ ᠡᠮᠦᠨ᠎ᠡ ᠵᠦᠭ ᠲᠦ᠍ ᠣᠷᠣᠰᠢᠭᠰᠠᠨ ᠮᠣᠭᠠᠢ (ᠳᠥᠷᠪᠡᠨ ᠰᠠᠷ᠎ᠠ) ᠮᠣᠷᠢ (ᠲᠠᠪᠤᠨ ᠰᠠᠷ᠎ᠠ) ᠶ᠋ᠢ ᠭᠠᠯ ᠮᠠᠬᠠᠪᠣᠳ ᠭᠡᠮᠡᠨ᠂ ᠪᠠᠷᠠᠭᠤᠨ ᠵᠦᠭ ᠲᠦ᠍ ᠣᠷᠣᠰᠢᠭᠰᠠᠨ ᠪᠡᠴᠢ (ᠳᠣᠯᠣᠭᠠᠨ ᠰᠠᠷ᠎ᠠ) ᠲᠠᠬᠢᠶ᠎ᠠ (ᠨᠠᠢ᠍ᠮᠠᠨ ᠰᠠᠷ᠎ᠠ) ᠶ᠋ᠢ ᠲᠡᠮᠦᠷ ᠮᠠᠬᠠᠪᠣᠳ ᠭᠡᠮᠡᠨ᠂ ᠤᠮᠠᠷ᠎ᠠ ᠵᠦᠭ ᠲᠦ᠍ ᠪᠠᠢᠷᠢᠰᠢᠭᠰᠠᠨ ᠭᠠᠬᠠᠢ (ᠠᠷᠪᠠᠨ ᠰᠠᠷ᠎ᠠ) ᠬᠤᠯᠤᠭᠠᠨ᠎ᠠ (ᠠᠷᠪᠠᠨ ᠨᠢᠭᠡᠨ ᠰᠠᠷ᠎ᠠ) ᠶ᠋ᠢ ᠤᠰᠤᠨ ᠮᠠᠬᠠᠪᠣᠳ ᠭᠡᠮᠡᠨ᠂ ᠳᠥᠷᠪᠡᠨ ᠵᠣᠪᠬᠢᠰ ᠲᠤ᠌ ᠣᠷᠣᠰᠢᠭᠰᠠᠨ ᠯᠤᠤ (ᠭᠤᠷᠪᠠᠨ ᠰᠠᠷ᠎ᠠ) ᠬᠣᠨᠢ (ᠵᠢᠷᠭᠤᠭᠠᠨ ᠰᠠᠷ᠎ᠠ) ᠨᠣᠬᠠᠢ (ᠶᠢᠰᠦᠨ ᠰᠠᠷ᠎ᠠ) ᠦᠬᠡᠷ (ᠠᠷᠪᠠᠨ ᠬᠣᠶᠠᠷ ᠰᠠᠷ᠎ᠠ) ᠶ᠋ᠢ ᠰᠢᠷᠣᠢ ᠶ᠋ᠢᠨ ᠮᠠᠬᠠᠪᠣᠳ ᠭᠡᠮᠡᠨ ᠬᠠᠷᠢᠶᠠᠯᠠᠭᠳᠠᠭᠤᠯᠤᠭᠰᠠᠨ ᠪᠢᠯᠡ᠃ 
       ᠬᠥᠮᠦᠨ ᠦ᠌ ᠠᠩᠬ᠎ᠠ ᠮᠡᠨᠳᠦᠯᠡᠭᠰᠡᠨ ᠲᠡᠷᠡ ᠭᠱᠠᠨ ᠤ᠋ ᠳᠥᠷᠪᠡᠨ ᠴᠠᠭ᠂ ᠳᠠᠷᠤᠢ ᠵᠢᠯ᠂ ᠰᠠᠷ᠎ᠠ᠂ ᠡᠳᠦᠷ᠂ ᠴᠠᠭ ᠢ᠋ ᠲᠡᠭᠷᠢ ᠶ᠋ᠢᠨ ᠡᠰᠢ᠂ ᠭᠠᠵᠠᠷ ᠤ᠋ᠨ ᠡᠷᠬᠡᠲᠡᠨ ᠡᠴᠡ ᠲᠤᠰ ᠲᠤᠰ ᠨᠢᠭᠡ ᠡᠰᠢ ᠡᠷᠬᠡᠲᠡᠨ ᠢ᠋ ᠠᠪᠴᠤ ᠲᠡᠮᠳᠡᠭᠯᠡᠳᠡᠭ᠂ ᠡᠭᠦᠨ ᠢ᠋ ᠳᠠᠷᠤᠢ ᠵᠢᠷᠠᠨ ᠵᠢᠰᠦ ᠶ᠋ᠢᠨ ᠲᠡᠮᠳᠡᠭᠯᠡᠯ ᠭᠡᠳᠡᠭ᠃ ᠡᠢᠮᠦ ᠡᠴᠡ ᠬᠥᠮᠦᠨ ᠪᠦᠷᠢ ᠳ᠋ᠦ᠍ ᠨᠠᠢ᠍ᠮᠠᠨ ᠲᠡᠮᠳᠡᠭ ᠦᠰᠦᠭ ᠢ᠋ᠶ᠋ᠡᠷ ᠪᠦᠷᠢᠯᠳᠦᠭᠰᠡᠨ ᠲᠥᠷᠥᠭᠰᠡᠨ ᠴᠠᠭ ᠤ᠋ᠨ ᠨᠠᠢ᠍ᠮᠠᠨ ᠦᠰᠦᠭ (生辰八字 ) ᠪᠠᠢᠳᠠᠭ᠃ ᠡᠭᠦᠨ ᠢ᠋ ᠲᠦᠮᠡᠨ ᠣᠨ ᠤ᠋ ᠬᠤᠸᠠᠩᠯᠢ ᠪᠤᠶᠤ ᠣᠯᠠᠨ ᠵᠢᠯ ᠦ᠋ᠨ ᠴᠠᠭ ᠤᠯᠠᠷᠢᠯ ᠤ᠋ᠨ ᠪᠢᠴᠢᠭ (万年历 ) ᠡᠴᠡ ᠡᠷᠢᠨ ᠲᠡᠮᠳᠡᠭᠯᠡᠵᠦ᠂ ᠡᠨᠡ ᠬᠦ᠌ ᠨᠠᠢ᠍ᠮᠠᠨ ᠦᠰᠦᠭ ᠦ᠋ᠨ ᠲᠠᠪᠤᠨ ᠮᠠᠬᠠᠪᠣᠳ ᠤ᠋ᠨ ᠬᠠᠷᠢᠴᠠᠭ᠎ᠠ ᠪᠠᠷ ᠬᠥᠮᠦᠨ ᠦ᠌ ᠪᠡᠶ᠎ᠡ ᠶ᠋ᠢᠨ ᠦᠬᠦᠵᠦ ᠲᠥᠷᠥᠨ ᠡᠪᠡᠳᠴᠢᠯᠡᠵᠦ ᠡᠳᠡᠭᠡᠷᠡᠬᠦ᠂ ᠢᠯᠡᠷᠡᠭᠡᠳᠦᠢ ᠡᠪᠡᠳᠴᠢᠨ (ᠬᠤᠷᠠᠵᠤ ᠪᠠᠢᠭ᠎ᠠ ᠱᠠᠲᠤ ) ᠶ᠋ᠢ ᠣᠨᠣᠰᠢᠯᠠᠬᠤ᠂ ᠤᠭᠲᠤᠵᠤ ᠵᠠᠰᠠᠬᠤ ᠵᠡᠷᠭᠡ ᠶ᠋ᠢ 《ᠲᠣᠭ᠎ᠠ ᠪᠣᠳᠣᠯᠭ᠎ᠠ ᠶ᠋ᠢᠨ ᠲᠣᠮᠢᠶ᠎ᠠ ᠮᠡᠲᠦ》 ᠪᠡᠷ ᠪᠣᠳᠣᠵᠤ ᠪᠡᠯᠭᠡᠳᠡᠵᠦ ᠰᠤᠪᠢᠵᠤ ᠲᠣᠭᠠᠴᠠᠳᠠᠭ [2]᠃ ᠵᠢᠱ᠌ᠢᠶᠡᠯᠡᠪᠡᠯ᠂ ᠪᠢᠯᠢᠭ ᠦ᠋ᠨ ᠤᠯᠠᠷᠢᠯ ᠤ᠋ᠨ 2024 ᠣᠨ ᠤ᠋ 8 ᠳ᠋ᠤᠭᠠᠷ ᠰᠠᠷ᠎ᠠ ᠶ᠋ᠢᠨ 17 ᠤ᠋ ᠡᠳᠦᠷ ᠦ᠋ᠨ 4 ᠴᠠᠭ ᠢ᠋ ᠡᠰᠢ ᠡᠷᠬᠡᠲᠡᠨ ᠢ᠋ᠶ᠋ᠡᠷ ᠲᠥᠷᠦᠯᠵᠢᠭᠦᠯᠪᠡᠯ ᠳᠠᠷᠤᠢ ᠬᠥᠬᠡ ᠯᠤᠤ ᠵᠢᠯ ᠦ᠋ᠨ ᠬᠠᠷᠠᠭᠴᠢᠨ ᠲᠠᠬᠢᠶ᠎ᠠ ᠰᠠᠷ᠎ᠠ ᠶ᠋ᠢᠨ ᠤᠯᠠᠭᠠᠨ ᠨᠣᠬᠠᠢ ᠡᠳᠦᠷ ᠦ᠋ᠨ ᠤᠯᠠᠭᠠᠨ ᠪᠡᠴᠢ ᠴᠠᠭ ᠪᠣᠯᠤᠨ᠎ᠠ᠃ 
3᠂ ᠪᠣᠳᠠᠲᠤ ᠵᠢᠱ᠌ᠢᠶ᠎ᠡ 
ᠵᠢᠱ᠌ᠢᠶ᠎ᠡ 1᠄ ᠯᠢ ᠵᠣ᠌ ᠂ ᠡᠷᠡᠭᠲᠡᠢ ᠂ ᠺᠠᠳ᠋ᠷ ᠂ ᠪᠢᠯᠢᠭ ᠦ᠋ᠨ ᠤᠯᠠᠷᠢᠯ ᠤ᠋ᠨ 1948 ᠣᠨ ᠤ᠋ 10 ᠰᠠᠷ᠎ᠠ ᠶ᠋ᠢᠨ 20  ᠤ᠋ ᠬᠤᠯᠤᠭᠠᠨ᠎ᠠ ᠴᠠᠭ ᠲᠤ᠌ ᠲᠥᠷᠥᠪᠡ᠃
       ᠡᠰᠢ ᠡᠷᠬᠡᠲᠡᠨ ᠢ᠋ᠶ᠋ᠡᠷ ᠲᠥᠷᠥᠯᠵᠢᠭᠦᠯᠪᠡᠯ 
           ᠰᠢᠷ᠎ᠠ ᠬᠤᠯᠤᠭᠠᠨ᠎ᠠ 
           ᠬᠠᠷᠠᠭᠴᠢᠨ ᠭᠠᠬᠠᠢ 
           ᠰᠢᠷᠠᠭᠴᠢᠨ ᠲᠠᠬᠢᠶ᠎ᠠ 
           ᠬᠥᠬᠡ ᠬᠤᠯᠤᠭᠠᠨ᠎ᠠ 
       ᠡᠨᠡ ᠬᠦ᠌ 《ᠵᠢᠵᠢᠭ ᠬᠣᠷᠸ᠎ᠠ》 ᠳ᠋ᠤ᠌ ᠰᠢᠷ᠎ᠠ ᠬᠤᠯᠤᠭᠠᠨ᠎ᠠ᠂ ᠬᠠᠷᠠᠭᠴᠢᠨ ᠭᠠᠬᠠᠢ ᠪᠦᠷᠢᠳᠦᠭᠰᠡᠨ ᠢ᠋ᠶ᠋ᠡᠷ ᠰᠢᠷᠣᠢ ᠮᠠᠬᠠᠪᠣᠳ ᠨᠢ ᠤᠰᠤᠨ ᠮᠠᠬᠠᠪᠣᠳ ᠢ᠋ ᠬᠣᠣᠷᠯᠠᠵᠤ ᠪᠠᠢᠬᠤ ᠨᠢ《ᠢᠯᠡᠷᠡᠭᠡᠳᠦᠢ ᠰᠢᠬᠢᠷ ᠰᠢᠵᠢᠩ ᠡᠪᠡᠳᠴᠢᠨ》 ᠦ᠌ ᠲᠡᠮᠳᠡᠭ ᠪᠠᠢᠪᠠᠴᠤ᠂ ᠤᠤᠯ《ᠬᠣᠷᠸ᠎ᠠ》 ᠳ᠋ᠤ᠌ ᠪᠠᠨ ᠪᠣᠯ ᠬᠠᠷᠢᠴᠠᠩᠭᠤᠢ ᠲᠡᠩᠴᠡᠭᠦᠷᠢ ᠲᠡᠢ ᠪᠠᠢᠳᠠᠭ᠃ ᠨᠥᠬᠥᠷ ᠳᠠᠢᠰᠤᠨ ᠤ᠋ ᠲᠥᠯᠥᠵᠢᠭᠦᠯᠵᠦ ᠬᠣᠣᠷᠯᠠᠬᠤ ᠦᠢᠯᠡᠳᠦᠯ ᠢ᠋ ᠮᠥᠷᠳᠡᠪᠡᠯ᠂ ᠲᠡᠭᠷᠢ ᠶ᠋ᠢᠨ ᠡᠰᠢ ᠶ᠋ᠢᠨ ᠰᠢᠷ᠎ᠠ ᠰᠢᠷᠠᠭᠴᠢᠨ (ᠰᠢᠷᠣᠢ ᠮᠠᠬᠠᠪᠣᠳ) ᠨᠢ ᠰᠢᠭᠤᠳ ᠭᠠᠬᠠᠢ ᠬᠤᠯᠤᠭᠠᠨ᠎ᠠ (ᠤᠰᠤᠨ ᠮᠠᠬᠠᠪᠣᠳ) ᠢ᠋ ᠬᠣᠣᠷᠯᠠᠵᠤ ᠪᠠᠢᠬᠤ ᠪᠦᠲᠦᠴᠡ ᠲᠡᠢ᠃ ᠲᠠᠪᠤᠨ ᠮᠠᠬᠠᠪᠣᠳ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠪᠠᠷ ᠤᠯᠠᠷᠢᠭᠤᠯᠵᠤ ᠪᠣᠳᠣᠬᠤ ᠳ᠋ᠤ᠌᠂ ᠲᠡᠭᠷᠢ ᠶ᠋ᠢᠨ ᠡᠰᠢ ᠨᠢ ᠤᠯᠠᠭᠴᠢᠨ (ᠭᠠᠯ ᠮᠠᠬᠠᠪᠣᠳ) ᠢᠷᠡᠵᠦ ᠂ ᠰᠢᠷ᠎ᠠ ᠰᠢᠷᠠᠭᠴᠢᠨ ᠢ᠋ ᠲᠥᠯᠥᠵᠢᠭᠦᠯᠦᠨ ᠰᠢᠷᠣᠢ ᠶ᠋ᠢᠨ ᠬᠦᠴᠦᠨ ᠨᠡᠮᠡᠭᠳᠡᠵᠦ᠂ ᠡᠨᠡ ᠦᠶ᠎ᠡ ᠳ᠋ᠦ᠍ ᠭᠠᠵᠠᠷ ᠤ᠋ᠨ ᠡᠷᠬᠡᠲᠡᠨ ᠳ᠋ᠦ᠍ ᠦᠬᠡᠷ (ᠰᠢᠷᠣᠢ ᠮᠠᠬᠠᠪᠣᠳ ) ᠢᠷᠡᠵᠦ᠂ ᠰᠢᠷᠣᠢ ᠮᠠᠬᠠᠪᠣᠳ ᠤ᠋ᠨ ᠬᠦᠴᠦᠨ ᠨᠡᠮᠡᠭᠳᠡᠬᠦ ᠦᠶ᠎ᠡ ᠳ᠋ᠦ᠍《ᠵᠢᠵᠢᠭ ᠬᠣᠷᠸ᠎ᠠ》 ᠶ᠋ᠢᠨ ᠬᠠᠷᠢᠴᠠᠩᠭᠤᠢ ᠲᠡᠩᠴᠡᠭᠦᠷᠢ ᠡᠪᠳᠡᠭᠳᠡᠨ ᠰᠢᠬᠢᠷ ᠰᠢᠵᠢᠩ ᠡᠪᠡᠳᠴᠢᠨ ᠪᠡᠶ᠎ᠡ ᠳ᠋ᠦ᠍ ᠨᠢ ᠢᠯᠡᠷᠡᠵᠦ ᠮᠡᠳᠡᠭᠳᠡᠳᠡᠭ᠃ 
       ᠡᠢᠮᠦᠷᠬᠦᠦ 1997 ᠣᠨ ᠤ᠋ ᠤᠯᠠᠭᠴᠢᠨ ᠦᠬᠡᠷ ᠵᠢᠯ ᠦ᠋ᠨ 6 ᠳ᠋ᠤᠭᠠᠷ ᠰᠠᠷ᠎ᠠ ᠳ᠋ᠤ᠌᠂ ᠶᠡᠬᠡ 《ᠬᠣᠷᠸ᠎ᠠ》 ᠶ᠋ᠢᠨ ᠤᠯᠠᠭᠴᠢᠨ (ᠭᠠᠯ ᠮᠠᠬᠠᠪᠣᠳ) ᠪᠠ ᠦᠬᠡᠷ (ᠰᠢᠷᠣᠢ ᠮᠠᠬᠠᠪᠣᠳ) ᠨᠢ 《ᠵᠢᠵᠢᠭ ᠬᠣᠷᠸ᠎ᠠ》 ᠶ᠋ᠢᠨ ᠰᠢᠷ᠎ᠠ ᠰᠢᠷᠠᠭᠴᠢᠨ (ᠰᠢᠷᠣᠢ ᠮᠠᠬᠠᠪᠣᠳ) ᠤ᠋ᠨ ᠬᠦᠴᠦᠨ ᠢ᠋ ᠨᠡᠮᠡᠭᠳᠡᠭᠦᠯᠦᠨ᠂ ᠬᠠᠷᠠᠭᠴᠢᠨ ᠭᠠᠬᠠᠢ ᠬᠤᠯᠤᠭᠠᠨ᠎ᠠ (ᠤᠰᠤᠨ ᠮᠠᠬᠠᠪᠣᠳ ) ᠢ᠋ ᠬᠣᠣᠷᠯᠠᠬᠤ ᠳ᠋ᠤ᠌᠂ ᠤᠰᠤᠨ ᠮᠠᠬᠠᠪᠣᠳ ᠬᠠᠷᠢᠴᠠᠩᠭᠤᠢ ᠪᠠᠷ ᠪᠠᠭᠠᠰᠴᠤ᠂ ᠪᠡᠶ᠎ᠡ ᠲᠤᠷᠠᠬᠤ᠂ ᠤᠮᠳᠠᠭᠠᠰᠬᠤ ᠭᠡᠬᠦ ᠮᠡᠲᠦ 《ᠭᠤᠷᠪᠠ ᠠᠷᠪᠢᠳᠠᠨ ᠨᠢᠭᠡ ᠪᠠᠭᠠᠰᠬᠤ》 ᠰᠢᠨᠵᠢ ᠢᠯᠡᠷᠡᠵᠦ᠂ ᠵᠢᠷᠢᠮ ᠠᠢᠮᠠᠭ ᠤ᠋ᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠪᠠᠢᠴᠠᠭᠠᠯᠭᠠᠬᠤ ᠳ᠋ᠤ᠌ ᠰᠢᠬᠢᠷ ᠰᠢᠵᠢᠩ ᠡᠪᠡᠳᠴᠢᠨ ᠭᠡᠵᠦ ᠲᠣᠳᠣᠯᠠᠪᠠ᠃ 
ᠵᠢᠱ᠌ᠢᠶ᠎ᠡ 2᠄ ᠠᠮᠤᠭᠤᠯᠠᠩ᠂ ᠡᠷᠡᠭᠲᠡᠢ᠂ ᠺᠠᠳ᠋ᠷ᠂ ᠪᠢᠯᠢᠭ ᠦ᠋ᠨ ᠤᠯᠠᠷᠢᠯ ᠤ᠋ᠨ 1959 ᠣᠨ ᠤ᠋ 12 ᠰᠠᠷ᠎ᠠ ᠶ᠋ᠢᠨ 2 ᠤ᠋ ᠡᠳᠦᠷ ᠨᠣᠬᠠᠢ ᠴᠠᠭ ᠲᠤ᠌ ᠲᠥᠷᠥᠪᠡ᠃ 
       ᠡᠰᠢ ᠡᠷᠬᠡᠲᠡᠨ ᠢ᠋ᠶ᠋ᠡᠷ ᠲᠥᠷᠥᠯᠵᠢᠭᠦᠯᠪᠡᠯ᠄ 
           ᠰᠢᠷᠠᠭᠴᠢᠨ ᠭᠠᠬᠠᠢ 
           ᠤᠯᠠᠭᠠᠨ ᠬᠤᠯᠤᠭᠠᠨ᠎ᠠ 
           ᠤᠯᠠᠭᠴᠢᠨ ᠭᠠᠬᠠᠢ 
           ᠴᠠᠭᠠᠨ ᠨᠣᠬᠠᠢ 
       ᠡᠨᠡ ᠬᠦ᠌ 《ᠵᠢᠵᠢᠭ ᠬᠣᠷᠸ᠎ᠠ》 ᠳ᠋ᠤ᠌ ᠰᠢᠷᠠᠭᠴᠢᠨ ᠭᠠᠬᠠᠢ᠂ ᠴᠠᠭᠠᠨ ᠨᠣᠬᠠᠢ ᠪᠦᠷᠢᠳᠦᠭᠰᠡᠨ ᠢ᠋ᠶ᠋ᠡᠷ ᠰᠢᠷᠣᠢ ᠮᠠᠬᠠᠪᠣᠳ ᠨᠢ ᠤᠰᠤᠨ ᠮᠠᠬᠠᠪᠣᠳ ᠢ᠋ ᠬᠣᠣᠷᠯᠠᠵᠤ ᠪᠠᠢᠬᠤ ᠨᠢ 《ᠢᠯᠡᠷᠡᠭᠡᠳᠦᠢ ᠰᠢᠬᠢᠷ ᠰᠢᠵᠢᠩ》 ᠡᠪᠡᠳᠴᠢᠨ ᠦ᠌ ᠲᠡᠮᠳᠡᠭ ᠪᠠᠢᠵᠤ᠂ ᠤᠤᠯ《ᠬᠣᠷᠸ᠎ᠠ》 ᠳᠣᠲᠣᠷ᠎ᠠ ᠪᠠᠨ ᠬᠠᠷᠢᠴᠠᠩᠭᠤᠢ ᠲᠡᠩᠴᠡᠭᠦᠷᠢ ᠲᠡᠢ ᠪᠠᠢᠳᠠᠭ᠃ ᠨᠥᠬᠥᠷ ᠳᠠᠢᠰᠤᠨ ᠤ᠋ ᠲᠥᠯᠥᠵᠢᠭᠦᠯᠵᠦ ᠬᠣᠣᠷᠯᠠᠬᠤ ᠦᠢᠯᠡᠳᠦᠯ ᠢ᠋ ᠮᠥᠷᠳᠡᠪᠡᠯ᠂ ᠲᠡᠭᠷᠢ ᠶ᠋ᠢᠨ ᠡᠰᠢ ᠳᠡᠭᠡᠷ᠎ᠡ ᠤᠯᠠᠭᠠᠨ (ᠭᠠᠯ ᠮᠠᠬᠠᠪᠣᠳ) ᠢᠷᠡᠵᠦ᠂ ᠭᠠᠯ ᠰᠢᠷᠣᠢ  ᠶ᠋ᠢᠨ ᠬᠦᠴᠦᠨ ᠢ᠋ ᠨᠡᠮᠡᠭᠳᠡᠭᠦᠯᠦᠨ᠂ ᠭᠠᠵᠠᠷ ᠤ᠋ᠨ ᠡᠷᠬᠡᠲᠡᠨ ᠳ᠋ᠦ᠍ ᠨᠣᠬᠠᠢ (ᠰᠢᠷᠣᠢ ᠮᠠᠬᠠᠪᠣᠳ) ᠢᠷᠡᠵᠦ᠂ ᠰᠢᠷᠣᠢ ᠮᠠᠬᠠᠪᠣᠳ  ᠤ᠋ᠨ ᠬᠦᠴᠦᠨ ᠨᠡᠮᠡᠭᠳᠡᠨ᠂ ᠭᠠᠬᠠᠢ ᠬᠤᠯᠤᠭᠠᠨ᠎ᠠ (ᠤᠰᠤᠨ ᠮᠠᠬᠠᠪᠣᠳ ) ᠢ᠋ ᠬᠣᠣᠷᠯᠠᠬᠤ ᠦᠶ᠎ᠡ ᠳ᠋ᠦ᠍ ᠰᠢᠬᠢᠷ ᠰᠢᠵᠢᠩ ᠡᠪᠡᠳᠴᠢᠨ ᠪᠡᠶ᠎ᠡ ᠳ᠋ᠦ᠍ ᠨᠢ ᠮᠡᠳᠡᠷᠡᠭᠳᠡᠨ ᠡᠪᠡᠳᠴᠢᠯᠡᠳᠡᠭ᠃ 
       ᠡᠢᠮᠦᠷᠬᠦᠦ᠂ 2006 ᠣᠨ ᠤ᠋ ᠤᠯᠠᠭᠠᠨ ᠨᠣᠬᠠᠢ ᠵᠢᠯ ᠦ᠋ᠨ 9 ᠳ᠋ᠦ᠍ᠭᠡᠷ ᠰᠠᠷ᠎ᠠ ᠳ᠋ᠤ᠌᠂ 《ᠶᠡᠬᠡ ᠬᠣᠷᠸ᠎ᠠ》 ᠶ᠋ᠢᠨ ᠭᠠᠯ ᠰᠢᠷᠣᠢ ᠶ᠋ᠢᠨ ᠬᠦᠴᠦᠨ ᠨᠡᠮᠡᠭᠳᠡᠬᠦ ᠭᠠᠳᠠᠭᠠᠳᠤ ᠨᠥᠬᠥᠴᠡᠯ ᠨᠢ ᠪᠠᠭ᠎ᠠ《ᠬᠣᠷᠸ᠎ᠠ》 ᠶ᠋ᠢᠨ ᠪᠡᠶ᠎ᠡ ᠮᠠᠬᠠᠪᠣᠳ ᠤ᠋ᠨ ᠭᠠᠯ ᠰᠢᠷᠣᠢ ᠶ᠋ᠢᠨ  ᠬᠦᠴᠦᠨ ᠢ᠋ ᠥᠳᠥᠭᠡᠨ ᠳᠡᠯᠭᠡᠷᠡᠭᠦᠯᠵᠦ᠂ ᠭᠠᠬᠠᠢ ᠬᠤᠯᠤᠭᠠᠨ᠎ᠠ ᠮᠡᠲᠦ ᠤᠰᠤᠨ ᠮᠠᠬᠠᠪᠣᠳ ᠢ᠋ ᠬᠣᠣᠷᠯᠠᠨ ᠤᠰᠤᠨ ᠮᠠᠬᠠᠪᠣᠳ ᠪᠠᠷᠠᠭᠳᠠᠵᠤ᠂ ᠲᠠᠪᠤᠨ ᠮᠠᠬᠠᠪᠣᠳ ᠤ᠋ᠨ ᠬᠠᠷᠢᠴᠠᠩᠭᠤᠢ ᠲᠡᠩᠴᠡᠭᠦᠷᠢ ᠠᠯᠳᠠᠭᠳᠠᠨ᠂ ᠢᠳᠡᠵᠦ ᠤᠤᠭᠤᠬᠤ ᠬᠡᠮᠵᠢᠶ᠎ᠡ ᠠᠷᠪᠢᠳᠠᠵᠤ᠂ ᠰᠢᠭᠡᠬᠦ ᠲᠣᠭ᠎ᠠ ᠣᠯᠠᠰᠢᠷᠠᠨ᠂ ᠮᠠᠷᠢᠶ᠎ᠠ ᠰᠢᠭᠤᠷᠠᠵᠤ᠂ ᠶᠠᠳᠠᠷᠠᠵᠤ ᠬᠥᠯᠥᠷᠡᠬᠦ ᠪᠠᠢᠳᠠᠯ ᠬᠡᠴᠡᠭᠦᠳᠡᠭᠰᠡᠨ ᠡᠴᠡ ᠮᠦᠭᠳᠡᠨ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠪᠠᠢᠴᠠᠭᠠᠯᠭᠠᠬᠤ ᠳ᠋ᠤ᠌ ᠰᠢᠬᠢᠷ ᠰᠢᠵᠢᠩ ᠡᠪᠡᠳᠴᠢᠨ ᠭᠡᠵᠦ ᠲᠣᠳᠣᠯᠠᠪᠠ᠃ 
ᠵᠢᠱ᠌ᠢᠶ᠎ᠡ 3᠄ ᠱᠤᠸᠠᠩᠰᠢ᠂ ᠡᠷᠡᠭᠲᠡᠢ᠂ ᠲᠠᠷᠢᠶᠠᠴᠢᠨ᠂ ᠪᠢᠯᠢᠭ ᠦ᠋ᠨ ᠤᠯᠠᠷᠢᠯ ᠤ᠋ᠨ 1963 ᠣᠨ ᠤ᠋ 5 ᠳ᠋ᠤᠭᠠᠷ ᠰᠠᠷ᠎ᠠ ᠶ᠋ᠢᠨ 1 ᠳ᠋ᠦ᠍ ᠨᠣᠬᠠᠢ ᠴᠠᠭ ᠲᠤ᠌ ᠲᠥᠷᠥᠪᠡ᠃
       ᠡᠰᠢ ᠡᠷᠬᠡᠲᠡᠨ ᠢ᠋ᠶ᠋ᠡᠷ ᠲᠥᠷᠥᠯᠵᠢᠭᠦᠯᠪᠡᠯ᠄ 
           ᠬᠠᠷᠠᠭᠴᠢᠨ ᠲᠠᠤᠯᠠᠢ 
           ᠰᠢᠷ᠎ᠠ ᠮᠣᠷᠢ 
           ᠬᠥᠬᠡᠭᠴᠢᠨ ᠬᠣᠨᠢ 
           ᠤᠯᠠᠭᠠᠨ ᠨᠣᠬᠠᠢ 
       ᠡᠩ ᠲᠡᠷᠢᠭᠦᠨ ᠳ᠋ᠦ᠍ ᠡᠨᠡ ᠬᠦ᠌ 《ᠵᠢᠵᠢᠭ ᠬᠣᠷᠸ᠎ᠠ》 ᠳ᠋ᠤ᠌ ᠰᠢᠷ᠎ᠠ ᠮᠣᠷᠢ᠂ ᠤᠯᠠᠭᠠᠨ ᠨᠣᠬᠠᠢ ᠮᠡᠲᠦ ᠪᠦᠷᠢᠳᠦᠭᠰᠡᠨ ᠢ᠋ᠶ᠋ᠡᠷ ᠰᠢᠷᠣᠢ ᠮᠠᠬᠠᠪᠣᠳ ᠨᠢ ᠤᠰᠤᠨ ᠮᠠᠬᠠᠪᠣᠳ ᠢ᠋ ᠬᠣᠣᠷᠯᠠᠵᠤ 《ᠢᠯᠡᠷᠡᠭᠡᠳᠦᠢ ᠰᠢᠬᠢᠷ ᠰᠢᠵᠢᠩ》 ᠡᠪᠡᠳᠴᠢᠨ ᠦ᠌ ᠲᠡᠮᠳᠡᠭ ᠪᠣᠢ᠃ ᠲᠥᠯᠥᠵᠢᠭᠦᠯᠬᠦ ᠬᠣᠣᠷᠯᠠᠬᠤ ᠦᠢᠯᠡᠳᠦᠯ ᠢ᠋ ᠰᠢᠨᠵᠢᠪᠡᠯ᠄ ᠬᠥᠬᠡᠭᠴᠢᠨ ᠮᠣᠳᠣ ᠨᠢ ᠤᠯᠠᠭᠠᠨ᠂ ᠮᠣᠷᠢ ᠮᠡᠲᠦ ᠭᠠᠯ ᠮᠠᠬᠠᠪᠣᠳ ᠢ᠋ ᠲᠥᠯᠥᠵᠢᠭᠦᠯᠬᠦ᠂ ᠡᠳᠡᠭᠡᠷ ᠭᠠᠯ ᠨᠢ ᠳᠠᠬᠢᠨ ᠰᠢᠷ᠎ᠠ᠂ ᠨᠣᠬᠠᠢ᠂ ᠬᠣᠨᠢ ᠮᠡᠲᠦ ᠰᠢᠷᠣᠢ ᠮᠠᠬᠠᠪᠣᠳ ᠢ᠋ ᠲᠥᠯᠥᠵᠢᠭᠦᠯᠦᠭᠰᠡᠨ ᠢ᠋ᠶ᠋ᠡᠷ ᠰᠢᠷᠣᠢ ᠶ᠋ᠢᠨ ᠬᠦᠴᠦᠨ ᠪᠠᠳᠠᠷᠠᠵᠤ᠂ ᠬᠠᠷᠠᠭᠴᠢᠨ (ᠤᠰᠤᠨ ᠮᠠᠬᠠᠪᠣᠳ) ᠢ᠋ ᠬᠣᠣᠷᠯᠠᠳᠠᠭ ᠪᠣᠯᠪᠠᠴᠤ ᠲᠥᠷᠥᠯᠬᠢ ᠡᠨᠡ ᠬᠦ᠌《ᠬᠣᠷᠸ᠎ᠠ》 ᠳ᠋ᠤ᠌ ᠪᠠᠨ ᠬᠠᠷᠢᠴᠠᠩᠭᠤᠢ ᠲᠡᠩᠴᠡᠭᠦᠷᠢ ᠲᠡᠢ ᠶᠦᠮ᠃ ᠠᠯᠢ ᠨᠢᠭᠡ ᠦᠶ᠎ᠡ ᠳ᠋ᠦ᠍ ᠲᠡᠭᠷᠢ ᠶ᠋ᠢᠨ ᠡᠰᠢ ᠳ᠋ᠦ᠍ ᠴᠠᠭᠠᠭᠴᠢᠨ (ᠲᠡᠮᠦᠷ ᠮᠠᠬᠠᠪᠣᠳ) ᠨᠢ ᠤᠯᠠᠭᠠᠨ (ᠭᠠᠯ ᠮᠠᠬᠠᠪᠣᠳ) ᠲᠤ᠌ ᠬᠣᠣᠷᠯᠠᠭᠳᠠᠵᠤ᠂ ᠭᠠᠵᠠᠷ ᠤ᠋ᠨ ᠡᠷᠬᠡᠲᠡᠨ ᠳ᠋ᠦ᠍ ᠮᠣᠭᠠᠢ ᠭᠠᠯ ᠢᠷᠡᠵᠦ᠂ ᠮᠣᠭᠠᠢ ᠮᠣᠷᠢ ᠬᠣᠨᠢ ᠶ᠋ᠢᠨ ᠭᠠᠯ ᠤ᠋ᠨ ᠢᠪᠡᠭᠡᠯ ᠡᠭᠦᠰᠦᠨ᠂ ᠭᠠᠯ ᠤ᠋ᠨ ᠬᠦᠴᠦᠨ ᠠᠷᠪᠢᠳᠠᠨ ᠬᠡᠲᠦᠷᠡᠵᠦ᠂ ᠤᠰᠤ ᠶ᠋ᠢ ᠰᠢᠷᠭᠢᠭᠡᠬᠦ (ᠪᠠᠷᠠᠭᠳᠠᠬᠤ) ᠦᠶ᠎ᠡ ᠳ᠋ᠦ᠍ ᠰᠢᠬᠢᠷ ᠰᠢᠵᠢᠩ ᠡᠪᠡᠳᠴᠢᠨ ᠨᠢ ᠪᠡᠶ᠎ᠡ ᠳ᠋ᠦ᠍ ᠨᠢ ᠮᠡᠳᠡᠷᠡᠭᠳᠡᠨ ᠡᠪᠡᠳᠴᠢᠯᠡᠳᠡᠭ᠃ 
       ᠡᠢᠮᠦᠷᠬᠦᠦ᠂ 2001 ᠣᠨ ᠤ᠋ ᠴᠠᠭᠠᠭᠴᠢᠨ ᠮᠣᠭᠠᠢ ᠵᠢᠯ ᠦ᠋ᠨ 7 ᠳ᠋ᠤᠭᠠᠷ ᠰᠠᠷ᠎ᠠ ᠳ᠋ᠤ᠌᠂ ᠴᠠᠭᠠᠭᠴᠢᠨ (ᠲᠡᠮᠦᠷ ᠮᠠᠬᠠᠪᠣᠳ) ᠨᠢ ᠭᠠᠯ ᠳ᠋ᠤ᠌ ᠬᠣᠣᠷᠯᠠᠭᠳᠠᠬᠤ᠂ ᠮᠣᠭᠠᠢ ᠮᠣᠷᠢ ᠬᠣᠨᠢ ᠶ᠋ᠢᠨ ᠭᠠᠯ ᠤ᠋ᠨ ᠢᠪᠡᠭᠡᠯ ᠡᠭᠦᠰᠬᠦ ᠨᠥᠬᠥᠴᠡᠯ ᠢ᠋ ᠬᠠᠩᠭᠠᠭᠰᠠᠨ ᠢ᠋ᠶ᠋ᠠᠷ ᠵᠢᠷᠦᠬᠡ ᠰᠠᠪᠠᠭᠠᠨᠠᠬᠤ᠂ ᠬᠥᠯᠥᠷᠡᠬᠦ᠂ ᠶᠠᠳᠠᠷᠠᠬᠤ᠂ ᠮᠠᠷᠢᠶ᠎ᠠ ᠰᠢᠭᠤᠷᠠᠬᠤ᠂ ᠤᠮᠳᠠᠭᠠᠰᠬᠤ ᠪᠠ ᠰᠢᠭᠡᠬᠦ ᠲᠣᠭ᠎ᠠ ᠣᠯᠠᠰᠢᠷᠠᠬᠤ ᠵᠡᠷᠭᠡ ᠰᠢᠨᠵᠢ ᠢᠯᠡᠷᠡᠭᠰᠡᠨ ᠳ᠋ᠦ᠍ ᠪᠡᠭᠡᠵᠢᠩ ᠦ᠋ᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠪᠠᠢᠴᠠᠭᠠᠯᠭᠠᠬᠤ  ᠳ᠋ᠤ᠌ ᠰᠢᠬᠢᠷ ᠰᠢᠵᠢᠩ ᠡᠪᠡᠳᠴᠢᠨ ᠭᠡᠵᠦ ᠲᠣᠳᠣᠯᠠᠪᠠ᠃ 
ᠵᠢᠱ᠌ᠢᠶ᠎ᠡ 4᠄ ᠦ᠌ ᠳ᠋ᠠᠨ᠂ ᠡᠷᠡᠭᠲᠡᠢ᠂ ᠲᠠᠮᠢᠷᠴᠢᠨ᠂ ᠪᠢᠯᠢᠭ ᠦ᠋ᠨ ᠤᠯᠠᠷᠢᠯ ᠤ᠋ᠨ 1957 ᠣᠨ ᠤ᠋ 2 ᠰᠠᠷ᠎ᠠ ᠶ᠋ᠢᠨ 21 ᠦ᠌ ᠨᠣᠬᠠᠢ ᠴᠠᠭ ᠲᠤ᠌ ᠲᠥᠷᠥᠪᠡ᠃ 
       ᠡᠰᠢ ᠡᠷᠬᠡᠲᠡᠨ ᠢ᠋ᠶ᠋ᠡᠷ ᠲᠥᠷᠦᠯᠵᠢᠭᠦᠯᠪᠡᠯ᠄ 
           ᠤᠯᠠᠭᠴᠢᠨ ᠲᠠᠬᠢᠶ᠎ᠠ 
           ᠬᠠᠷᠠᠭᠴᠢᠨ ᠲᠠᠤᠯᠠᠢ 
           ᠬᠠᠷᠠᠭᠴᠢᠨ ᠮᠣᠭᠠᠢ 
           ᠬᠠᠷ᠎ᠠ ᠨᠣᠬᠠᠢ 
       ᠡᠩ ᠲᠡᠷᠢᠭᠦᠨ ᠳ᠋ᠦ᠍ ᠡᠨᠡ ᠬᠦ᠌ 《ᠬᠣᠷᠸ᠎ᠠ》 ᠳ᠋ᠤ᠌ ᠮᠣᠭᠠᠢ᠂ ᠨᠣᠬᠠᠢ ᠭᠡᠬᠦ ᠦᠰᠦᠭ ᠵᠡᠷᠭᠡᠯᠡᠳᠡᠭᠡ ᠪᠡᠷ ᠢᠯᠡᠷᠡᠭᠰᠡᠨ ᠨᠢ 《ᠢᠯᠡᠷᠡᠭᠡᠳᠦᠢ ᠰᠢᠬᠢᠷ ᠰᠢᠵᠢᠩ》 ᠡᠪᠡᠳᠴᠢᠨ ᠦ᠌ ᠲᠡᠮᠳᠡᠭ ᠲᠡᠢ᠃ ᠨᠥᠬᠥᠷ ᠳᠠᠢᠰᠤᠨ ᠤ᠋ ᠲᠥᠯᠥᠵᠢᠭᠦᠯᠬᠦ ᠬᠣᠣᠷᠯᠠᠬᠤ ᠦᠢᠯᠡᠳᠦᠯ ᠢ᠋ ᠮᠥᠷᠳᠡᠨ ᠪᠣᠳᠣᠪᠠᠯ᠂ ᠤᠯᠠᠭᠴᠢᠨ᠂ ᠮᠣᠭᠠᠢ (ᠭᠠᠯ ᠮᠠᠬᠠᠪᠣᠳ) ᠨᠢ ᠨᠣᠬᠠᠢ (ᠰᠢᠷᠣᠢ ᠮᠠᠬᠠᠪᠣᠳ) ᠢ᠋ ᠲᠥᠯᠥᠵᠢᠭᠦᠯᠵᠦ᠂ ᠬᠠᠷ᠎ᠠ ᠬᠠᠷᠠᠭᠴᠢᠨ (ᠤᠰᠤᠨ ᠮᠠᠬᠠᠪᠣᠳ) ᠢ᠋ ᠬᠣᠣᠷᠯᠠᠳᠠᠭ᠃ ᠤᠰᠤᠨ ᠤ᠋ ᠡᠬᠡ ᠲᠡᠮᠦᠷ ᠮᠠᠬᠠᠪᠣᠳ (ᠲᠠᠬᠢᠶ᠎ᠠ) ᠨᠢ ᠤᠰᠤᠨ ᠤ᠋ ᠬᠥᠪᠡᠭᠦᠨ ᠮᠣᠳᠣᠨ ᠮᠠᠬᠠᠪᠣᠳ (ᠲᠠᠤᠯᠠᠢ) ᠶ᠋ᠢ ᠬᠣᠣᠷᠯᠠᠳᠠᠭ᠃ ᠡᠳᠡᠭᠡᠷ ᠳᠠᠢᠰᠤᠨ ᠪᠣᠯᠬᠤ ᠬᠠᠷᠢᠴᠠᠭ᠎ᠠ ᠨᠢ ᠪᠡᠶ᠎ᠡ ᠮᠠᠬᠠᠪᠣᠳ ᠢ᠋ ᠬᠢᠯᠪᠠᠷ ᠭᠡᠮᠲᠦᠭᠡᠵᠦ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠰᠠᠮᠠᠭᠤᠷᠠᠭᠤᠯᠤᠨ᠂ ᠰᠢᠬᠢᠷ ᠰᠢᠵᠢᠩ ᠡᠪᠡᠳᠴᠢᠨ ᠢ᠋ ᠡᠭᠦᠰᠬᠡᠳᠡᠭ᠃ ᠠᠯᠢ ᠨᠢᠭᠡ ᠦᠶ᠎ᠡ ᠳ᠋ᠦ᠍ ᠲᠡᠭᠷᠢ ᠶ᠋ᠢᠨ ᠡᠰᠢ ᠳ᠋ᠦ᠍ ᠬᠠᠷ᠎ᠠ (ᠤᠰᠤᠨ ᠮᠠᠬᠠᠪᠣᠳ) ᠢᠯᠡᠷᠡᠨ᠂ ᠤᠯᠠᠭᠴᠢᠨ (ᠭᠠᠯ ᠮᠠᠬᠠᠪᠣᠳ) ᠢ᠋ ᠬᠣᠣᠷᠯᠠᠵᠤ᠂ ᠭᠠᠵᠠᠷ ᠤ᠋ᠨ ᠡᠷᠬᠡᠲᠡᠨ ᠳ᠋ᠦ᠍ ᠪᠡᠴᠢ (ᠲᠡᠮᠦᠷ ᠮᠠᠬᠠᠪᠣᠳ) ᠢᠷᠡᠵᠦ᠂ ᠪᠠᠴᠢ ᠲᠠᠬᠢᠶ᠎ᠠ ᠨᠣᠬᠠᠢ ᠶ᠋ᠢᠨ ᠲᠡᠮᠦᠷ ᠦ᠋ᠨ ᠢᠪᠡᠭᠡᠯ ᠡᠭᠦᠰᠦᠨ᠂ ᠤᠰᠤᠨ ᠮᠠᠬᠠᠪᠣᠳ ᠢ᠋ ᠲᠥᠯᠥᠵᠢᠭᠦᠯᠵᠦ᠂ 《ᠵᠢᠵᠢᠭ ᠬᠣᠷᠸ᠎ᠠ》 ᠠᠷᠭ᠎ᠠ ᠪᠢᠯᠢᠭ ᠲᠠᠪᠤᠨ ᠮᠠᠬᠠᠪᠣᠳ ᠤ᠋ᠨ ᠬᠠᠷᠢᠴᠠᠩᠭᠤᠢ ᠲᠡᠩᠴᠡᠭᠦᠷᠢ ᠡᠪᠳᠡᠭᠳᠡᠪᠡᠯ ᠰᠢᠬᠢᠷ ᠰᠢᠵᠢᠩ ᠡᠪᠡᠳᠴᠢᠨ ᠪᠡᠶ᠎ᠡ ᠳ᠋ᠦ᠍ ᠨᠢ ᠮᠡᠳᠡᠷᠡᠭᠳᠡᠨ ᠡᠪᠡᠳᠴᠢᠯᠡᠳᠡᠭ᠃ 
       ᠡᠢᠮᠦᠷᠬᠦᠦ᠂ 1992 ᠣᠨ ᠤ᠋ ᠬᠠᠷ᠎ᠠ ᠪᠠᠴᠢ ᠵᠢᠯ ᠦ᠋ᠨ 4 ᠳ᠋ᠦ᠍ᠭᠡᠷ ᠰᠠᠷ᠎ᠠ ᠳ᠋ᠤ᠌᠂ ᠡᠨᠡ ᠬᠦ᠌ ᠨᠥᠬᠥᠴᠡᠯ ᠪᠦᠷᠢᠳᠦᠭᠰᠡᠨ ᠢ᠋ᠶ᠋ᠡᠷ 《ᠭᠤᠷᠪᠠ ᠠᠷᠪᠢᠳᠠᠨ ᠨᠢᠭᠡ ᠪᠠᠭᠠᠰᠬᠤ》 ᠰᠢᠨᠵᠢ ᠢᠯᠡᠷᠡᠵᠦ᠂ ᠲᠠᠮᠢᠷ ᠠᠯᠳᠠᠭᠳᠠᠨ᠂ ᠪᠡᠶ᠎ᠡ ᠮᠠᠭᠤᠵᠢᠷᠠᠵᠤ᠂ ᠲᠠᠮᠢᠷ ᠤ᠋ᠨ ᠪᠣᠯᠪᠠᠰᠤᠷᠠᠯ ᠳ᠋ᠤ᠌ ᠣᠷᠣᠯᠴᠠᠵᠤ ᠳᠡᠢᠯᠬᠦ ᠦᠭᠡᠢ ᠪᠣᠯᠤᠭᠰᠠᠨ ᠠ᠋ᠴᠠ ᠮᠦᠭᠳᠡᠨ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠪᠠᠢᠴᠠᠭᠠᠯᠭᠠᠬᠤ ᠳ᠋ᠤ᠌ ᠰᠢᠬᠢᠷ ᠰᠢᠵᠢᠩ ᠡᠪᠡᠳᠴᠢᠨ ᠭᠡᠵᠦ ᠲᠣᠳᠣᠯᠠᠪᠠ᠃  
ᠵᠢᠱ᠌ᠢᠶ᠎ᠡ 5᠄ ᠯᠢ ᠱᠤᠸᠠᠩ ᠶᠤᠸᠠᠢ᠂ ᠠᠵᠢᠯ ᠠ᠋ᠴᠠ ᠪᠠᠨ ᠠᠮᠠᠷᠠᠭᠰᠠᠨ ᠠᠵᠢᠯᠴᠢᠨ᠂ ᠪᠢᠯᠢᠭ ᠦ᠋ᠨ ᠤᠯᠠᠷᠢᠯ ᠤ᠋ᠨ 1942 ᠣᠨ ᠤ᠋ 11 ᠳ᠋ᠦ᠍ᠭᠡᠷ ᠰᠠᠷ᠎ᠠ ᠶ᠋ᠢᠨ 13 ᠤ᠋ ᠨᠣᠬᠠᠢ ᠴᠠᠭ ᠲᠤ᠌ ᠲᠥᠷᠥᠪᠡ᠃ 
       ᠡᠰᠢ ᠡᠷᠬᠡᠲᠡᠨ ᠢ᠋ᠶ᠋ᠡᠷ ᠲᠥᠷᠥᠯᠵᠢᠭᠦᠯᠪᠡᠯ᠄ 
           ᠬᠠᠷ᠎ᠠ ᠮᠣᠷᠢ 
           ᠬᠠᠷ᠎ᠠ ᠬᠤᠯᠤᠭᠠᠨ᠎ᠠ 
           ᠤᠯᠠᠭᠴᠢᠨ ᠬᠣᠨᠢ 
           ᠴᠠᠭᠠᠨ ᠨᠣᠬᠠᠢ 
       ᠡᠩ ᠲᠡᠷᠢᠭᠦᠨ ᠳ᠋ᠦ᠍ ᠡᠨᠡ ᠬᠦ᠌ 《ᠬᠣᠷᠸ᠎ᠠ》 ᠳ᠋ᠤ᠌ ᠴᠠᠭᠠᠨ ᠨᠣᠬᠠᠢ᠂ ᠬᠣᠨᠢ ᠭᠡᠬᠦ ᠦᠰᠦᠭ ᠵᠡᠷᠭᠡᠯᠡᠳᠡᠭᠡ ᠢᠯᠡᠷᠡᠵᠦ《ᠢᠯᠡᠷᠡᠭᠡᠳᠦᠢ ᠰᠢᠬᠢᠷ ᠰᠢᠵᠢᠩ ᠡᠪᠡᠳᠴᠢᠨ》 ᠦ᠌ ᠲᠡᠮᠳᠡᠭ ᠲᠡᠢ᠃ ᠨᠥᠬᠥᠷ ᠳᠠᠢᠰᠤᠨ ᠤ᠋ ᠲᠥᠯᠥᠵᠢᠭᠦᠯᠵᠦ ᠬᠣᠣᠷᠯᠠᠬᠤ ᠦᠢᠯᠡᠳᠦᠯ ᠢ᠋ ᠮᠥᠷᠳᠡᠪᠡᠯ ᠤᠯᠠᠭᠴᠢᠨ (ᠭᠠᠯ ᠮᠠᠬᠠᠪᠣᠳ) ᠨᠢ ᠤᠰᠤᠨ ᠤ᠋ ᠡᠬᠡ ᠲᠡᠮᠦᠷ ᠮᠠᠬᠠᠪᠣᠳ (ᠴᠠᠭᠠᠨ) ᠢ᠋ ᠬᠣᠣᠷᠯᠠᠵᠤ᠂ ᠤᠯᠠᠭᠴᠢᠨ᠂ ᠮᠣᠷᠢ (ᠭᠠᠯ ᠮᠠᠬᠠᠪᠣᠳ) ᠨᠢ ᠬᠣᠨᠢ᠂ ᠨᠣᠬᠠᠢ (ᠰᠢᠷᠣᠢ ᠮᠠᠬᠠᠪᠣᠳ) ᠢ᠋ ᠲᠥᠯᠥᠵᠢᠭᠦᠯᠦᠨ᠂ ᠬᠠᠷ᠎ᠠ ᠬᠤᠯᠤᠭᠠᠨ᠎ᠠ (ᠤᠰᠤᠨ ᠮᠠᠬᠠᠪᠣᠳ) ᠢ᠋ ᠬᠣᠣᠷᠯᠠᠵᠤ ᠪᠠᠢᠬᠤ ᠳᠠᠢᠰᠤᠩᠨᠠᠬᠤ ᠬᠠᠷᠢᠴᠠᠭ᠎ᠠ ᠨᠢ ᠮᠠᠬᠠᠪᠣᠳ ᠢ᠋ ᠬᠢᠯᠪᠠᠷ ᠭᠡᠮᠲᠦᠭᠡᠵᠦ ᠰᠢᠬᠢᠷ ᠰᠢᠵᠢᠩ ᠡᠪᠡᠳᠴᠢᠨ ᠢ᠋ ᠡᠭᠦᠰᠬᠡᠳᠡᠭ᠃ ᠠᠯᠢ ᠴᠠᠭ ᠦᠶ᠎ᠡ ᠳ᠋ᠦ᠍ ᠲᠡᠭᠷᠢ ᠶ᠋ᠢᠨ ᠡᠰᠢ ᠳ᠋ᠦ᠍ ᠰᠢᠷᠠᠭᠴᠢᠨ (ᠰᠢᠷᠣᠢ ᠮᠠᠬᠠᠪᠣᠳ) ᠢᠯᠡᠷᠡᠵᠦ᠂ ᠬᠠᠷ᠎ᠠ (ᠤᠰᠤᠨ ᠮᠠᠬᠠᠪᠣᠳ) ᠢ᠋ ᠬᠣᠣᠷᠯᠠᠬᠤ ᠦᠶ᠎ᠡ ᠳ᠋ᠦ᠍᠂ ᠭᠠᠵᠠᠷ ᠤ᠋ᠨ ᠡᠷᠬᠡᠲᠡᠨ  ᠳ᠋ᠦ᠍ ᠮᠣᠭᠠᠢ ᠭᠠᠯ ᠢᠷᠡᠵᠦ᠂ ᠮᠣᠭᠠᠢ ᠮᠣᠷᠢ ᠬᠣᠨᠢ ᠶ᠋ᠢᠨ ᠭᠠᠯ ᠤ᠋ᠨ ᠢᠪᠡᠭᠡᠯ ᠡᠭᠦᠰᠦᠨ᠂ ᠡᠬᠡ ᠮᠠᠬᠠᠪᠣᠳ ᠲᠡᠮᠦᠷ (ᠴᠠᠭᠠᠨ)  ᠢ᠋ ᠬᠣᠣᠷᠯᠠᠬᠤ ᠦᠶ᠎ᠡ ᠳ᠋ᠦ᠍᠂ ᠰᠢᠬᠢᠷ ᠰᠢᠵᠢᠩ ᠡᠪᠡᠳᠴᠢᠨ ᠨᠢ ᠪᠡᠶ᠎ᠡ ᠳ᠋ᠦ᠍ ᠨᠢ ᠮᠡᠳᠡᠷᠡᠭᠳᠡᠨ ᠡᠪᠡᠳᠴᠢᠯᠡᠳᠡᠭ᠃ 
       ᠡᠢᠮᠦᠷᠬᠦᠦ᠂ 1989 ᠣᠨ ᠤ᠋ ᠰᠢᠷᠠᠭᠴᠢᠨ  ᠮᠣᠭᠠᠢ ᠵᠢᠯ ᠦ᠋ᠨ 5 ᠳ᠋ᠤᠭᠠᠷ ᠰᠠᠷ᠎ᠠ ᠳ᠋ᠤ᠌ ᠵᠢᠷᠦᠬᠡ ᠰᠠᠪᠠᠭᠠᠨᠠᠨ᠂ ᠬᠥᠯᠥᠷᠡᠵᠦ᠂ ᠢᠳᠡᠵᠦ ᠤᠤᠭᠤᠬᠤ ᠠᠷᠪᠢᠳᠠᠵᠤ᠂ ᠪᠡᠶ᠎ᠡ ᠰᠤᠯᠠᠷᠠᠨ᠂ ᠮᠠᠷᠢᠶ᠎ᠠ ᠰᠢᠭᠤᠷᠠᠬᠤ ᠪᠠᠢᠳᠠᠯ ᠬᠡᠴᠡᠭᠦᠳᠡᠭᠰᠡᠨ ᠡᠴᠡ ᠲᠢᠶᠠᠨᠵᠢᠨ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠪᠠᠢᠴᠠᠭᠠᠯᠭᠠᠬᠤ ᠳ᠋ᠤ᠌ ᠰᠢᠬᠢᠷ ᠰᠢᠵᠢᠩ ᠡᠪᠡᠳᠴᠢᠨ ᠭᠡᠵᠦ ᠲᠣᠳᠣᠯᠠᠪᠠ᠃ 
4᠂ ᠶᠠᠷᠢᠯᠴᠠᠭ᠎ᠠ 
       ᠣᠷᠴᠢᠨ ᠦᠶ᠎ᠡ ᠶ᠋ᠢᠨ ᠮᠣᠩᠭᠣᠯ ᠠᠨᠠᠭᠠᠬᠤ ᠤᠬᠠᠭᠠᠨ ᠤ᠋ ᠡᠷᠳᠡᠮᠲᠡᠳ ᠡᠴᠡ ᠰᠢᠬᠢᠷ ᠰᠢᠵᠢᠩ ᠡᠪᠡᠳᠴᠢᠨ ᠢ᠋ 《ᠤᠮᠳᠠᠭᠠᠰᠬᠤ ᠡᠪᠡᠳᠴᠢᠨ》 ᠦ᠌ ᠬᠡᠪᠴᠢᠶᠡᠨ ᠳ᠋ᠦ᠍ ᠪᠠᠭᠲᠠᠭᠠᠨ ᠰᠤᠳᠤᠯᠵᠤ ᠪᠣᠢ᠃《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ》 ᠤ᠋ᠨ ᠤᠮᠳᠠᠭᠠᠰᠬᠤ ᠡᠪᠡᠳᠴᠢᠨ ᠦ᠌ ᠲᠤᠬᠠᠢ᠄《ᠳᠡᠭᠡᠭᠰᠢ ᠭᠦᠶᠦᠬᠦ ᠬᠡᠢ᠂ ᠰᠢᠷ᠎ᠠ ᠲᠠᠢ ᠬᠢᠮᠤᠷᠠᠵᠤ᠂ ᠪᠠᠳᠬᠠᠨ ᠢ᠋ ᠬᠠᠲᠠᠭᠠᠭᠰᠠᠨ ᠠ᠋ᠴᠠ ᠪᠣᠯᠤᠨ᠎ᠠ᠃ ᠨᠥᠬᠥᠴᠡᠯ ᠨᠢ᠄ ᠠᠷᠢᠬᠢ᠂ ᠳᠠᠪᠤᠰᠤᠯᠢᠭ ᠢᠳᠡᠭᠡᠨ ᠤᠮᠳᠠᠭᠠᠨ ᠢ᠋ᠶ᠋ᠠᠷ ᠪᠠᠳᠬᠠᠨ ᠰᠢᠷ᠎ᠠ ᠶ᠋ᠢ ᠡᠭᠦᠰᠬᠡᠭᠰᠡᠨ ᠵᠡᠷᠭᠡ ᠪᠡᠷ ᠰᠢᠷ᠎ᠠ ᠶ᠋ᠢᠨ ᠬᠠᠯᠠᠭᠤᠨ ᠢ᠋ ᠬᠤᠷᠠᠭᠤᠯᠤᠭᠰᠠᠨ ᠵᠡᠷᠭᠡ ᠡᠴᠡ ᠪᠣᠯᠳᠠᠭ᠃ ᠢᠯᠭᠠᠯ ᠳ᠋ᠤ᠌ ᠨᠢ ᠬᠡᠢ᠂ ᠰᠢᠷ᠎ᠠ᠂ ᠪᠠᠳᠬᠠᠨ᠂ ᠪᠣᠷᠣ᠂ ᠰᠢᠮ᠎ᠡ ᠪᠠᠷᠠᠭᠳᠠᠬᠤ》[3] ᠭᠡᠵᠦ ᠲᠡᠮᠳᠡᠭᠯᠡᠵᠡᠢ᠃ ᠭᠡᠪᠡᠴᠦ᠂ ᠣᠷᠴᠢᠯᠠᠩ ᠶᠢᠷᠲᠢᠨᠴᠦ ᠤᠯᠠᠷᠢᠨ ᠬᠤᠪᠢᠷᠠᠬᠤ ᠵᠢᠮ᠎ᠡ ᠶ᠋ᠢ ᠮᠥᠷᠳᠡᠵᠦ᠂ ᠬᠠᠷᠠᠭᠠᠰᠤ ᠪᠠᠨ ᠤᠯᠠᠮ ᠥᠷᠭᠡᠳᠬᠡᠨ᠂ ᠤᠯᠠᠮᠵᠢᠯᠠᠯᠲᠤ ᠮᠣᠩᠭᠣᠯ ᠠᠨᠠᠭᠠᠬᠤ ᠤᠬᠠᠭᠠᠨ ᠤ᠋ ᠲᠠᠰᠤᠷᠠᠨ ᠣᠷᠬᠢᠭᠳᠠᠵᠤ ᠵᠠᠭᠤᠨ ᠵᠢᠯ ᠪᠣᠯᠵᠤ ᠪᠠᠢᠭ᠎ᠠ ᠬᠠᠷ᠎ᠠ ᠵᠢᠷᠤᠬᠠᠢ  ᠶ᠋ᠢᠨ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠶ᠋ᠢ ᠠᠰᠢᠭᠯᠠᠨ ᠢᠯᠡᠷᠡᠭᠡᠳᠦᠢ ᠡᠪᠡᠳᠴᠢᠨ ᠦ᠌ ᠡᠭᠦᠳᠡᠨ ᠡᠴᠡ ᠰᠢᠬᠢᠷ ᠰᠢᠵᠢᠩ ᠡᠪᠡᠳᠴᠢᠨ ᠢ᠋ ᠬᠡᠳᠦᠨ ᠵᠢᠯ ᠦ᠋ᠨ ᠡᠮᠦᠨ᠎ᠡ᠂ ᠴᠢᠨᠠᠭᠰᠢᠯᠠᠨ ᠬᠡᠳᠦᠨ ᠠᠷᠪᠠᠨ ᠵᠢᠯ ᠦ᠋ᠨ ᠡᠮᠦᠨ᠎ᠡ ᠤᠷᠢᠳᠴᠢᠯᠠᠨ ᠪᠡᠯᠭᠡᠳᠡᠨ ᠣᠨᠣᠰᠢᠯᠠᠵᠤ ᠪᠣᠯᠤᠨ᠎ᠠ᠃ ᠭᠠᠭᠴᠠ ᠬᠦ᠌ ᠡᠪᠡᠳᠴᠢᠨ ᠢ᠋ ᠢᠯᠡᠷᠡᠬᠦ ᠡᠴᠡ ᠡᠮᠦᠨ᠎ᠡ ᠵᠠᠪᠳᠤᠵᠤ ᠡᠷᠡᠭᠦᠯ ᠢ᠋ ᠰᠠᠬᠢᠵᠤ ᠴᠢᠳᠠᠪᠠᠯ ᠰᠠᠶᠢ ᠡᠪᠡᠳᠴᠢᠨ ᠢ᠋ ᠰᠡᠷᠭᠡᠢᠯᠡᠬᠦ᠂ ᠤᠷᠲᠤ ᠨᠠᠰᠤᠯᠠᠬᠤ ᠵᠣᠷᠢᠯᠭ᠎ᠠ ᠳ᠋ᠤ᠌ ᠪᠠᠨ ᠬᠦᠷᠴᠦ ᠴᠢᠳᠠᠳᠠᠭ᠃ 
       ᠳᠡᠭᠡᠷᠡᠬᠢ ᠪᠣᠳᠠᠲᠤ ᠵᠢᠱ᠌ᠢᠶ᠎ᠡ ᠡᠴᠡ ᠮᠡᠳᠡᠵᠦ ᠠᠪᠬᠤ ᠵᠦᠢᠯ ᠪᠣᠯ᠄
       ᠨᠢᠭᠡ ᠳ᠋ᠦ᠍᠂ ᠡᠪᠦᠭᠡ ᠳᠡᠭᠡᠳᠦᠰ ᠦ᠋ᠨ ᠦᠯᠡᠳᠡᠭᠡᠭᠰᠡᠨ ᠠᠷᠭ᠎ᠠ ᠪᠢᠯᠢᠭ ᠲᠠᠪᠤᠨ ᠮᠠᠬᠠᠪᠣᠳ ᠵᠢᠷᠤᠬᠠᠢ ᠶ᠋ᠢᠨ ᠤᠬᠠᠭᠠᠨ ᠢ᠋ᠶ᠋ᠠᠷ ᠢᠯᠡᠷᠡᠭᠡᠳᠦᠢ ᠡᠪᠡᠳᠴᠢᠨ ᠢ᠋ ᠰᠢᠨᠵᠢᠯᠡᠬᠦ ᠮᠡᠷᠭᠡᠵᠢᠯ ᠪᠣᠯ ᠣᠳᠣ ᠦᠶ᠎ᠡ ᠶ᠋ᠢᠨ ᠲᠣᠨᠣᠭ ᠲᠥᠬᠥᠭᠡᠷᠦᠮᠵᠢ ᠲᠡᠢ ᠰᠢᠨ᠎ᠡ ᠡᠮᠨᠡᠯᠭᠡ ᠶ᠋ᠢᠨ ᠤᠬᠠᠭᠠᠨ ᠴᠤ᠌ ᠠᠳᠠᠯᠢᠳᠬᠠᠵᠤ ᠳᠡᠢᠯᠬᠦ ᠦᠭᠡᠢ ᠳᠠᠪᠠᠭᠤᠯᠢᠭ ᠲᠠᠯ᠎ᠠ ᠲᠠᠢ᠃ 
       ᠬᠣᠶᠠᠷ ᠲᠤ᠂ ᠭᠠᠳᠠᠭᠠᠳᠤ ᠣᠷᠴᠢᠨ ᠤ᠋ 《ᠶᠡᠬᠡ ᠬᠣᠷᠸ᠎ᠠ》 ᠲᠠᠪᠤᠨ ᠮᠠᠬᠠᠪᠣᠳ ᠤ᠋ᠨ ᠠᠷᠪᠢᠳᠠᠬᠤ ᠪᠠᠷᠠᠭᠳᠠᠬᠤ ᠬᠤᠪᠢᠷᠠᠯᠲᠠ ᠨᠢ ᠬᠥᠮᠦᠨ ᠦ᠌ ᠪᠡᠶ᠎ᠡ ᠭᠡᠬᠦ ᠡᠨᠡ ᠬᠦ᠌ 《ᠵᠢᠵᠢᠭ ᠬᠣᠷᠸ᠎ᠠ》 ᠶ᠋ᠢᠨ ᠲᠠᠪᠤᠨ ᠮᠠᠬᠠᠪᠣᠳ ᠤ᠋ᠨ ᠠᠷᠪᠢᠳᠠᠬᠤ ᠪᠠᠷᠠᠭᠳᠠᠬᠤ ᠬᠤᠪᠢᠰᠤᠯᠲᠠ ᠤᠷᠪᠠᠯᠲᠠ ᠶ᠋ᠢ ᠥᠳᠥᠭᠡᠨ ᠰᠠᠮᠠᠭᠤᠷᠠᠭᠤᠯᠵᠤ᠂ ᠮᠠᠬᠠᠪᠣᠳ ᠤ᠋ᠨ ᠠᠷᠭ᠎ᠠ ᠪᠢᠯᠢᠭ ᠦ᠋ᠨ ᠲᠡᠩᠴᠡᠭᠡᠷᠢ ᠶ᠋ᠢ ᠠᠯᠳᠠᠭᠤᠯᠵᠤ ᠡᠪᠡᠳᠴᠢᠯᠡᠭᠦᠯᠳᠡᠭ ᠶᠦ᠍ᠮ᠃ 

ᠵᠡᠭᠦᠯᠲᠡ 
[1]  叶任高 ,内科学,人民卫生出版社,2001. 789 
[2] ᠪᠣᠷᠵᠢᠭᠢᠨ ᠡᠷᠳᠡᠨᠢᠴᠤᠭᠲᠤ᠂ ᠸᠠᠩ ᠵᠢᠶᠦ᠋ᠨ ᠹᠸ᠋ᠩ᠄ 《ᠮᠣᠩᠭᠣᠯ ᠠᠨᠠᠭᠠᠬᠤ ᠤᠬᠠᠭᠠᠨ ᠤ᠋ ᠡᠷᠲᠡᠨ ᠦ᠌ ᠰᠣᠩᠭᠣᠳᠠᠭ ᠵᠣᠬᠢᠶᠠᠯ  ᠤ᠋ᠨ ᠵᠢᠷᠤᠬᠠᠢ ᠶ᠋ᠢᠨ ᠤᠬᠠᠭᠠᠨ ᠤ᠋ ᠲᠡᠮᠳᠡᠭᠯᠡᠯ ᠪᠣᠯᠤᠨ ᠡᠮᠴᠢᠯᠡᠭᠡᠨ ᠳ᠋ᠡᠬᠢ ᠬᠡᠷᠡᠭᠯᠡᠯᠲᠡ》 ᠂ 《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ》 ᠂ 2023 ᠣᠨ ᠤ᠋ 4 ᠳ᠋ᠦ᠍ᠭᠡᠷ ᠬᠤᠭᠤᠴᠠᠭ᠎ᠠ᠃
[3] ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ ᠢ᠋ ᠨᠠᠢᠷᠠᠭᠤᠯᠬᠤ ᠳᠤᠭᠤᠢᠯᠠᠩ᠄ 《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ》 ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠂ 1976 ᠣᠨ ᠂ 507 ᠨᠢᠭᠤᠷ᠃  

ᠢᠷᠡᠯᠲᠡ᠄
       ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ 2025 ᠣᠨ ᠤ᠋ 1 ᠳ᠋ᠦ᠍ᠭᠡᠷ ᠬᠤᠭᠤᠴᠠᠭ᠎ᠠ  

             ᠦᠰᠦᠭ ᠠᠮᠢᠯᠠᠭᠤᠯᠤᠭᠰᠠᠨ ᠨᠢ ᠄ ᠭᠠᠸᠠ 
                ᠦᠰᠦᠭ ᠬᠢᠨᠠᠭᠴᠢ ᠄ ᠲᠤᠭᠴᠢ ᠰᠠᠷᠠᠨ᠎ᠠ