ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 22 ᠵᠤᠯᠵᠠᠭᠠᠨ ᠮᠤᠤᠷ ᠵᠢᠭᠠᠰᠤ ᠭᠥᠬᠢᠳᠡᠭᠰᠡᠨ ᠨᠢХэл бичиг-бага сургуули нэгдүгээр он доорд
22 ᠵᠤᠯᠵᠠᠭᠠᠨ ᠮᠤᠤᠷ ᠵᠢᠭᠠᠰᠤ ᠭᠥᠬᠢᠳᠡᠭᠰᠡᠨ ᠨᠢ
ᠨᠢᠭᠡᠨ ᠡᠳᠦᠷ ᠪᠦᠳᠦᠭᠦᠨ ᠮᠤᠤᠷ ᠵᠤᠯᠵᠠᠭᠠᠨ ᠮᠤᠤᠷ ᠲᠠᠢ ᠪᠠᠨ ᠭᠣᠣᠯ ᠤ᠋ᠨ ᠬᠥᠪᠡᠭᠡᠨ ᠳ᠋ᠦ᠍ ᠣᠴᠢᠵᠤ ᠵᠢᠭᠠᠰᠤ ᠭᠥᠬᠢᠳᠡᠪᠡ᠃
ᠨᠢᠭᠡ ᠥᠷᠥᠮ᠎ᠡ ᠬᠤᠯᠠᠭᠠᠢᠴᠢ ᠨᠢᠰᠴᠦ ᠢᠷᠡᠪᠡ᠃ ᠵᠤᠯᠵᠠᠭᠠᠨ ᠮᠤᠤᠷ ᠭᠥᠬᠢ ᠪᠡᠨ ᠲᠠᠯᠪᠢᠭᠠᠳ ᠲᠡᠭᠦᠨ ᠢ᠋ ᠪᠠᠷᠢᠬᠤ ᠪᠠᠷ ᠭᠦᠶᠦᠯ᠎ᠡ᠃ ᠥᠷᠥᠮ᠎ᠡ ᠬᠤᠯᠠᠭᠠᠢᠴᠢ ᠨᠢᠰᠴᠢᠬᠡᠭᠰᠡᠨ ᠲᠤᠯᠠ ᠵᠤᠯᠵᠠᠭᠠᠨ ᠮᠤᠤᠷ ᠪᠠᠷᠢᠵᠤ ᠴᠢᠳᠠᠭᠰᠠᠨ ᠦᠭᠡᠢ᠃ ᠪᠤᠴᠠᠭᠠᠳ ᠢᠷᠡᠬᠦ ᠳ᠋ᠦ᠍ ᠨᠢ ᠪᠦᠳᠦᠭᠦᠨ ᠮᠤᠤᠷ ᠨᠢᠭᠡ ᠲᠣᠮᠣ ᠵᠢᠭᠠᠰᠤ ᠭᠥᠬᠢᠳᠡᠭᠰᠡᠨ ᠪᠠᠢᠪᠠ᠃
ᠪᠠᠰᠠ ᠨᠢᠭᠡ ᠡᠷᠪᠡᠬᠡᠢ ᠨᠢᠰᠴᠦ ᠢᠷᠡᠯ᠎ᠡ᠃ ᠵᠤᠯᠵᠠᠭᠠᠨ ᠮᠤᠤᠷ ᠭᠥᠬᠢ ᠪᠡᠨ ᠲᠠᠯᠪᠢᠭᠠᠳ ᠲᠡᠭᠦᠨ ᠢ᠋ ᠪᠠᠷᠢᠬᠤ ᠪᠠᠷ ᠭᠦᠶᠦᠪᠡ᠃ ᠡᠷᠪᠡᠬᠡᠢ ᠨᠢᠰᠦᠨ ᠣᠳᠤᠭᠰᠠᠨ ᠲᠤᠯᠠ ᠵᠤᠯᠵᠠᠭᠠᠨ ᠮᠤᠤᠷ ᠪᠠᠰᠠ ᠪᠠᠷᠢᠵᠤ ᠴᠢᠳᠠᠭᠰᠠᠨ ᠦᠭᠡᠢ᠂ ᠪᠤᠴᠠᠵᠤ ᠢᠷᠡᠬᠦ ᠳ᠋ᠦ᠍ ᠪᠦᠳᠦᠭᠦᠨ ᠮᠤᠤᠷ ᠪᠠᠰᠠ ᠨᠢᠭᠡ ᠲᠣᠮᠣ ᠵᠢᠭᠠᠰᠤ ᠭᠥᠬᠢᠳᠡᠭᠰᠡᠨ ᠪᠠᠢᠪᠠ᠃
《ᠬᠠᠴᠢᠨ ᠳᠠ! ᠪᠢ ᠶᠠᠭᠠᠬᠢᠭᠠᠳ ᠨᠢᠭᠡ ᠵᠢᠷᠠᠭᠠᠬᠠᠢ ᠴᠦ᠍ ᠣᠯᠵᠤ ᠭᠥᠬᠢᠳᠡᠬᠦ ᠦᠭᠡᠢ ᠶᠤᠮ? 》 ᠭᠡᠵᠦ ᠵᠤᠯᠵᠠᠭᠠᠨ ᠮᠤᠤᠷ ᠬᠡᠯᠡᠭᠡᠳ ᠤᠷᠤᠭᠤ ᠴᠢᠷᠠᠢᠯᠠᠪᠠ᠃
ᠪᠦᠳᠦᠭᠦᠨ ᠮᠤᠤᠷ ᠲᠡᠭᠦᠨ ᠢ᠋ ᠬᠠᠷᠠᠭᠠᠳ :《ᠵᠢᠭᠠᠰᠤ ᠭᠥᠬᠢᠳᠡᠶᠡ ᠭᠡᠬᠦ ᠶᠤᠮ ᠪᠣᠯ ᠯᠠᠪᠳᠠᠭᠤᠨ ᠰᠠᠭᠤᠭᠠᠳ ᠭᠥᠬᠢᠳᠡ᠃ ᠪᠠᠢᠵᠤ ᠪᠠᠢᠭᠠᠳ ᠥᠷᠥᠮ᠎ᠡ ᠬᠤᠯᠠᠭᠠᠢᠴᠢ ᠬᠥᠭᠡᠭᠡᠵᠦ᠂ ᠪᠠᠢᠵᠤ ᠪᠠᠢᠭᠠᠳ ᠡᠷᠪᠡᠬᠡᠢ ᠲᠠᠭᠤᠬᠤ ᠶᠤᠮ ᠴᠢᠨᠢ ᠶᠠᠭᠠᠬᠢᠵᠤ ᠵᠢᠭᠠᠰᠤ ᠭᠥᠬᠢᠳᠡᠵᠦ ᠳᠡᠢᠯᠬᠦ ᠪᠣᠢ? 》 ᠭᠡᠵᠡᠢ᠃
ᠪᠦᠳᠦᠭᠦᠨ ᠮᠤᠤᠷ ᠤ᠋ᠨ ᠦᠭᠡ ᠪᠡᠷ ᠵᠤᠯᠵᠠᠭᠠᠨ ᠮᠤᠤᠷ ᠰᠡᠳᠬᠢᠯ ᠲᠠᠯᠪᠢᠨ ᠭᠥᠬᠢᠳᠡᠪᠡ᠃
ᠥᠷᠥᠮ᠎ᠡ ᠬᠤᠯᠠᠭᠠᠢᠴᠢ ᠪᠠᠰᠠ ᠨᠢᠰᠴᠦ ᠢᠷᠡᠯ᠎ᠡ᠃ ᠡᠷᠪᠡᠬᠡᠢ ᠪᠠᠰᠠ ᠨᠢᠰᠴᠦ ᠢᠷᠡᠯ᠎ᠡ᠃ ᠵᠤᠯᠵᠠᠭᠠᠨ ᠮᠤᠤᠷ ᠦᠵᠡᠭᠰᠡᠨ ᠦᠭᠡᠢ ᠶᠤᠮ ᠰᠢᠭ ᠵᠢᠭᠠᠰᠤ ᠪᠠᠨ ᠭᠥᠬᠢᠳᠡᠪᠡ᠃
ᠳᠡᠮᠡᠢ ᠤᠳᠠᠭᠰᠠᠨ ᠦᠭᠡᠢ ᠵᠤᠯᠵᠠᠭᠠᠨ ᠮᠤᠤᠷ ᠨᠢᠭᠡ ᠲᠣᠮᠣ ᠵᠢᠭᠠᠰᠤ ᠭᠥᠬᠢᠳᠡᠵᠡᠢ᠃
