ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 21 ᠪᠢᠴᠢᠬᠠᠨ ᠨᠠᠢᠵᠠ Хэл бичиг-бага сургуули нэгдүгээр он доорд
21 ᠪᠢᠴᠢᠬᠠᠨ ᠨᠠᠢᠵᠠ
ᠳ᠋᠊᠂ ᠳ᠋ᠠᠮᠪᠢᠵᠠᠯᠰᠠᠨ
ᠨᠢᠭᠡ
ᠪᠣᠷᠣᠬᠠᠨ ᠪᠣᠲᠣᠭᠣ ᠭᠠᠳᠠᠰᠤ ᠪᠠᠨ ᠲᠣᠭᠣᠷᠢᠨ ᠪᠤᠢᠯᠠᠨ᠎ᠠ᠂ ᠲᠠᠪᠤᠨ ᠨᠠᠰᠤᠲᠠᠢ ᠰᠤᠪᠤᠳ ᠭᠠᠢᠬᠠᠨ ᠬᠠᠷᠠᠵᠤ:
《ᠴᠢ ᠶᠠᠭᠤᠨ ᠳ᠋ᠤ᠌ ᠮᠥᠭᠡᠷᠡᠭᠡᠳ ᠪᠠᠢᠭ᠎ᠠ ᠶᠤᠮ ᠪᠣᠢ ?》 ᠭᠡᠪᠡ᠃
ᠪᠣᠲᠣᠭᠣ ᠥᠬᠢᠨ ᠢ᠋ ᠬᠠᠷᠠᠵᠤ:
《ᠲᠤᠭᠤᠯ ᠮᠥᠭᠡᠷᠡᠳᠡᠭ ᠡᠴᠡ ᠪᠢᠰᠢ᠂ ᠪᠣᠲᠣᠭᠣ ᠮᠥᠭᠡᠷᠡᠳᠡᠭ ᠪᠢᠯᠡ ᠦᠦ?》 ᠭᠡᠪᠡ᠃
ᠪᠢᠴᠢᠬᠠᠨ ᠰᠤᠪᠤᠳ ᠪᠠᠬᠠᠨ ᠪᠣᠳᠣᠭᠰᠠᠨ ᠢ᠋ᠶ᠋ᠠᠨ:
《ᠴᠢ ᠶᠠᠭᠠᠬᠢᠭᠠᠳ ᠮᠠᠢᠯᠠᠭᠠᠳ ᠪᠠᠢᠭ᠎ᠠ ᠶᠤᠮ ᠪᠣᠢ?》 ᠭᠡᠪᠡ᠃
ᠪᠣᠲᠣᠭᠣ:
《ᠬᠡᠵᠢᠶ᠎ᠡ ᠪᠣᠲᠣᠭᠣ ᠮᠠᠢᠯᠠᠵᠤ ᠪᠠᠢᠭᠰᠠᠨ ᠶᠤᠮ ᠪᠣᠢ?》 ᠭᠡᠪᠡ ᠃
ᠬᠣᠶᠠᠷ
ᠰᠤᠪᠤᠳ ᠥᠬᠢᠨ ᠪᠣᠲᠣᠭᠣᠨ ᠤ᠋ ᠲᠣᠯᠣᠭᠠᠢ ᠶ᠋ᠢ ᠢᠯᠢᠵᠦ:
《ᠪᠢᠲᠡᠭᠡᠢ ᠤᠬᠢᠯᠠ ᠳᠠ᠃ ᠡᠵᠢ ᠴᠢᠨᠢ ᠬᠠᠮᠢᠭ᠎ᠠ ᠣᠴᠢᠭᠰᠠᠨ ᠶᠤᠮ ᠪᠣᠢ ? ᠪᠢ ᠳᠠᠭᠤᠳᠠᠭᠠᠳ ᠥᠭᠭᠦᠶ᠎ᠡ! 》 ᠭᠡᠪᠡ ᠃
ᠪᠣᠲᠣᠭᠣ:
《ᠡᠵᠢ ᠮᠢᠨᠢ ᠪᠡᠯᠴᠢᠭᠡᠷ ᠲᠦ᠍ ᠶᠠᠪᠤᠭ᠎ᠠ᠂ ᠬᠠᠯᠠᠭᠤᠨ ᠨᠠᠷᠠ ᠰᠢᠷᠠᠭᠠᠳ᠂ ᠠᠮᠠ ᠴᠠᠩᠭᠠᠭᠠᠳ ᠪᠠᠢᠨ᠎ᠠ》 ᠭᠡᠪᠡ᠃
ᠰᠤᠪᠤᠳ ᠭᠡᠷ ᠤᠷᠤᠭᠤ ᠪᠠᠨ ᠭᠦᠶᠦᠪᠡ᠃ ᠡᠮᠡᠭᠡ ᠡᠴᠡ ᠪᠡᠨ ᠶᠠᠭᠤᠮ᠎ᠠ ᠠᠰᠠᠭᠤᠯ᠎ᠠ᠃ ᠬᠤᠪᠢᠩ ᠲᠠᠢ ᠤᠰᠤ ᠪᠠᠨ ᠳᠠᠭᠠᠭᠠᠵᠤ ᠶᠠᠳᠠᠭᠰᠠᠭᠠᠷ ᠪᠣᠲᠣᠭᠣᠨ ᠤ᠋ ᠳᠡᠷᠭᠡᠳᠡ ᠢᠷᠡᠭᠡᠳ:
《ᠪᠢ ᠴᠥᠮ ᠢ᠋ ᠨᠢ ᠮᠡᠳᠡᠭᠰᠡᠨ᠂ ᠪᠣᠲᠣᠭᠣ ᠪᠣᠢᠯᠠᠨ᠎ᠠ᠂ ᠬᠤᠷᠠᠭ᠎ᠠ ᠮᠠᠢᠯᠠᠨᠠ᠂ ᠲᠤᠭᠤᠯ ᠮᠥᠭᠡᠷᠡᠨ᠎ᠡ᠂ ᠤᠨᠠᠭ᠎ᠠ ᠢᠨᠴᠠᠭᠠᠨ᠎ᠠ᠃ ᠡᠢᠮᠦ ᠦᠦ?》 ᠭᠡᠬᠦ ᠳ᠋ᠦ᠍ ᠪᠣᠲᠣᠭᠣ:
《ᠴᠢ ᠶᠠᠮᠠᠷ ᠤᠬᠠᠭᠠᠨ ᠲᠠᠢ ᠶᠤᠮ ᠪᠣᠢ! ᠪᠦᠭᠦᠳᠡ ᠶ᠋ᠢ ᠮᠡᠳᠡᠵᠡᠢ》 ᠭᠡᠪᠡ᠃
