1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠳᠣᠯᠣᠭ᠎ᠠ) Монгол эм эмнэлэг (7)

ᠮᠣᠩᠭᠣᠯ ᠡᠮ ᠡᠮᠨᠡᠯᠭᠡ – (ᠳᠣᠯᠣᠭ᠎ᠠ) Монгол эм эмнэлэг (7)

ᠠᠩᠭᠢᠯᠠᠯ:ᠡᠷᠡᠭᠦᠯ ᠡᠩᠬᠡ
2025-03-30

420

ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠵᠠᠰᠠᠭᠰᠠᠨ ᠠᠬᠠᠮᠠᠳ ᠮᠣᠩᠭᠣᠯ ᠡᠮᠴᠢ

ᠪᠣᠷᠵᠢᠭᠢᠨ ᠡᠷᠳᠡᠨᠢᠴᠤᠭᠲᠤ ᠶ᠋ᠢᠨ ᠲᠤᠷᠰᠢᠯᠭ᠎ᠠ


                         ᠸᠠᠩ ᠵᠢᠶᠦ᠋ᠨ ᠹᠧᠩ᠂ ᠪᠣᠷᠵᠢᠭᠢᠨ ᠡᠷᠳᠡᠨᠢᠴᠤᠭᠲᠤ  

      [ᠲᠣᠪᠴᠢ ᠠᠭᠤᠯᠭ᠎ᠠ] ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠬᠥᠮᠦᠰ ᠦ᠋ᠨ ᠠᠮᠢᠳᠤᠷᠠᠯ ᠤ᠋ᠨ ᠬᠢᠷᠢ ᠲᠦᠪᠰᠢᠨ ᠳᠡᠭᠡᠭᠰᠢᠯᠡᠭᠰᠡᠨ ᠡᠴᠡ ᠥᠭᠡᠬᠦ ᠲᠣᠰᠣ᠂ ᠰᠢᠬᠢᠷ ᠢᠯᠡᠭᠦᠦ ᠢᠳᠡᠭᠡᠨ ᠤᠮᠳᠠᠭᠠᠨ ᠢ᠋ ᠢᠯᠡᠭᠦᠦ ᠡᠳ᠋ᠯᠡᠭᠰᠡᠨ ᠡᠴᠡ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠨᠢ ᠦᠷᠭᠦᠯᠵᠢ ᠲᠣᠬᠢᠶᠠᠯᠳᠤᠬᠤ ᠡᠪᠡᠳᠴᠢᠨ ᠪᠣᠯᠤᠭᠰᠠᠨ ᠪᠠᠢᠨ᠎ᠠ᠃ ᠡᠭᠦᠨ ᠳ᠋ᠦ᠍ ᠲᠡᠭᠦᠨ ᠦ᠌ ᠪᠦᠯᠢᠶᠡᠨ ᠠᠯᠲᠠᠨ ᠵᠡᠭᠦᠦ ᠶ᠋ᠢ ᠪᠠᠯᠴᠢᠷ ᠰᠣᠩᠭᠣᠨ ᠬᠠᠳᠬᠤᠬᠤ ᠪᠠ ᠰᠥᠰᠥᠨ ᠦ᠌ ᠱᠠᠷᠢᠩ ᠰᠤᠳᠠᠯ ᠢ᠋ ᠬᠠᠨᠠᠬᠤ ᠣᠨᠴᠠᠭᠠᠢ ᠭᠠᠷ ᠠᠪᠤᠯᠭ᠎ᠠ ᠨᠢ ᠥᠪᠡᠷᠮᠢᠴᠡ ᠣᠨᠴᠠᠯᠢᠭ ᠲᠠᠢ ᠪᠠᠢᠵᠤ᠂ ᠵᠠᠯᠠᠭᠤ ᠨᠢᠭᠡ ᠦᠶ᠎ᠡ ᠶ᠋ᠢᠨ ᠬᠢᠨ ᠦ᠌ ᠰᠤᠷᠴᠤ ᠡᠵᠡᠮᠰᠢᠨ ᠵᠠᠯᠭᠠᠮᠵᠢᠯᠠᠨ ᠬᠥᠭᠵᠢᠭᠦᠯᠬᠦ ᠦᠨ᠎ᠡ ᠥᠷᠲᠡᠭ ᠪᠦᠬᠦᠢ ᠵᠦᠢᠯ ᠪᠣᠯᠬᠤ ᠶᠤᠮ᠃ ᠪᠣᠷᠵᠢᠭᠢᠨ ᠡᠷᠳᠡᠨᠢᠴᠤᠭᠲᠤ ᠡᠮᠴᠢ ᠡᠴᠡ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠵᠠᠰᠠᠬᠤ ᠳ᠋ᠤ᠌ ᠪᠠᠨ ᠥᠪᠡᠷᠮᠢᠴᠡ ᠭᠠᠷ ᠠᠪᠤᠯᠭ᠎ᠠ ᠲᠠᠢ ᠪᠠᠢᠵᠤ ᠮᠣᠩᠭᠣᠯ ᠠᠨᠠᠭᠠᠬᠤ ᠤᠬᠠᠭᠠᠨ ᠤ᠋ ᠪᠦᠬᠦᠯᠢ ᠴᠤᠨᠴᠠ ᠶ᠋ᠢᠨ ᠦᠵᠡᠯᠲᠡ ᠶ᠋ᠢ ᠪᠠᠷᠢᠮᠲᠠᠯᠠᠨ᠂ ᠢᠳᠡᠭᠡᠨ ᠤᠮᠳᠠᠭᠠᠨ᠂ ᠶᠠᠪᠤᠳᠠᠯ ᠮᠥᠷ᠂ ᠡᠮ ᠵᠠᠰᠠᠯ ᠲᠠᠢ ᠬᠠᠪᠰᠤᠷᠭᠠᠵᠤ ᠣᠯᠠᠨ ᠵᠦᠢᠯ ᠦ᠋ᠨ ᠰᠢᠯᠲᠠᠭᠠᠨ ᠠ᠋ᠴᠠ ᠪᠣᠯᠤᠭᠰᠠᠨ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠵᠠᠰᠠᠨ ᠡᠳᠡᠭᠡᠷᠡᠭᠦᠯᠳᠡᠭ᠃ 
[ᠲᠦᠯᠬᠢᠭᠦᠷ ᠦᠭᠡ ] ᠪᠣᠷᠵᠢᠭᠢᠨ ᠡᠷᠳᠡᠨᠢᠴᠤᠭᠲᠤ᠃ ᠰᠥᠰᠥᠨ ᠦ᠌ ᠴᠢᠯᠠᠭᠤᠨ ᠪᠡᠲᠡᠭᠢ ᠡᠮᠴᠢᠯᠡᠭᠡᠨ ᠦ᠌ ᠲᠤᠷᠰᠢᠯᠭ᠎ᠠ 
       ᠰᠥᠰᠥᠨ ᠦ᠌ ᠴᠢᠯᠠᠭᠤᠨ ᠪᠡᠲᠡᠭᠢ ᠪᠣᠯ ᠰᠥᠰᠥᠨ ᠤᠭᠤᠲᠠ ᠪᠤᠶᠤ ᠰᠥᠰᠥᠨ ᠦ᠌ ᠴᠣᠷᠭᠣ ᠳ᠋ᠤ᠌ ᠴᠢᠯᠠᠭᠤᠰᠢᠷᠡᠯ ᠪᠦᠷᠢᠯᠳᠦᠵᠦ ᠲᠣᠭᠲᠠᠭᠰᠠᠨ ᠢ᠋ᠶ᠋ᠠᠷ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠲᠦ᠍ ᠡᠪᠡᠳᠬᠦ ᠰᠢᠩᠭᠡᠭᠡᠯᠲᠡ ᠮᠠᠭᠤᠳᠠᠬᠤ ᠪᠡᠶ᠎ᠡ ᠰᠢᠷᠠᠯᠠᠬᠤ ᠵᠡᠷᠭᠡ ᠰᠢᠨᠵᠢ ᠪᠦᠬᠦᠢ ᠡᠪᠡᠳᠴᠢᠨ ᠢ᠋ ᠬᠡᠯᠡᠨ᠎ᠡ᠃ ᠡᠨᠡ ᠨᠢ ᠧᠦ᠋ᠷᠣᠫᠠ ᠡᠮᠨᠡᠯᠭᠡ ᠳ᠋ᠡᠬᠢ ᠰᠥᠰᠥᠨ ᠦ᠌ ᠴᠢᠯᠠᠭᠤᠰᠢᠷᠡᠯ ᠡᠪᠡᠳᠴᠢᠨ ᠪᠤᠶᠤ ᠰᠥᠰᠥᠨ ᠭᠤᠤᠷᠰᠤᠨ ᠤ᠋ ᠴᠢᠯᠠᠭᠤᠰᠢᠷᠡᠯ ᠡᠪᠡᠳᠴᠢᠨ ᠮᠥᠨ᠃ ᠰᠥᠰᠥᠨ ᠦ᠌ ᠴᠣᠷᠭᠣ ᠳ᠋ᠤ᠌ ᠡᠭᠦᠰᠬᠦ ᠨᠣᠷᠮ᠎ᠠ ᠨᠢ 38% ᠣᠷᠴᠢᠮ᠂ ᠨᠠᠰᠤᠨ ᠳ᠋ᠤ᠌ ᠬᠦᠷᠦᠭᠰᠡᠳ ᠲᠦ᠍ ᠣᠯᠠᠨ ᠲᠣᠬᠢᠶᠠᠯᠳᠤᠵᠤ᠂ 40 ᠨᠠᠰᠤᠨ ᠠ᠋ᠴᠠ ᠳᠡᠭᠡᠭᠰᠢ ᠬᠥᠮᠦᠰ ᠦ᠋ᠨ ᠡᠪᠡᠳᠴᠢᠯᠡᠬᠦ ᠨᠣᠷᠮ᠎ᠠ ᠨᠢ ᠨᠠᠰᠤᠨ ᠤ᠋ ᠡᠠᠬᠢᠴᠡ ᠶ᠋ᠢ ᠳᠠᠭᠠᠯᠳᠤᠨ ᠥᠨᠳᠥᠷᠵᠢᠳᠡᠭ᠃ ᠡᠮᠡᠭᠲᠡᠢᠴᠦᠳ ᠦ᠋ᠨ ᠡᠪᠡᠳᠴᠢᠯᠡᠬᠦ ᠨᠣᠷᠮ᠎ᠠ ᠨᠢ ᠡᠷᠡᠭᠲᠡᠢᠴᠦᠳ ᠡᠴᠡ 2 — 4 ᠳᠠᠬᠢᠨ ᠢᠯᠡᠭᠦᠦ ᠪᠠᠢᠳᠠᠭ᠃ ᠲᠤᠰ ᠡᠪᠡᠳᠴᠢᠨ ᠢ᠋ ᠡᠷᠲᠡᠨ ᠦ᠌ ᠠᠨᠠᠭᠠᠬᠤ ᠤᠬᠠᠭᠠᠨ ᠤ᠋ ᠨᠣᠮ ᠰᠤᠳᠤᠷ ᠲᠤ᠌ ᠶᠡᠷᠦ ᠡᠴᠡ ᠲᠤᠰᠬᠠᠢ ᠡᠪᠡᠳᠴᠢᠨ ᠪᠣᠯᠭᠠᠨ ᠲᠠᠢᠯᠪᠤᠷᠢᠯᠠᠵᠤ ᠥᠩᠭᠡᠷᠡᠭᠰᠡᠨ ᠦᠭᠡᠢ᠃ ᠬᠠᠢᠨ《ᠠᠨᠠᠭᠠᠬᠤ ᠤᠬᠠᠭᠠᠨ ᠤ᠋ ᠳᠥᠷᠪᠡᠨ ᠦᠨᠳᠦᠰᠦ》 ᠳ᠋ᠡᠬᠢ ᠰᠢᠷ᠎ᠠ ᠡᠪᠡᠳᠴᠢᠨ ᠢ᠋ ᠠᠨᠠᠭᠠᠬᠤ ᠪᠦᠯᠦᠭ ᠪᠠ ᠶᠡᠬᠡ ᠠᠷᠬᠠᠭ ᠪᠡᠲᠡᠭᠢ ᠡᠪᠡᠳᠴᠢᠨ ᠢ᠋ ᠵᠠᠰᠠᠬᠤ ᠪᠦᠯᠦᠭ ᠦ᠋ᠨ《ᠰᠥᠰᠥᠨ ᠦ᠌ ᠰᠢᠷ᠎ᠠ ᠶ᠋ᠢᠨ ᠪᠡᠲᠡᠭᠢ》ᠵᠡᠷᠭᠡ ᠡᠪᠡᠳᠴᠢᠨ ᠨᠦ᠍ᠭᠦᠳ ᠦ᠋ᠨ ᠳᠣᠲᠣᠷ᠎ᠠ ᠰᠢᠨᠵᠢ ᠲᠡᠮᠳᠡᠭ ᠦ᠋ᠨ ᠬᠤᠪᠢ ᠪᠠᠷ ᠲᠡᠮᠳᠡᠭᠯᠡᠵᠦ ᠪᠠᠢᠪᠠ᠃ ᠣᠳᠣ ᠶ᠋ᠢᠨ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠬᠥᠮᠦᠰ ᠦ᠋ᠨ ᠠᠵᠢᠯ ᠠᠮᠢᠳᠤᠷᠠᠯ ᠤ᠋ᠨ ᠳᠠᠷᠤᠭᠠᠰᠤ ᠬᠦᠨᠳᠦᠷᠡᠵᠦ᠂ ᠢᠳᠡᠭᠡᠨ ᠤᠮᠳᠠᠭᠠᠨ ᠤ᠋ ᠲᠠᠯ᠎ᠠ ᠪᠠᠷ ᠪᠣᠬᠢᠷᠲᠤᠯ ᠲᠠᠢ ᠢᠳᠡᠭᠡᠨ ᠤᠮᠳᠠᠭᠠᠨ ᠢ᠋ ᠢᠯᠡᠭᠦᠦ ᠡᠳ᠋ᠯᠡᠭᠰᠡᠨ ᠪᠤᠶᠤ ᠢᠳᠡᠭᠡᠨ ᠤᠮᠳᠠᠭᠠᠨ ᠢ᠋ᠶ᠋ᠠᠨ ᠴᠠᠭ ᠪᠤᠰᠤ ᠪᠠᠷ᠂ ᠵᠢᠮ᠎ᠡ ᠶᠣᠰᠣ ᠦᠭᠡᠢ ᠪᠡᠷ ᠡᠳ᠋ᠯᠡᠵᠦ ᠵᠠᠩᠰᠢᠭᠰᠠᠨ᠂ ᠶᠠᠪᠤᠳᠠᠯ ᠮᠥᠷ ᠦ᠋ᠨ ᠲᠠᠯ᠎ᠠ ᠪᠠᠷ ᠠᠵᠢᠯᠯᠠᠵᠤ ᠠᠮᠠᠷᠠᠬᠤ ᠨᠢ ᠲᠡᠭᠰᠢ ᠪᠤᠰᠤ᠂ ᠰᠥᠨᠢᠵᠢᠨ ᠠᠵᠢᠯᠯᠠᠬᠤ ᠪᠤᠶᠤ ᠨᠠᠭᠠᠳᠬᠤ ᠵᠡᠷᠭᠡ ᠨᠥᠬᠥᠴᠡᠯ ᠡᠴᠡ ᠪᠣᠯᠵᠤ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠳ᠋ᠦ᠍ ᠨᠡᠷᠪᠡᠭᠳᠡᠵᠦ ᠪᠠᠢᠭ᠎ᠠ ᠬᠥᠮᠦᠰ ᠡᠳᠦᠷ ᠢᠷᠡᠬᠦᠶ᠎ᠡ ᠣᠯᠠᠰᠢᠷᠠᠵᠤ ᠪᠠᠢᠨ᠎ᠠ᠃ ᠲᠤᠰ ᠡᠪᠡᠳᠴᠢᠨ ᠢ᠋ ᠴᠠᠭ ᠲᠤᠬᠠᠢ ᠳ᠋ᠤ᠌ ᠨᠢ ᠲᠤᠢᠯᠪᠤᠷᠢᠲᠠᠢ ᠡᠮᠴᠢᠯᠡᠬᠦ ᠦᠭᠡᠢ ᠪᠣᠯ ᠮᠢᠬ᠎ᠠ ᠠᠷᠠᠰᠤ ᠰᠢᠷᠠᠯᠠᠬᠤ ᠪᠤᠶᠤ ᠨᠢᠳᠦ ᠰᠢᠷᠠᠯᠠᠬᠤ ᠡᠰᠡᠬᠦᠯ᠎ᠡ ᠡᠪᠡᠳᠴᠢᠨ ᠦ᠌ ᠪᠠᠢᠳᠠᠯ ᠬᠦᠨᠳᠦᠷᠡᠵᠦ ᠪᠡᠶ᠎ᠡ ᠬᠠᠷᠠᠯᠠᠬᠤ ᠰᠢᠷ᠎ᠠ ᠡᠪᠡᠳᠴᠢᠨ ᠪᠣᠯᠵᠤ ᠠᠮᠢ ᠨᠠᠰᠤᠨ ᠳ᠋ᠤ᠌ ᠬᠣᠬᠢᠷᠠᠯ ᠤᠴᠠᠷᠠᠭᠤᠯᠬᠤ ᠪᠣᠯᠣᠮᠵᠢᠲᠠᠢ [1]᠃ 
1. ᠰᠢᠯᠲᠠᠭᠠᠨ ᠨᠥᠬᠥᠴᠡᠯ ᠪᠠ ᠡᠪᠡᠳᠴᠢᠨ ᠦ᠌ ᠵᠦᠢ 
       ᠬᠡᠢ ᠰᠢᠷ᠎ᠠ ᠶ᠋ᠢᠨ ᠬᠢᠮᠤᠷᠠᠯ ᠪᠣᠯ ᠲᠤᠰ ᠡᠪᠡᠳᠴᠢᠨ ᠦ᠌ ᠭᠣᠣᠯ ᠰᠢᠯᠲᠠᠭᠠᠨ ᠪᠣᠯᠤᠨ᠎ᠠ᠃ ᠭᠣᠣᠯᠳᠠᠭᠤ ᠥᠭᠡᠬᠦ ᠲᠣᠰᠣ᠂ ᠠᠷᠢᠬᠢ ᠲᠠᠮᠠᠬᠢ ᠵᠡᠷᠭᠡ ᠶ᠋ᠢᠨ ᠬᠤᠷᠴᠠ ᠬᠠᠯᠭᠤᠨ ᠵᠦᠢᠯ ᠢ᠋ ᠬᠡᠲᠦᠷᠡᠭᠦᠯᠬᠦ᠂ ᠬᠦᠢᠲᠡᠨ ᠲᠦᠭᠦᠬᠡᠢ ᠡᠪᠳᠡᠷᠡᠭᠰᠡᠨ ᠢᠳᠡᠭᠡᠨ ᠤᠮᠳᠠᠭᠠᠨ ᠢ᠋ ᠢᠳᠡᠵᠦ ᠤᠤᠭᠤᠬᠤ᠂ ᠠᠭᠤᠷᠯᠠᠵᠤ ᠪᠠᠴᠢᠮᠳᠠᠨ᠂ ᠰᠡᠳᠬᠢᠯ ᠭᠤᠲᠤᠷᠠᠬᠤ᠂ ᠪᠡᠶ᠎ᠡ ᠵᠦᠳᠡᠷᠡᠬᠦ᠂ ᠨᠠᠰᠤ ᠠᠬᠢᠬᠤ᠂ ᠴᠠᠭ ᠤ᠋ᠨ ᠬᠣᠭᠣᠯᠠ ᠪᠠᠨ ᠴᠠᠭ ᠲᠤ᠌ ᠪᠠᠨ ᠢᠳᠡᠬᠦ ᠦᠭᠡᠢ᠂ ᠰᠥᠨᠢ ᠤᠨᠲᠠᠵᠤ ᠠᠮᠠᠷᠠᠬᠤ ᠦᠭᠡᠢ ᠵᠡᠷᠭᠡ ᠡᠴᠡ ᠪᠣᠯᠵᠤ ᠮᠠᠬᠠᠪᠣᠳ ᠲᠠᠮᠢᠷ ᠤ᠋ᠨ ᠬᠠᠷᠢᠴᠠᠩᠭᠤᠢ ᠲᠡᠩᠴᠡᠭᠦᠷᠢ ᠠᠯᠳᠠᠭᠳᠠᠬᠤ ᠶ᠋ᠢ ᠳᠠᠭᠠᠯᠳᠤᠨ ᠰᠥᠰᠥᠨ ᠦ᠌ ᠣᠷᠣᠨ ᠳ᠋ᠠᠬᠢ ᠬᠤᠪᠢᠶᠠᠷᠢ ᠢᠯᠴᠢ ᠳᠣᠷᠣᠢᠲᠠᠭᠰᠠᠨ ᠠ᠋ᠴᠠ ᠰᠥᠰᠥᠨ ᠣᠷᠣᠨ ᠳ᠋ᠠᠬᠢ ᠲᠤᠩᠭᠠᠯᠠᠭ ᠴᠥᠪ ᠦ᠋ᠨ ᠢᠯᠭᠠᠷᠠᠯᠲᠠ ᠮᠠᠭᠤᠳᠠᠵᠤ᠂ ᠲᠤᠩᠭᠠᠯᠠᠭ ᠡᠰᠡ ᠰᠢᠩᠭᠡᠵᠦ ᠡᠭᠦᠰᠦᠭᠰᠡᠨ ᠪᠤᠯᠠᠩᠭᠢᠷᠲᠤ ᠪᠣᠳᠠᠰ ᠨᠢ ᠰᠥᠰᠥᠨ ᠤᠭᠤᠲᠠ ᠪᠤᠶᠤ ᠴᠣᠷᠭᠣ ᠳ᠋ᠤ᠌ ᠬᠤᠷᠠᠮᠳᠤᠨ ᠲᠣᠭᠲᠠᠵᠤ᠂ ᠬᠡᠢ ᠪᠡᠷ ᠪᠥᠭᠡᠮᠨᠡᠷᠡᠨ ᠬᠤᠢᠯᠠᠷᠠᠭᠠᠳ ᠰᠢᠷ᠎ᠠ ᠶ᠋ᠢᠨ ᠬᠠᠯᠭᠤᠨ ᠤ᠋ ᠢᠯᠴᠢ ᠪᠡᠷ ᠬᠠᠲᠠᠭᠤᠷᠠᠨ ᠴᠢᠯᠠᠭᠤᠨ ᠪᠡᠲᠡᠭᠢ ᠪᠣᠯᠳᠠᠭ᠃ ᠡᠭᠦᠨ ᠡᠴᠡ ᠭᠠᠳᠠᠨ᠎ᠠ ᠪᠣᠷᠵᠢᠭᠢᠨ ᠡᠷᠳᠡᠨᠢᠴᠤᠭᠲᠤ ᠡᠮᠴᠢ ᠶ᠋ᠢᠨ ᠡᠮᠴᠢᠯᠡᠭᠡᠨ ᠦ᠌ ᠦᠢᠯᠡᠳᠦᠯᠭᠡ ᠳᠤᠮᠳᠠ ᠬᠤᠷᠠᠮᠳᠤᠭᠤᠯᠤᠭᠰᠠᠨ ᠢ᠋ᠶ᠋ᠠᠷ ᠲᠠᠪᠤᠨ ᠨᠠᠰᠤᠲᠠᠢ ᠬᠡᠦᠬᠡᠳ ᠪᠠᠰᠠ ᠰᠥᠰᠥᠨ ᠦ᠌ ᠴᠢᠯᠠᠭᠤᠨ ᠪᠡᠲᠡᠭᠢ ᠡᠭᠦᠰᠦᠭᠰᠡᠨ ᠮᠥᠷᠲᠡᠭᠡᠨ ᠣᠯᠠᠩᠬᠢ ᠡᠪᠡᠳᠴᠢᠲᠡᠨ ᠦ᠌ ᠳᠡᠭᠡᠷ᠎ᠡ ᠦᠶ᠎ᠡ ᠶ᠋ᠢᠨ ᠬᠥᠮᠦᠰ ᠴᠥᠮ ᠰᠥᠰᠥᠨ ᠦ᠌ ᠴᠢᠯᠠᠭᠤᠨ ᠪᠡᠲᠡᠭᠢ ᠣᠯᠵᠤ ᠥᠩᠭᠡᠷᠡᠭᠰᠡᠨ ᠲᠡᠦᠬᠡ ᠲᠡᠢ᠂ ᠡᠢᠮᠦ ᠡᠴᠡ ᠤᠳᠤᠮᠰᠢᠯ ᠪᠠᠰᠠ ᠲᠤᠰ ᠡᠪᠡᠳᠴᠢᠨ ᠦ᠌ ᠭᠣᠣᠯ ᠰᠢᠯᠲᠠᠭᠠᠨ ᠪᠣᠯᠤᠨ᠎ᠠ ᠭᠡᠪᠡ᠃ 
2. ᠵᠦᠢᠯ ᠢᠯᠭᠠᠯ ᠪᠠ ᠰᠢᠨᠵᠢ ᠲᠡᠮᠳᠡᠭ 
       ᠡᠷᠲᠡᠨ ᠦ᠌ ᠮᠣᠩᠭᠣᠯ ᠠᠨᠠᠭᠠᠬᠤ ᠤᠬᠠᠭᠠᠨ ᠳ᠋ᠤ᠌ ᠲᠤᠰ ᠡᠪᠡᠳᠴᠢᠨ ᠢ᠋ ᠲᠡᠮᠳᠡᠭᠯᠡᠭᠰᠡᠨ ᠦᠭᠡᠢ ᠮᠥᠷᠲᠡᠭᠡᠨ ᠰᠢᠷ᠎ᠠ ᠪᠣᠯ ᠲᠤᠰ ᠡᠪᠡᠳᠴᠢᠨ ᠦ᠌ ᠦᠨᠳᠦᠰᠦ ᠰᠢᠯᠲᠠᠭᠠᠨ ᠪᠣᠯᠬᠣᠷ ᠲᠤᠰ ᠡᠪᠡᠳᠴᠢᠨ ᠢ᠋ ᠮᠠᠬᠠᠪᠣᠳ ᠤ᠋ᠨ ᠲᠠᠯ᠎ᠠ ᠪᠠᠷ ᠵᠦᠢᠯ ᠢᠯᠭᠠᠭᠰᠠᠨ ᠦᠭᠡᠢ᠃ ᠣᠳᠣᠬᠠᠨ ᠳ᠋ᠤ᠌ ᠭᠣᠣᠯᠳᠠᠭᠤ ᠣᠷᠴᠢᠨ ᠴᠠᠭ ᠤ᠋ᠨ ᠡᠮᠨᠡᠯᠭᠡ ᠶ᠋ᠢᠨ B ᠬᠡᠳᠦ ᠳᠠᠭᠤᠨ ᠳᠣᠯᠭᠢᠶᠠᠨ ᠢ᠋ ᠠᠰᠢᠭᠯᠠᠵᠤ᠂ ᠰᠥᠰᠥᠨ ᠤᠭᠤᠲᠠᠨ ᠳ᠋ᠠᠬᠢ ᠡᠰᠡ ᠬᠥᠳᠡᠯᠬᠦ ᠴᠢᠯᠠᠭᠤᠨ ᠪᠡᠲᠡᠭᠢ᠂ ᠰᠥᠰᠥᠨ ᠤᠭᠤᠲᠠᠨ ᠳ᠋ᠠᠬᠢ ᠬᠥᠳᠡᠯᠬᠦ ᠴᠢᠯᠠᠭᠤᠨ ᠪᠡᠲᠡᠭᠢ᠂ ᠰᠥᠰᠥᠨ ᠴᠣᠷᠭᠣ ᠳ᠋ᠠᠬᠢ ᠴᠢᠯᠠᠭᠤᠨ ᠪᠡᠲᠡᠭᠢ ᠭᠡᠵᠦ ᠭᠤᠷᠪᠠ ᠬᠤᠪᠢᠶᠠᠳᠠᠭ᠃ ᠡᠭᠦᠨ ᠳ᠋ᠦ᠍ ᠰᠥᠰᠥᠨ ᠤᠭᠤᠲᠠᠨ ᠳ᠋ᠠᠬᠢ ᠡᠰᠡ ᠬᠥᠳᠡᠯᠬᠦ ᠴᠢᠯᠠᠭᠤᠨ ᠪᠡᠲᠡᠭᠢ ᠪᠣᠯ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠲᠦ᠍ ᠡᠪ ᠦᠭᠡᠢᠷᠡᠬᠦ ᠪᠤᠶᠤ ᠵᠠᠷᠢᠮ ᠳ᠋ᠤ᠌ ᠪᠠᠨ ᠠᠮᠠ ᠭᠠᠰᠢᠭᠤᠷᠠᠬᠤ᠂ ᠠᠮᠠ ᠬᠠᠲᠠᠬᠤ᠂ ᠰᠢᠩᠭᠡᠭᠡᠯᠲᠡ ᠲᠡᠭᠰᠢ ᠦᠭᠡᠢ ᠪᠣᠯᠬᠤ ᠰᠢᠨᠵᠢ ᠢᠯᠡᠷᠡᠯ ᠡᠭᠦᠰᠬᠦ ᠪᠤᠶᠤ ᠰᠢᠨᠵᠢ ᠢᠯᠡᠷᠡᠯ ᠦᠭᠡᠢ᠃ ᠰᠥᠰᠥᠨ ᠤᠭᠤᠲᠠᠨ ᠳ᠋ᠠᠬᠢ ᠬᠥᠳᠡᠯᠬᠦ ᠴᠢᠯᠠᠭᠤᠨ ᠪᠡᠲᠡᠭᠢ ᠪᠣᠯ ᠥᠨᠳᠡᠭᠡ ᠭᠣᠭᠣᠳ ᠥᠭᠡᠬᠦ ᠲᠣᠰᠣ ᠵᠡᠷᠭᠡ ᠢᠳᠡᠭᠡᠨ ᠢᠳᠡᠬᠦ᠂ ᠪᠡᠶ᠎ᠡ ᠶᠠᠳᠠᠷᠠᠬᠤ ᠵᠡᠷᠭᠡ ᠪᠡᠷ ᠰᠢᠯᠵᠢᠨ ᠬᠥᠳᠡᠯᠵᠦ᠂ ᠬᠡᠪᠡᠯᠢ ᠶ᠋ᠢᠨ ᠪᠠᠷᠠᠭᠤᠨ ᠳᠡᠭᠡᠷ᠎ᠡ ᠬᠡᠰᠡᠭ ᠪᠣᠯᠤᠨ ᠪᠠᠷᠠᠭᠤᠨ ᠰᠦᠪᠡᠭᠡ ᠭᠡᠳᠡᠰᠦᠨ ᠦ᠌ ᠳᠣᠣᠷ᠎ᠠ ᠬᠡᠰᠡᠭ ᠢ᠋ᠶ᠋ᠡᠷ ᠴᠣᠴᠢᠮᠠᠭ ᠢ᠋ᠶ᠋ᠠᠷ ᠡᠪᠡᠳᠬᠦ᠂ ᠴᠢᠯᠠᠭᠤᠨ ᠪᠡᠲᠡᠭᠢ ᠨᠢ ᠬᠥᠳᠡᠯᠵᠦ ᠰᠥᠰᠥᠨ ᠤᠭᠤᠲᠠᠨ ᠤ᠋ ᠬᠦᠵᠦᠭᠦᠦ ᠶ᠋ᠢᠨ ᠬᠡᠰᠡᠭ ᠲᠦ᠍ ᠪᠥᠭᠯᠡᠷᠡᠪᠡᠯ ᠠᠶᠤᠤᠯᠢᠬᠠᠢ ᠪᠠ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠢ᠋ᠶ᠋ᠡᠷ ᠰᠦᠷᠡᠬᠡᠢ ᠰᠢᠷᠦᠭᠦᠨ ᠪᠠᠵᠠᠯᠠᠨ ᠡᠪᠡᠳᠬᠦ᠂ ᠬᠠᠮᠲᠤ ᠳ᠋ᠤ᠌ ᠨᠢ ᠪᠠᠷᠠᠭᠤᠨ ᠳᠠᠯᠤ ᠮᠥᠷᠥ ᠵᠦᠭ ᠬᠠᠷᠪᠤᠵᠤ ᠡᠪᠡᠳᠦᠨ᠂ ᠪᠡᠶ᠎ᠡ ᠪᠡᠨ ᠬᠥᠳᠡᠯᠭᠡᠬᠦ ᠳ᠋ᠦ᠍ ᠡᠪᠡᠷᠰᠢᠶᠡᠯ ᠨᠢ ᠨᠡᠮᠡᠭᠳᠡᠵᠦ᠂ ᠪᠥᠭᠡᠯᠵᠢᠰᠦ ᠬᠤᠳᠬᠤᠬᠤ ᠪᠤᠶᠤ ᠰᠢᠷ᠎ᠠ ᠨᠣᠭᠣᠭᠠᠨ ᠥᠩᠭᠡᠲᠡᠢ ᠵᠦᠢᠯ ᠢ᠋ᠶ᠋ᠡᠷ ᠪᠥᠭᠡᠯᠵᠢᠵᠦ᠂ ᠵᠠᠷᠢᠮ ᠨᠢ ᠲᠡᠰᠬᠦᠶ᠎ᠡ ᠪᠡᠷᠬᠡ ᠡᠪᠡᠳᠬᠦ ᠳ᠋ᠦ᠍ ᠪᠡᠨ ᠪᠥᠭᠴᠥᠢᠵᠦ ᠥᠩᠬᠥᠷᠢᠳᠦᠨ ᠰᠠᠨᠳᠤᠷᠬᠤ᠂ ᠪᠦᠬᠦ ᠪᠡᠶ᠎ᠡ ᠡᠪ ᠦᠭᠡᠢ ᠪᠣᠯᠵᠤ ᠳᠠᠭᠠᠷᠠᠳᠠᠰᠤ ᠬᠦᠷᠴᠦ ᠪᠡᠶ᠎ᠡ ᠬᠠᠯᠠᠭᠤᠷᠠᠬᠤ ᠰᠢᠨᠵᠢ ᠢᠯᠡᠷᠡᠨ᠎ᠡ [2]᠃ ᠬᠡᠷᠪᠡ ᠤᠷᠲᠤ ᠬᠤᠭᠤᠴᠠᠭ᠎ᠠ ᠪᠥᠭᠯᠡᠷᠡᠪᠡᠯ ᠡᠪᠡᠷᠰᠢᠶᠡᠯ ᠨᠢ ᠤᠯᠠᠮ ᠶᠡᠬᠡᠳᠴᠦ ᠨᠢᠳᠦ ᠪᠡᠶ᠎ᠡ ᠨᠢ ᠰᠢᠷᠠᠯᠠᠬᠤ ᠪᠠ ᠵᠠᠷᠢᠮ ᠤ᠋ᠨ ᠬᠢᠨ ᠨᠢ ᠥᠳᠬᠡᠨ ᠮᠥᠷ ᠨᠢ ᠴᠠᠢᠪᠤᠷ ᠪᠣᠯᠳᠠᠭ᠃ ᠰᠥᠰᠥᠨ ᠴᠣᠷᠭᠣ ᠳ᠋ᠠᠬᠢ ᠴᠢᠯᠠᠭᠤᠨ ᠪᠡᠲᠡᠭᠢ ᠶ᠋ᠢᠨ ᠡᠪᠡᠳᠴᠢᠨ ᠦ᠌ ᠡᠭᠦᠰᠦᠯᠲᠡ ᠬᠥᠭᠵᠢᠯᠲᠡ ᠨᠢ ᠤᠳᠠᠭᠠᠨ᠂ ᠣᠯᠠᠩᠬᠢ ᠳ᠋ᠤ᠌ ᠪᠠᠨ ᠰᠥᠰᠥᠨ ᠴᠣᠷᠭᠣ ᠶ᠋ᠢᠨ ᠬᠠᠨᠠᠨ ᠳᠡᠭᠡᠷ᠎ᠡ ᠤᠷᠲᠤ ᠬᠤᠭᠤᠴᠠᠭ᠎ᠠ ᠪᠠᠷ ᠨᠠᠭᠠᠯᠳᠤᠵᠤ᠂ ᠡᠴᠦᠰ ᠲᠦ᠍ ᠪᠡᠨ ᠪᠥᠭᠯᠡᠷᠡᠨ᠎ᠡ᠃ ᠡᠪᠡᠳᠴᠢᠨ ᠦ᠌ ᠶᠠᠪᠤᠴᠠ ᠳ᠋ᠤ᠌ ᠵᠠᠪᠰᠠᠷᠯᠠᠭ᠎ᠠ ᠶ᠋ᠢᠨ ᠴᠢᠨᠠᠷᠲᠠᠢ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠢ᠋ᠶ᠋ᠡᠷ ᠡᠪ ᠦᠭᠡᠢᠷᠡᠬᠦ ᠪᠤᠶᠤ ᠠᠮᠠ ᠭᠠᠰᠢᠭᠤᠷᠠᠵᠤ᠂ ᠰᠢᠩᠭᠡᠭᠡᠯᠲᠡ ᠮᠠᠭᠤᠳᠠᠵᠤ᠂ ᠠᠷᠠᠰᠤ ᠬᠥᠷᠥᠰᠥ ᠪᠤᠶᠤ ᠨᠢᠳᠦ ᠨᠢ ᠠᠭᠠᠵᠢᠮ ᠢ᠋ᠶ᠋ᠠᠷ ᠰᠢᠷᠠᠯᠠᠬᠤ ᠰᠢᠨᠵᠢ ᠢᠯᠡᠷᠡᠳᠡᠭ᠃ ᠡᠴᠦᠰ ᠲᠦ᠍ ᠪᠡᠨ ᠰᠥᠰᠥᠨ ᠦ᠌ ᠭᠤᠤᠷᠰᠤ ᠶ᠋ᠢ ᠪᠦᠷᠢᠮᠦᠰᠦᠨ ᠪᠥᠭᠯᠡᠪᠡᠯ ᠰᠠᠶᠢ ᠡᠪᠡᠷᠰᠢᠶᠡᠯ ᠨᠢ ᠶᠡᠬᠡᠳᠡᠵᠦ᠂ ᠨᠢᠳᠦ ᠪᠡᠶ᠎ᠡ ᠶ᠋ᠢᠨ ᠰᠢᠷᠠᠯᠠᠬᠤ ᠨᠢ ᠬᠦᠨᠳᠦᠷᠡᠨ᠂ ᠢᠯᠠᠩᠭᠤᠶ᠎ᠠ ᠨᠢᠳᠦ ᠪᠡᠶ᠎ᠡ ᠨᠢ ᠨᠣᠭᠣᠭᠠᠷᠠᠬᠤ ᠰᠢᠨᠵᠢ ᠢᠯᠡᠷᠡᠳᠡᠭ᠃ 
3. ᠡᠮᠴᠢᠯᠡᠭᠡ 
3.1 ᠵᠠᠰᠠᠬᠤ ᠵᠠᠷᠴᠢᠮ 
       ᠡᠪᠡᠳᠴᠢᠨ ᠦ᠌ ᠰᠢᠨᠵᠢ ᠢᠯᠡᠷᠡᠯ᠂ B ᠬᠡᠳᠦ ᠳᠠᠭᠤᠨ ᠳᠣᠯᠭᠢᠶᠠᠨ ᠢ᠋ ᠠᠰᠢᠭᠯᠠᠵᠤ ᠴᠢᠯᠠᠭᠤᠨ ᠪᠡᠲᠡᠭᠢ ᠶ᠋ᠢᠨ ᠶᠡᠬᠡ ᠪᠠᠭ᠎ᠠ᠂ ᠣᠷᠣᠰᠢᠬᠤ ᠣᠷᠣᠨ ᠪᠠ ᠬᠥᠳᠡᠯᠬᠦ ᠡᠰᠡᠬᠦ ᠲᠡᠢ ᠤᠶᠠᠯᠳᠤᠭᠤᠯᠤᠨ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠰᠠᠢᠵᠢᠷᠠᠭᠤᠯᠵᠤ᠂ ᠢᠯᠴᠢ ᠶ᠋ᠢ ᠲᠡᠭᠰᠢᠳᠬᠡᠨ᠂ ᠪᠡᠲᠡᠭᠢ ᠶ᠋ᠢ ᠬᠠᠢᠯᠤᠭᠤᠯᠤᠨ ᠬᠠᠲᠠᠭᠠᠬᠤ ᠪᠤᠶᠤ ᠡᠪᠳᠡᠯᠡᠵᠦ ᠭᠠᠷᠭᠠᠬᠤ ᠶ᠋ᠢ ᠡᠪᠡᠳᠴᠢᠨ ᠦ᠌ ᠪᠣᠳᠠᠲᠤ ᠪᠠᠢᠳᠠᠯ ᠲᠠᠢ ᠤᠶᠠᠯᠳᠤᠭᠤᠯᠵᠤ ᠵᠠᠰᠠᠬᠤ ᠵᠠᠷᠴᠢᠮ ᠢ᠋ ᠪᠠᠷᠢᠮᠲᠠᠯᠠᠳᠠᠭ᠃ 
3.2 ᠡᠮ ᠨᠠᠢᠷᠠᠯᠭ᠎ᠠ ᠶ᠋ᠢᠨ ᠡᠮᠴᠢᠯᠡᠭᠡ 
       ᠶᠡᠷᠦᠩᠬᠡᠢ ᠳ᠋ᠦ᠍ ᠨᠢ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠰᠠᠢᠵᠢᠷᠠᠭᠤᠯᠬᠤ ᠪᠠᠷ ᠲᠤᠩᠭᠠᠯᠠᠭ— 5 ᠶ᠋ᠢ ᠂ ᠰᠢᠷ᠎ᠠ ᠶ᠋ᠢᠨ ᠬᠠᠯᠠᠭᠤᠨ ᠢ᠋ ᠠᠷᠢᠯᠭᠠᠬᠤ ᠳ᠋ᠤ᠌ ᠴᠠᠭᠠᠨ ᠪᠣᠩ ᠠ— 13 ᠶ᠋ᠢ᠂ ᠪᠡᠲᠡᠭᠢ ᠶ᠋ᠢ ᠡᠪᠡᠳᠬᠦ ᠳ᠋ᠦ᠍ ᠭᠠᠯ ᠱᠡᠦ— 11 ᠬᠢᠭᠡᠳ ᠢᠪᠠᠤᠬᠠᠢ —10 ᠶ᠋ᠢ ᠪᠣᠳᠠᠲᠤ ᠪᠠᠢᠳᠠᠯ ᠲᠠᠢ ᠤᠶᠠᠯᠳᠤᠭᠤᠯᠵᠤ ᠰᠣᠩᠭᠣᠵᠤ ᠬᠡᠷᠡᠭᠯᠡᠨ᠎ᠡ᠃ ᠬᠠᠮᠲᠤ ᠳ᠋ᠤ᠌ ᠨᠢ ᠭᠠᠷᠠᠭ ᠲᠤ᠌ ᠨᠢᠭᠡ ᠤᠳᠠᠭ᠎ᠠ ᠡᠪᠡᠳᠴᠢᠲᠡᠨ ᠦ᠌ ᠪᠡᠶ᠎ᠡ ᠶ᠋ᠢᠨ ᠲᠠᠮᠢᠷ ᠢ᠋ ᠠᠩᠬᠠᠷᠴᠤ᠂ ᠭᠢᠰᠢᠭᠦᠨ᠎ᠡ᠂ ᠴᠠᠰᠤᠨ ᠱᠡᠦ᠂ ᠲᠤᠩᠰᠠ(ᠨᠣᠮᠣᠬᠠᠳᠬᠠᠭᠰᠠᠨ)  ᠶᠢᠨ ᠬᠤᠪᠢ ᠰᠠᠴᠠᠭᠤ ᠳᠠᠩ ᠪᠤᠶᠤ ᠠᠮᠤᠷ —6 ᠪᠠᠷ ᠵᠥᠭᠡᠯᠡᠨ ᠳᠣᠭᠣᠯᠭᠠᠨ᠎ᠠ᠃ ᠬᠡᠪᠡᠯᠢ ᠬᠥᠭᠡᠵᠦ ᠰᠢᠩᠭᠡᠭᠡᠯᠲᠡ ᠮᠠᠭᠤ ᠪᠣᠯ ᠪᠦᠲᠦᠭᠡᠯᠴᠢ —5 ᠂ ᠠᠯᠲᠠᠨ ᠠᠷᠤᠷ᠎ᠠ —5 ᠂ ᠬᠠᠷ᠎ᠠ ᠭᠠᠪᠤᠷ — 10 ᠠ᠋ᠴᠠ ᠰᠣᠩᠭᠣᠵᠤ ᠨᠡᠮᠡᠷᠢᠯᠡᠵᠦ ᠥᠭᠭᠦᠨ᠎ᠡ᠃ ᠠᠮᠠ ᠭᠠᠰᠢᠭᠤᠷᠠᠬᠤ ᠨᠢ ᠶᠡᠬᠡ ᠪᠣᠯ ᠶᠡᠬᠡ ᠬᠠᠷ᠎ᠠ — 12 ᠢ᠋ ᠨᠡᠮᠡᠷᠢᠯᠡᠨ᠎ᠡ᠃ ᠡᠪᠡᠳᠬᠦ ᠨᠢ ᠶᠡᠬᠡ ᠪᠣᠯ ᠭᠠᠷᠤᠳᠢ — 5 ᠪᠤᠶᠤ ᠪᠠᠭᠠᠲᠤᠷ —7 ᠤ᠋ ᠳᠡᠭᠡᠷ᠎ᠡ ᠷᠦᠳᠠ— 6 ᠶ᠋ᠢ ᠨᠡᠮᠡᠷᠢᠯᠡᠵᠦ ᠥᠭᠭᠦᠨ᠎ᠡ᠃ ᠳᠡᠭᠡᠷᠡᠬᠢ ᠡᠮ ᠦ᠋ᠨ ᠳᠡᠭᠡᠷ᠎ᠡ ᠪᠠᠭᠠᠪᠠᠭᠠᠢ ᠶ᠋ᠢᠨ ᠰᠥᠰᠥ ᠶ᠋ᠢ ᠨᠡᠮᠡᠷᠢᠯᠡᠬᠦ ᠪᠤᠶᠤ ᠧᠦ᠋ᠷᠣᠫᠠ ᠡᠮ ᠦ᠋ᠨ ᠰᠢᠶᠦ᠋ᠩ ᠴᠢᠦᠢ ᠶᠠᠩ ᠳ᠋ᠠᠨ ᠰᠤᠸᠠᠨ ᠢ᠋ ᠨᠡᠮᠡᠷᠢᠯᠡᠵᠦ ᠥᠭᠪᠡᠯ ᠰᠠᠢᠨ᠃ ᠡᠪᠡᠳᠴᠢᠨ ᠦ᠌ ᠶᠠᠪᠤᠴᠠ ᠳ᠋ᠤ᠌ ᠡᠪᠡᠳᠬᠦ ᠨᠢ ᠰᠦᠷᠡᠬᠡᠢ ᠪᠠᠢᠵᠤ ᠪᠠᠴᠢᠮ ᠪᠠᠢᠳᠠᠯ ᠭᠠᠷᠪᠠᠯ ᠧᠦ᠋ᠷᠣᠫᠠ ᠡᠮ ᠦ᠋ᠨ 6542 (ᠱᠠᠨ ᠯᠠᠩ ᠳ᠋ᠠᠩ ᠵᠢᠶᠠᠨ) ᠪᠤᠶᠤ ᠠᠲ᠋ᠷᠤᠫᠢᠨ ᠢ᠋ ᠤᠤᠭᠤᠯᠭᠠᠬᠤ ᠪᠤᠶᠤ ᠪᠤᠯᠴᠢᠩ ᠳ᠋ᠤ᠌ ᠲᠠᠷᠢᠯᠭ᠎ᠠ ᠲᠠᠷᠢᠵᠤ ᠡᠪᠡᠳᠬᠦ ᠶ᠋ᠢ ᠨᠠᠮᠳᠠᠭᠠᠬᠤ ᠬᠡᠷᠡᠭᠲᠡᠢ᠃ 
3.3 ᠵᠠᠰᠠᠯ ᠤ᠋ᠨ ᠡᠮᠴᠢᠯᠡᠭᠡ 
       ᠪᠣᠷᠵᠢᠭᠢᠨ ᠡᠷᠳᠡᠨᠢᠴᠤᠭᠲᠤ ᠡᠮᠴᠢ ᠡᠴᠡ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠡᠮᠴᠢᠯᠡᠬᠦ ᠳ᠋ᠦ᠍ ᠤᠯᠠᠮᠵᠢᠯᠠᠯᠲᠤ ᠵᠠᠰᠠᠯ ᠤ᠋ᠨ ᠲᠠᠯ᠎ᠠ ᠪᠠᠷ ᠥᠪᠡᠷ ᠦ᠋ᠨ ᠭᠠᠷ ᠠᠪᠤᠯᠭ᠎ᠠ ᠲᠠᠢ ᠮᠥᠷᠲᠡᠭᠡᠨ ᠪᠦᠯᠢᠶᠡᠨ ᠠᠯᠲᠠᠨ ᠵᠡᠭᠦᠦ ᠪᠠ ᠬᠠᠨᠠᠬᠤ ᠵᠠᠰᠠᠯ ᠢ᠋ ᠬᠠᠪᠰᠤᠷᠭᠠᠵᠤ ᠮᠠᠰᠢ ᠣᠯᠠᠨ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠡᠮᠨᠡᠨ ᠡᠳᠡᠭᠡᠷᠡᠭᠦᠯᠦᠭᠰᠡᠨ ᠪᠠᠢᠨ᠎ᠠ᠃ ᠪᠣᠷᠵᠢᠭᠢᠨ ᠡᠷᠳᠡᠨᠢᠴᠤᠭᠲᠤ ᠡᠮᠴᠢ ᠡᠴᠡ ᠭᠣᠣᠯᠳᠠᠭᠤ ᠠᠶᠤᠤᠯᠢᠬᠠᠢ ᠶ᠋ᠢᠨ ᠪᠠᠯᠴᠢᠷ᠂ ᠪᠡᠲᠡᠭᠢ ᠶ᠋ᠢᠨ ᠪᠠᠯᠴᠢᠷ᠂ ᠨᠢᠷᠤᠭᠤᠨ ᠤ᠋ ᠶᠢᠰᠦᠳᠦᠭᠡᠷ ᠦᠶ᠎ᠡ ᠶ᠋ᠢᠨ ᠳᠣᠣᠷ᠎ᠠ ᠪᠠᠢᠬᠤ ᠰᠥᠰᠥᠨ ᠦ᠌ ᠪᠠᠯᠴᠢᠷ ᠢ᠋ ᠰᠣᠩᠭᠣᠵᠤ ᠠᠯᠲᠠᠨ ᠵᠡᠭᠦᠦ ᠬᠠᠳᠬᠤᠳᠠᠭ᠃ ᠤᠷᠢᠳ ᠢ᠋ᠶ᠋ᠠᠷ ᠨᠠᠮ ᠵᠢᠮ ᠳᠤᠯᠠᠭᠠᠨ ᠪᠦᠯᠢᠶᠡᠨ ᠣᠷᠴᠢᠨ ᠳ᠋ᠤ᠌ ᠡᠪᠡᠳᠴᠢᠲᠡᠨ ᠢ᠋ᠶ᠋ᠡᠨ ᠬᠡᠪᠲᠡᠭᠦᠯᠵᠦ᠂ ᠳᠡᠭᠡᠷᠡᠬᠢ ᠭᠤᠷᠪᠠᠨ ᠪᠠᠯᠴᠢᠷ ᠠ᠋ᠴᠠ ᠨᠢᠭᠡ ᠪᠠᠯᠴᠢᠷ ᠢ᠋ ᠰᠣᠩᠭᠣᠵᠤ 75%  ᠶᠢᠨ ᠰᠫᠢᠷᠲ ᠲᠡᠢ ᠬᠥᠪᠥᠩ ᠢ᠋ᠶ᠋ᠡᠷ ᠠᠷᠢᠭᠤᠳᠬᠠᠵᠤ᠂ ᠠᠢᠭᠤᠳᠬᠠᠭᠰᠠᠨ ᠠᠯᠲᠠᠨ ᠵᠡᠭᠦᠦ ᠪᠡᠨ ᠰᠣᠩᠭᠣᠭᠰᠠᠨ ᠪᠠᠯᠴᠢᠷ ᠲᠤ᠌ ᠬᠠᠳᠬᠤᠨ᠎ᠠ᠃ ᠡᠳᠦᠷ ᠲᠦ᠍ ᠨᠢᠭᠡ ᠤᠳᠠᠭ᠎ᠠ᠂ ᠭᠤᠷᠪᠠᠨ ᠪᠠᠯᠴᠢᠷ ᠢ᠋ ᠡᠭᠡᠯᠵᠢᠯᠡᠨ ᠬᠠᠳᠬᠤᠨ᠎ᠠ᠃ ᠡᠪᠡᠳᠴᠢᠲᠡᠨ ᠦ᠌ ᠮᠢᠬ᠎ᠠ ᠮᠠᠷᠢᠶ᠎ᠠ ᠶ᠋ᠢ ᠨᠢ ᠦᠨᠳᠦᠰᠦᠯᠡᠵᠦ ᠠᠯᠲᠠᠨ ᠵᠡᠭᠦᠦ ᠪᠡᠷ ᠪᠠᠯᠴᠢᠷ ᠲᠤ᠌ 1— 3cm ᠭᠦᠨ ᠬᠠᠳᠬᠤᠨ᠎ᠠ᠃ ᠬᠠᠳᠬᠤᠭᠰᠠᠨ ᠤ᠋ ᠳᠠᠷᠠᠭ᠎ᠠ ᠡᠮᠴᠢ ᠶ᠋ᠢᠨ ᠨᠢᠭᠡ ᠭᠠᠷ ᠤ᠋ᠨ ᠳᠤᠮᠳᠠ ᠬᠤᠷᠤᠭᠤ ᠪᠣᠯᠤᠨ ᠳᠣᠯᠢᠶᠠᠪᠤᠷ ᠬᠤᠷᠤᠭᠤ ᠪᠠᠷ ᠢ᠋ᠶ᠋ᠠᠨ ᠠᠯᠲᠠᠨ ᠵᠡᠭᠦᠦ ᠶ᠋ᠢᠨ ᠳᠤᠮᠳᠠ ᠬᠡᠰᠡᠭ ᠢ᠋ ᠪᠠᠷᠢᠵᠤ᠂ ᠨᠥᠭᠦᠭᠡ ᠭᠠᠷ ᠢ᠋ᠶ᠋ᠠᠷ ᠢ᠋ᠶ᠋ᠠᠨ 95 %  ᠶᠢᠨ ᠰᠫᠢᠷᠲ ᠲᠡᠢ ᠭᠠᠯ ᠪᠠᠮᠪᠠᠷ ᠢ᠋ᠶ᠋ᠠᠷ ᠠᠯᠲᠠᠨ ᠵᠡᠭᠦᠦ ᠶ᠋ᠢᠨ ᠡᠰᠢ ᠶ᠋ᠢᠨ ᠬᠡᠰᠡᠭ ᠲᠦ᠍ ᠬᠠᠯᠠᠭᠠᠵᠤ᠂ ᠡᠮᠴᠢ ᠶ᠋ᠢᠨ ᠵᠡᠭᠦᠦ ᠶ᠋ᠢ ᠪᠠᠷᠢᠵᠤ ᠪᠠᠢᠭ᠎ᠠ ᠭᠠᠷ ᠬᠠᠯᠠᠬᠤ ᠲᠠᠢ ᠵᠡᠷᠭᠡ ᠬᠠᠯᠠᠭᠠᠬᠤ ᠪᠠᠨ ᠵᠣᠭᠰᠣᠵᠤ᠂ 2— 3 ᠮᠢᠨᠦ᠋ᠲ ᠠᠯᠤᠰᠯᠠᠨ ᠨᠢᠭᠡ ᠤᠳᠠᠭ᠎ᠠ ᠬᠠᠯᠠᠭᠠᠨ᠎ᠠ᠃ ᠡᠪᠡᠳᠴᠢᠲᠡᠨ ᠦ᠌ ᠪᠠᠢᠳᠠᠯ ᠢ᠋ ᠦᠨᠳᠦᠰᠦᠯᠡᠨ ᠡᠨᠡ ᠬᠦ᠌ ᠵᠠᠰᠠᠯ ᠢ᠋ ᠡᠳᠦᠷ ᠦ᠋ᠨ ᠨᠢᠭᠡ ᠤᠳᠠᠭ᠎ᠠ ᠬᠢᠵᠦ᠂ ᠤᠳᠠᠭ᠎ᠠ ᠪᠦᠷᠢ 40 ᠮᠢᠨᠦ᠋ᠲ ᠣᠷᠴᠢᠮ ᠬᠢᠨ᠎ᠡ᠃ ᠶᠡᠷᠦᠩᠬᠡᠢ ᠳ᠋ᠦ᠍ ᠪᠡᠨ 21 ᠬᠣᠨᠣᠭ ᠢ᠋ ᠨᠢᠭᠡ ᠡᠮᠴᠢᠯᠡᠭᠡᠨ ᠦ᠌ ᠬᠤᠭᠤᠴᠠᠭ᠎ᠠ ᠪᠣᠯᠭᠠᠳᠠᠭ᠃ ᠪᠣᠷᠵᠢᠭᠢᠨ ᠡᠷᠳᠡᠨᠢᠴᠤᠭᠲᠤ ᠡᠮᠴᠢ ᠡᠴᠡ ᠡᠪᠡᠳᠴᠢᠲᠡᠨ ᠦ᠌ ᠪᠡᠶ᠎ᠡ ᠶ᠋ᠢᠨ ᠪᠠᠢᠳᠠᠯ ᠢ᠋ ᠦᠨᠳᠦᠰᠦᠯᠡᠵᠦ ᠡᠮᠴᠢᠯᠡᠭᠡᠨ ᠦ᠌ ᠬᠤᠭᠤᠴᠠᠭᠠᠨ ᠳ᠋ᠤ᠌ ᠨᠢᠭᠡ ᠭᠠᠷᠠᠭ ᠲᠤ᠌ ᠨᠢᠭᠡ ᠤᠳᠠᠭ᠎ᠠ ᠰᠥᠰᠥᠨ ᠦ᠌ ᠱᠠᠷᠢᠩ ᠰᠤᠳᠠᠯ ᠢ᠋ ᠬᠠᠨᠠᠵᠤ ᠰᠢᠷ᠎ᠠ ᠶ᠋ᠢᠨ ᠬᠠᠯᠠᠭᠤᠨ ᠢ᠋ ᠭᠠᠳᠠᠭᠰᠢ ᠤᠳᠤᠷᠢᠳᠤᠨ ᠭᠠᠷᠭᠠᠳᠠᠭ᠃ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠵᠠᠰᠠᠬᠤ ᠳ᠋ᠤ᠌ ᠪᠦᠯᠢᠶᠡᠨ ᠠᠯᠲᠠᠨ ᠵᠡᠭᠦᠦ ᠵᠠᠰᠠᠯ ᠪᠠ ᠬᠠᠨᠠᠬᠤ ᠵᠠᠰᠠᠯ ᠢ᠋ ᠬᠠᠪᠰᠤᠷᠭᠠᠬᠤ ᠨᠢ ᠡᠮᠴᠢᠯᠡᠭᠡᠨ ᠦ᠌ ᠦᠷ᠎ᠡ ᠳ᠋ᠦᠩ ᠦ᠋ᠨ ᠲᠠᠯ᠎ᠠ ᠪᠠᠷ ᠳᠠᠩ ᠭᠠᠭᠴᠠ ᠡᠮ ᠨᠠᠢᠷᠠᠯᠭ᠎ᠠ ᠪᠠᠷ ᠵᠠᠰᠠᠬᠤ ᠲᠠᠢ ᠬᠠᠷᠢᠴᠠᠭᠤᠯᠪᠠᠯ ᠡᠮᠴᠢᠯᠡᠭᠡᠨ ᠦ᠌ ᠬᠤᠭᠤᠴᠠᠭ᠎ᠠ ᠣᠬᠣᠷ᠂ ᠦᠢᠯᠡᠳᠦᠯ ᠢ᠋ᠶ᠋ᠡᠷ ᠲᠦᠷᠭᠡᠨ ᠵᠡᠷᠭᠡ ᠳᠠᠪᠠᠭᠤᠯᠢᠭ ᠲᠠᠯ᠎ᠠ ᠲᠠᠢ ᠪᠠᠢᠳᠠᠭ᠃ 
3.4 ᠰᠤᠪᠢᠯᠠᠯᠲᠠ 
       ᠢᠳᠡᠭᠡᠨ ᠤᠮᠳᠠᠭᠠᠨ ᠤ᠋ ᠲᠠᠯ᠎ᠠ ᠪᠠᠷ ᠥᠨᠳᠡᠭᠡ᠂ ᠭᠣᠭᠣᠳ᠂ ᠭᠠ᠂ ᠰᠠᠷᠢᠮᠰᠠᠭ᠂ ᠠᠷᠢᠬᠢ ᠮᠡᠲᠦ ᠶ᠋ᠢᠨ ᠬᠤᠷᠴᠠ ᠬᠠᠯᠠᠭᠤᠨ᠂ ᠬᠦᠨᠳᠦ ᠲᠣᠰᠣᠯᠢᠭ ᠪᠠ ᠳᠠᠪᠤᠰᠤᠯᠢᠭ᠂ ᠢᠰᠬᠦᠯᠡᠩ ᠢᠳᠡᠭᠡᠨ ᠤᠮᠳᠠᠭᠠᠨ᠂ ᠬᠦᠢᠲᠡᠨ ᠲᠦᠭᠦᠬᠡᠢ ᠡᠪᠳᠡᠷᠡᠵᠦ ᠨᠢᠭᠰᠢᠭᠰᠡᠨ ᠢᠳᠡᠭᠡᠨ ᠤᠮᠳᠠᠭᠠᠨ ᠢ᠋ ᠴᠡᠭᠡᠷᠯᠡᠵᠦ᠂ ᠦᠨᠢᠶ᠎ᠡ ᠢᠮᠠᠭᠠᠨ ᠤ᠋ ᠰᠢᠨ᠎ᠡ ᠲᠠᠷᠠᠭ᠂ ᠰᠢᠨ᠎ᠡ ᠰᠣᠷᠭᠣᠭ ᠬᠥᠬᠡ ᠨᠣᠭᠣᠭ᠎ᠠ ᠵᠡᠷᠭᠡ ᠵᠥᠭᠡᠯᠡᠨ ᠰᠢᠮᠡᠲᠡᠢ᠂ ᠰᠡᠷᠢᠭᠦᠨ ᠴᠢᠨᠠᠷ ᠲᠠᠢ᠂ ᠰᠢᠩᠭᠡᠭᠡᠬᠦ ᠳ᠋ᠦ᠍ ᠬᠢᠯᠪᠠᠷ ᠢᠳᠡᠭᠡᠨ ᠢ᠋ ᠰᠢᠲᠦᠭᠦᠯᠦᠨ᠎ᠡ᠃ ᠶᠠᠪᠤᠳᠠᠯ ᠮᠥᠷ ᠦ᠋ᠨ ᠲᠠᠯ᠎ᠠ ᠪᠠᠷ ᠬᠡᠲᠦᠷᠬᠡᠢ ᠠᠭᠤᠷᠯᠠᠵᠤ ᠪᠠᠴᠢᠮᠳᠠᠬᠤ᠂ ᠰᠥᠨᠢᠵᠢᠨ ᠨᠠᠭᠠᠳᠬᠤ ᠪᠤᠶᠤ ᠠᠵᠢᠯᠯᠠᠬᠤ᠂ ᠭᠠᠯ ᠨᠠᠷᠠᠨ ᠳ᠋ᠤ᠌ ᠬᠠᠯᠠᠬᠤ᠂ ᠬᠠᠲᠠᠭᠤ ᠬᠦᠴᠦᠯᠡᠬᠦ᠂ ᠲᠠᠭᠠᠷᠠᠵᠤ ᠵᠢᠩᠭᠢᠨᠡᠬᠦ᠂ ᠣᠶᠤᠨ ᠰᠠᠨᠠᠭᠠᠨ ᠤ᠋ ᠰᠡᠲᠡᠯᠲᠡ ᠣᠯᠬᠤ ᠵᠡᠷᠭᠡ ᠶ᠋ᠢ ᠴᠡᠭᠡᠷᠯᠡᠵᠦ᠂ ᠰᠡᠷᠢᠭᠦᠨ ᠲᠣᠬᠢᠯᠢᠭ ᠣᠷᠣᠨ ᠰᠠᠭᠤᠴᠠ ᠳ᠋ᠤ᠌ ᠲᠠᠭᠠᠲᠠᠢ ᠰᠤᠪᠢᠯᠠᠨ᠎ᠠ᠃ 
4. ᠡᠪᠡᠳᠴᠢᠨ ᠦ᠌ ᠵᠢᠱ᠌ᠢᠶ᠎ᠡ 
       ᠡᠪᠡᠳᠴᠢᠲᠡᠨ ᠵᠠᠩ** 62 ᠨᠠᠰᠤᠲᠠᠢ᠂ ᠡᠷᠡᠭᠲᠡᠢ᠂ ᠠᠵᠢᠯ ᠠ᠋ᠴᠠ ᠪᠠᠨ ᠠᠮᠠᠷᠠᠭᠰᠠᠨ ᠺᠠᠳ᠋ᠷ᠃ ᠭᠣᠣᠯᠳᠠᠭᠤ ᠬᠡᠪᠡᠯᠢ ᠶ᠋ᠢᠨ ᠪᠠᠷᠠᠭᠤᠨ ᠳᠡᠭᠡᠷ᠎ᠡ ᠬᠡᠰᠡᠭ ᠢ᠋ᠶ᠋ᠡᠷ ᠵᠠᠪᠰᠠᠷᠯᠠᠭ᠎ᠠ ᠶ᠋ᠢᠨ ᠴᠢᠨᠠᠷᠲᠠᠢ ᠬᠠᠳᠬᠤᠯᠠᠵᠤ ᠡᠪᠡᠳᠴᠦ ᠨᠢᠭᠡ ᠵᠢᠯ ᠭᠠᠷᠤᠢ ᠪᠣᠯᠪᠠ᠃ ᠡᠪᠡᠳᠴᠢᠲᠡᠨ ᠨᠢᠭᠡ ᠵᠢᠯ ᠡᠴᠡ ᠡᠮᠦᠨ᠎ᠡ ᠡᠬᠢᠯᠡᠨ ᠵᠠᠪᠰᠠᠷᠯᠠᠭ᠎ᠠ ᠶ᠋ᠢᠨ ᠴᠢᠨᠠᠷᠲᠠᠢ ᠠᠮᠠ ᠭᠠᠰᠢᠭᠤᠷᠠᠵᠤ᠂ ᠰᠢᠩᠭᠡᠭᠡᠯᠲᠡ ᠮᠠᠭᠤᠳᠠᠨ᠂ ᠬᠡᠪᠡᠯᠢ ᠬᠥᠭᠡᠵᠦ᠂ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠢ᠋ᠶ᠋ᠡᠷ ᠡᠪ ᠦᠭᠡᠢᠷᠡᠨ᠂ ᠵᠠᠷᠢᠮ  ᠳ᠋ᠤ᠌ ᠪᠠᠨ ᠬᠠᠳᠬᠤᠯᠠᠵᠤ ᠡᠪᠡᠳᠦᠨ᠎ᠡ᠂ ᠨᠢᠭᠡ ᠵᠢᠯ ᠦ᠋ᠨ ᠲᠤᠷᠰᠢ ᠰᠢᠰᠲ᠋ᠧᠮ ᠲᠡᠢ ᠡᠮᠴᠢᠯᠡᠭᠡ ᠬᠢᠵᠦ ᠥᠩᠭᠡᠷᠡᠭᠰᠡᠨ ᠦᠭᠡᠢ᠃ 2024 ᠣᠨ ᠤ᠋ 1 ᠰᠠᠷ᠎ᠠ ᠶ᠋ᠢᠨ 30 ᠳ᠋ᠤ᠌ ᠡᠩ ᠦ᠋ᠨ ᠪᠡᠶ᠎ᠡ ᠶ᠋ᠢᠨ ᠪᠠᠢᠴᠠᠭᠠᠯᠲᠠ ᠬᠢᠭᠰᠡᠨ ᠳ᠋ᠦ᠍ ᠬᠡᠪᠡᠯᠢ ᠶ᠋ᠢᠨ B ᠬᠡᠳᠦ ᠳᠠᠭᠤᠨ ᠳᠣᠯᠭᠢᠶᠠᠨ ᠳ᠋ᠤ᠌ ᠰᠥᠰᠥᠨ ᠦ᠌ ᠦᠷᠪᠢᠰᠦᠯ᠂ ᠰᠥᠰᠥᠨ ᠦ᠌ ᠴᠣᠷᠭᠣ ᠶ᠋ᠢᠨ ᠴᠢᠯᠠᠭᠤᠨ ᠪᠡᠲᠡᠭᠢ (ᠶᠡᠬᠡ ᠪᠠᠭ᠎ᠠ ᠨᠢ 10* 6mm ) ᠪᠠᠷ ᠣᠨᠣᠰᠢᠯᠠᠪᠠ᠃ ᠡᠪᠡᠳᠴᠢᠲᠡᠨ ᠮᠣᠩᠭᠣᠯ ᠡᠮᠨᠡᠯᠭᠡ ᠪᠡᠷ ᠡᠮᠴᠢᠯᠡᠭᠦᠯᠬᠦ ᠶ᠋ᠢᠨ ᠲᠥᠯᠥᠭᠡ ᠮᠠᠨ ᠤ᠋ ᠡᠭᠦᠳᠡᠨ ᠡᠮᠨᠡᠯᠭᠡ ᠳ᠋ᠦ᠍ ᠢᠷᠡᠪᠡ᠃ ᠪᠠᠢᠴᠠᠭᠠᠬᠤ ᠳ᠋ᠤ᠌ ᠴᠣᠭ ᠰᠦᠯᠳᠡ ᠠᠨᠠᠢ᠂ ᠢᠳᠡᠭᠡᠨ ᠦ᠌ ᠳᠤᠷᠠᠰᠢᠯ ᠮᠠᠭᠤ᠂ ᠰᠢᠩᠭᠡᠭᠡᠯᠲᠡ ᠠᠨᠠᠢ᠂ ᠬᠣᠷᠭᠣᠰᠣᠯᠠᠬᠤ ᠰᠢᠨᠵᠢ ᠲᠡᠢ᠂ ᠨᠣᠢᠷ ᠠᠨᠠᠢ᠂ ᠰᠥᠨᠢ ᠰᠢᠭᠡᠬᠦ ᠲᠣᠭ᠎ᠠ ᠣᠯᠠᠨ᠂ ᠬᠡᠪᠡᠯᠢ ᠶ᠋ᠢᠨ ᠪᠠᠷᠠᠭᠤᠨ ᠳᠡᠭᠡᠷ᠎ᠡ ᠬᠡᠰᠡᠭ ᠢ᠋ᠶ᠋ᠡᠷ ᠵᠠᠪᠰᠠᠷᠯᠠᠭ᠎ᠠ ᠶ᠋ᠢᠨ ᠴᠢᠨᠠᠷᠲᠠᠢ ᠬᠠᠳᠬᠤᠯᠠᠵᠤ ᠡᠪᠡᠳᠦᠨ᠎ᠡ᠃ ᠬᠡᠯᠡ ᠨᠢ ᠰᠢᠷᠠᠪᠲᠤᠷ ᠨᠢᠮᠭᠡᠨ ᠥᠩᠭᠥᠷ ᠲᠡᠢ᠂ ᠬᠡᠯᠪᠡᠷᠢ ᠡᠷᠡᠭᠦᠯ᠂ ᠰᠢᠭᠡᠰᠦ ᠴᠠᠢᠪᠤᠷ᠂ ᠦᠨᠦᠷ ᠠᠭᠤᠷ ᠪᠠᠭ᠎ᠠ᠂ ᠬᠡᠮᠵᠢᠶ᠎ᠡ ᠡᠷᠡᠭᠦᠯ᠃ ᠪᠣᠷᠵᠢᠭᠢᠨ ᠡᠷᠳᠡᠨᠢᠴᠤᠭᠲᠤ ᠡᠮᠴᠢ ᠡᠴᠡ ᠡᠪᠡᠳᠴᠢᠲᠡᠨ ᠦ᠌ ᠪᠠᠢᠳᠠᠯ ᠵᠢᠴᠢ B ᠬᠡᠳᠦ ᠳᠠᠭᠤᠨ ᠳᠣᠯᠭᠢᠶᠠᠨ ᠤ᠋ ᠪᠠᠢᠴᠠᠭᠠᠯᠲᠠ ᠶ᠋ᠢᠨ ᠬᠠᠷᠢᠭᠤ ᠮᠡᠳᠡᠭᠦᠯᠦᠯᠲᠡ ᠶ᠋ᠢ ᠦᠨᠳᠦᠰᠦᠯᠡᠨ᠂ ᠲᠤᠩᠭᠠᠯᠠᠭ ᠡᠰᠡ ᠰᠢᠩᠭᠡᠭᠰᠡᠨ ᠡᠪᠡᠳᠴᠢᠨ᠂ ᠰᠥᠰᠥᠨ ᠦ᠌ ᠴᠣᠷᠭᠣ ᠶ᠋ᠢᠨ ᠴᠢᠯᠠᠭᠤᠨ ᠪᠡᠲᠡᠭᠢ ᠭᠡᠵᠦ ᠣᠨᠣᠰᠢᠯᠠᠵᠤ᠂ ᠭᠠᠯ ᠤ᠋ᠨ ᠢᠯᠴᠢ ᠶ᠋ᠢ ᠰᠡᠯᠪᠢᠨ᠂ ᠨᠣᠢᠷ ᠢ᠋ ᠰᠠᠢᠵᠢᠷᠠᠭᠤᠯᠵᠤ᠂ ᠰᠢᠩᠭᠡᠭᠡᠯᠲᠡ ᠶ᠋ᠢ ᠰᠠᠢᠵᠢᠷᠠᠭᠤᠯᠤᠨ᠂ ᠴᠢᠯᠠᠭᠤᠨ ᠪᠡᠲᠡᠭᠢ ᠶ᠋ᠢ ᠬᠠᠢᠯᠤᠭᠤᠯᠵᠤ ᠵᠠᠰᠠᠬᠤ ᠵᠠᠷᠴᠢᠮ ᠢ᠋ᠶ᠋ᠠᠷ ᠥᠷᠯᠥᠭᠡ ᠽᠠᠳᠢ — 8 ᠂ ᠷᠠᠩ ᠠᠭᠠᠷᠤ — 8 ᠦᠳᠡ ᠳ᠋ᠦ᠍ ᠴᠢᠨᠨᠠᠳᠭᠦ᠋ᠨᠰᠧᠯ᠂ ᠶᠡᠬᠡ ᠳᠠᠩ᠂ ᠣᠷᠣᠢ ᠳ᠋ᠤ᠌ ᠨᠢ ᠰᠣᠷᠣᠭᠽᠢᠨᠨᠣᠷᠪᠤ ᠶ᠋ᠢ ᠥᠭᠴᠦ᠂ ᠠᠶᠤᠤᠯᠢᠬᠠᠢ ᠶ᠋ᠢᠨ ᠪᠠᠯᠴᠢᠷ᠂ ᠪᠡᠲᠡᠭᠢ ᠶ᠋ᠢᠨ ᠪᠠᠯᠴᠢᠷ᠂ ᠰᠥᠰᠥᠨ ᠦ᠌ ᠪᠠᠯᠴᠢᠷ ᠲᠤ᠌ ᠡᠭᠡᠯᠵᠢᠯᠡᠨ ᠡᠳᠦᠷ ᠲᠦ᠍ ᠨᠢᠭᠡ ᠤᠳᠠᠭ᠎ᠠ ᠪᠦᠯᠢᠶᠡᠨ ᠠᠯᠲᠠᠨ ᠵᠡᠭᠦᠦ ᠬᠠᠳᠬᠤᠵᠤ᠂ ᠣᠷᠣᠢ ᠶ᠋ᠢᠨ ᠪᠠᠯᠴᠢᠷ᠂ ᠡᠯᠢᠭᠡᠨ ᠦ᠌ ᠭᠤᠷᠪᠠᠨ ᠪᠠᠯᠴᠢᠷ᠂ ᠭᠠᠯ ᠪᠠᠭᠤᠷᠠᠭᠰᠠᠨ ᠪᠠᠯᠴᠢᠷ ᠵᠡᠷᠭᠡ ᠪᠠᠯᠴᠢᠷ ᠣᠷᠣᠨ ᠳ᠋ᠤ᠌ ᠬᠠᠳᠬᠤᠬᠤ ᠵᠠᠰᠠᠯ ᠬᠠᠪᠰᠤᠷᠭᠠᠨ᠂ ᠨᠢᠭᠡ ᠭᠠᠷᠠᠭ ᠨᠢᠭᠡ ᠤᠳᠠᠭ᠎ᠠ ᠰᠥᠰᠥᠨ ᠦ᠌ ᠱᠠᠷᠢᠩ ᠰᠤᠳᠠᠯ ᠢ᠋ ᠬᠠᠨᠠᠵᠤ᠂ ᠬᠣᠷᠢᠨ ᠨᠢᠭᠡᠨ ᠡᠳᠦᠷ ᠡᠮᠴᠢᠯᠡᠪᠡ᠃ ᠡᠭᠦᠨ ᠦ᠌ ᠬᠠᠮᠲᠤ ᠡᠪᠡᠳᠴᠢᠨ ᠦ᠌ ᠪᠠᠢᠳᠠᠯ ᠢ᠋ ᠦᠨᠳᠦᠰᠦᠯᠡᠵᠦ ᠮᠣᠩᠭᠣᠯ ᠡᠮ ᠤᠤᠭᠤᠯᠭᠠᠵᠤ ᠪᠠᠲᠤᠳᠬᠠᠪᠠ᠃ 2024 ᠣᠨ ᠤ᠋ 3 ᠰᠠᠷ᠎ᠠ 22 ᠲᠤ᠌ ᠳᠠᠬᠢᠨ ᠨᠢᠭᠡ ᠤᠳᠠᠭ᠎ᠠ ᠬᠡᠪᠡᠯᠢ ᠶ᠋ᠢᠨ ᠬᠡᠰᠡᠭ ᠦ᠋ᠨ B ᠬᠡᠳᠦ ᠳᠠᠭᠤᠨ ᠳᠣᠯᠭᠢᠶᠠᠨ ᠬᠢᠵᠦ ᠪᠠᠢᠴᠠᠭᠠᠬᠤ ᠳ᠋ᠤ᠌ ᠰᠥᠰᠥᠨ ᠦ᠌ ᠦᠷᠪᠢᠰᠦᠯ ᠪᠠ ᠰᠥᠰᠥᠨ ᠴᠣᠷᠭᠣ ᠶ᠋ᠢᠨ ᠴᠢᠯᠠᠭᠤᠨ ᠪᠡᠲᠡᠭᠢ ᠪᠦᠷᠢᠮᠦᠰᠦᠨ ᠠᠷᠢᠯᠪᠠ᠃ 
5. ᠳ᠋ᠦᠩᠨᠡᠯᠲᠡ 
       ᠰᠥᠰᠥᠨ ᠦ᠌ ᠴᠢᠯᠠᠭᠤᠨ ᠪᠡᠲᠡᠭᠢ ᠡᠪᠡᠳᠴᠢᠨ ᠨᠢ ᠬᠥᠮᠦᠰ ᠦ᠋ᠨ ᠡᠳᠦᠷ ᠳᠣᠳᠣᠮ ᠤ᠋ᠨ ᠢᠳᠡᠭᠡᠨ ᠤᠮᠳᠠᠭᠠᠨ ᠶᠠᠪᠤᠳᠠᠯ ᠮᠥᠷ ᠦ᠋ᠨ ᠪᠤᠷᠤᠭᠤᠳᠠᠯ ᠪᠠ ᠤᠳᠤᠮᠰᠢᠯ ᠠ᠋ᠴᠠ ᠪᠣᠯᠵᠤ ᠡᠮᠴᠢᠯᠡᠭᠡᠨ ᠳ᠋ᠦ᠍ ᠦᠷᠭᠦᠯᠵᠢ ᠲᠣᠬᠢᠶᠠᠯᠳᠤᠬᠤ ᠮᠥᠷᠲᠡᠭᠡᠨ ᠡᠳᠦᠷ ᠢᠷᠡᠬᠦᠶ᠎ᠡ ᠣᠯᠠᠰᠢᠷᠠᠵᠤ ᠪᠠᠢᠬᠤ ᠡᠪᠡᠳᠴᠢᠨ ᠮᠥᠨ᠃ ᠮᠣᠩᠭᠣᠯ ᠠᠨᠠᠭᠠᠬᠤ ᠤᠬᠠᠭᠠᠨ ᠳ᠋ᠤ᠌ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠵᠠᠰᠠᠬᠤ ᠳ᠋ᠤ᠌ ᠪᠦᠬᠦᠯᠢ ᠴᠣᠭᠴᠠᠲᠤ ᠦᠵᠡᠯᠲᠡ ᠶ᠋ᠢ ᠪᠠᠷᠢᠮᠲᠠᠯᠠᠨ᠂ ᠢᠳᠡᠭᠡᠨ ᠤᠮᠳᠠᠭᠠᠨ ᠶᠠᠪᠤᠳᠠᠯ ᠮᠥᠷ ᠡᠮ ᠵᠠᠰᠠᠯ ᠲᠠᠢ ᠬᠠᠪᠰᠤᠷᠭᠠᠵᠤ ᠬᠤᠪᠢᠰᠤᠩᠭᠤᠢ ᠪᠠᠷ ᠡᠮᠴᠢᠯᠡᠳᠡᠭ᠃ ᠪᠣᠷᠵᠢᠭᠢᠨ ᠡᠷᠳᠡᠨᠢᠴᠤᠭᠲᠤ ᠡᠮᠴᠢ ᠳᠥᠴᠢ ᠭᠠᠷᠤᠢ ᠵᠢᠯ ᠦ᠋ᠨ ᠡᠮᠴᠢᠯᠡᠭᠡᠨ ᠦ᠌ ᠳᠤᠮᠳᠠ ᠪᠠᠨ ᠰᠥᠰᠥᠨ ᠦ᠌ ᠴᠢᠯᠠᠭᠤᠨ ᠪᠡᠲᠡᠭᠢ ᠡᠪᠡᠳᠴᠢᠨ ᠢ᠋ ᠡᠮᠨᠡᠨ ᠵᠠᠰᠠᠬᠤ ᠡᠯᠪᠡᠭ ᠪᠠᠶᠠᠯᠢᠭ᠂ ᠲᠤᠷᠰᠢᠯᠭ᠎ᠠ  ᠶ᠋ᠢ ᠬᠤᠷᠠᠮᠳᠤᠭᠤᠯᠤᠭᠰᠠᠨ ᠪᠠᠢᠵᠤ᠂ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠬᠤ ᠤᠷᠢᠳᠠᠯ ᠳᠣᠣᠷ᠎ᠠ ᠥᠪᠡᠷᠮᠢᠴᠡ ᠴᠢᠨᠠᠷ᠂ ᠡᠪᠡᠳᠴᠢᠨ ᠡᠭᠦᠰᠦᠭᠰᠡᠨ ᠰᠢᠯᠲᠠᠭᠠᠨ ᠨᠥᠬᠥᠴᠡᠯ ᠲᠡᠢ ᠨᠢᠭᠲᠠ ᠤᠶᠠᠯᠳᠤᠭᠤᠯᠤᠨ ᠡᠮ ᠨᠠᠢᠷᠠᠯᠭ᠎ᠠ ᠶ᠋ᠢ ᠬᠤᠪᠢᠰᠤᠩᠭᠤᠢ ᠪᠠᠷ ᠬᠡᠷᠡᠭᠯᠡᠬᠦ ᠮᠥᠷᠲᠡᠭᠡᠨ ᠳᠡᠭᠡᠷ᠎ᠡ ᠦᠶ᠎ᠡ ᠡᠴᠡ ᠪᠡᠨ ᠤᠯᠠᠮᠵᠢᠯᠠᠭᠰᠠᠨ ᠪᠦᠯᠢᠶᠡᠨ ᠠᠯᠲᠠᠨ ᠵᠡᠭᠦᠦ ᠵᠠᠰᠠᠯ ᠢ᠋ ᠬᠠᠪᠰᠤᠷᠭᠠᠨ᠂ ᠡᠮᠴᠢᠯᠡᠭᠡᠨ ᠦ᠌ ᠳᠤᠮᠳᠠ ᠢᠳᠡᠭᠡᠨ ᠤᠮᠳᠠᠭᠠᠨ ᠶᠠᠪᠤᠳᠠᠯ ᠮᠥᠷ ᠦ᠋ᠨ ᠰᠤᠪᠢᠯᠠᠯᠲᠠ ᠶ᠋ᠢ ᠰᠠᠢᠲᠤᠷ ᠠᠩᠬᠠᠷᠴᠤ ᠡᠮᠴᠢᠯᠡᠭᠡᠳ ᠳᠣᠪᠣᠶᠢᠮ᠎ᠠ ᠠᠮᠵᠢᠯᠲᠠ ᠣᠯᠤᠭᠰᠠᠨ ᠪᠠᠢᠨ᠎ᠠ᠃ ᠡᠭᠦᠨ ᠳ᠋ᠦ᠍ ᠠᠬᠠᠮᠠᠳ ᠮᠣᠩᠭᠣᠯ ᠡᠮᠴᠢ ᠨᠠᠷ ᠤ᠋ᠨ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠵᠢᠴᠢ ᠡᠮᠴᠢᠯᠡᠭᠡᠨ ᠦ᠌ ᠲᠤᠷᠰᠢᠯᠭ᠎ᠠ᠂ ᠭᠠᠷ ᠠᠪᠤᠯᠭ᠎ᠠ ᠶ᠋ᠢ ᠤᠯᠠᠮᠵᠢᠯᠠᠨ ᠵᠠᠯᠭᠠᠮᠵᠢᠯᠠᠵᠤ᠂ ᠪᠠᠭᠰᠢ ᠨᠠᠷ ᠤ᠋ᠨ ᠭᠠᠷ ᠠᠪᠤᠯᠭ᠎ᠠ ᠶ᠋ᠢ ᠠᠮᠢᠳᠤᠯᠢᠭ ᠢ᠋ᠶ᠋ᠠᠷ ᠡᠵᠡᠮᠰᠢᠵᠦ᠂ ᠵᠠᠯᠭᠠᠮᠵᠢᠯᠠᠨ ᠬᠥᠭᠵᠢᠭᠦᠯᠬᠦ ᠨᠢ ᠵᠠᠯᠠᠭᠤ ᠡᠮᠴᠢ ᠨᠠᠷ ᠤ᠋ᠨ ᠡᠭᠦᠷᠭᠡ ᠬᠠᠷᠢᠭᠤᠴᠠᠯᠭ᠎ᠠ ᠪᠣᠯᠤᠨ᠎ᠠ᠃ 

 ᠵᠡᠭᠦᠯᠲᠡ 
 [1]ᠶᠦᠲ᠋ᠤᠭ ᠶᠣᠨᠳᠠᠨᠭᠣᠮᠪᠤ᠄《ᠠᠨᠠᠭᠠᠬᠤ ᠤᠬᠠᠭᠠᠨ ᠤ᠋ ᠳᠥᠷᠪᠡᠨ ᠦᠨᠳᠦᠰᠦ》᠂ 
     ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 1987 ᠣᠨ ᠂ 217 ᠨᠢᠭᠤᠷ᠃ 
[2] ᠼᠧ᠂ ᠰᠥᠷᠤᠩᠵᠡᠪ 《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ》᠂ 
     ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 1987 ᠣᠨ᠂ 247 ᠨᠢᠭᠤᠷ᠃  

  ᠢᠷᠡᠯᠲᠡ᠄ ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ 2024 ᠣᠨ ᠤ᠋ 5 ᠳ᠋ᠤᠭᠠᠷ ᠬᠤᠭᠤᠴᠠᠭ᠎ᠠ  

         ᠦᠰᠦᠭ ᠠᠮᠢᠯᠠᠭᠤᠯᠤᠭᠰᠠᠨ ᠨᠢ᠄ ᠭᠠᠸᠠ 
           ᠦᠰᠦᠭ ᠬᠢᠨᠠᠭᠴᠢ᠄ ᠭᠠᠷᠮ᠎ᠠ᠂ ᠲᠤᠭᠴᠢ ᠰᠠᠷᠠᠨ᠎ᠠ