ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 15ᠬᠡᠨᠵᠡ ᠬᠤᠷᠠᠭ᠎ᠠХэл бичиг-бага сургуули нэгдүгээр он доорд-хэнз хурга ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 15ᠬᠡᠨᠵᠡ ᠬᠤᠷᠠᠭ᠎ᠠХэл бичиг-бага сургуули нэгдүгээр он доорд-хэнз хурга

ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 15ᠬᠡᠨᠵᠡ ᠬᠤᠷᠠᠭ᠎ᠠХэл бичиг-бага сургуули нэгдүгээр он доорд-хэнз хурга

ᠠᠩᠭᠢᠯᠠᠯ:ᠬᠡᠯᠡ ᠪᠢᠴᠢᠭ
2025-03-26

857

15 ᠬᠡᠨᠵᠡ ᠬᠤᠷᠠᠭ᠎ᠠ

     ᠳ᠋᠊᠂ ᠨᠠᠴᠤᠭᠳᠣᠷᠵᠢ 

ᠮᠢᠨᠦ ᠬᠡᠨᠵᠡ ᠬᠤᠷᠠᠭ᠎ᠠ 
ᠮᠠᠩᠨᠠᠢ ᠬᠠᠯᠵᠠᠨ ᠵᠤᠷᠪᠤᠰ ᠲᠠᠢ 
ᠮᠢᠩᠭᠠᠨ ᠬᠣᠨᠢᠨ ᠤ᠋ ᠳᠤᠮᠳᠠ ᠠ᠋ᠴᠠ 
ᠪᠢ ᠬᠠᠷᠠᠮᠠᠭᠴᠠ ᠲᠠᠨᠢᠳᠠᠭ 
ᠮᠢᠷᠠᠰ ᠮᠢᠷᠠᠰ ᠮᠠᠢᠯᠠᠵᠤ 
ᠨᠠᠮ᠎ᠠ ᠶ᠋ᠢ ᠴᠢᠭᠯᠡᠭᠰᠡᠭᠡᠷ ᠢᠷᠡᠳᠡᠭ 

ᠲᠤᠩ ᠴᠠᠭᠠᠨ ᠦᠰᠦ ᠲᠡᠢ 
ᠳᠤᠷᠠᠨ ᠬᠠᠷ᠎ᠠ ᠨᠢᠳᠦ ᠲᠡᠢ 
ᠲᠦᠮᠡᠨ ᠬᠣᠨᠢᠨ ᠤ᠋ ᠳᠤᠮᠳᠠ ᠠ᠋ᠴᠠ 
ᠲᠡᠭᠦᠨ ᠡᠴᠡ ᠬᠥᠭᠡᠷᠦᠬᠦᠨ ᠠᠮᠢᠲᠠᠨ ᠦᠭᠡᠢ 
ᠲᠥᠷᠥᠭᠰᠡᠨ ᠬᠣᠲᠠ ᠳᠣᠲᠣᠷ᠎ᠠ ᠪᠠᠨ
ᠲᠡᠷᠡ ᠪᠢᠳᠡ ᠬᠣᠶᠠᠷ ᠲᠣᠭᠯᠠᠳᠠᠭ

ᠡᠪᠦᠳᠦᠭ ᠢ᠋ᠶ᠋ᠡᠨ ᠰᠥᠭᠥᠳᠴᠦ ᠪᠠᠢᠭᠠᠳ
ᠥᠪᠡᠷ ᠦ᠋ᠨ ᠢ᠋ᠶ᠋ᠡᠨ ᠡᠬᠡ ᠶ᠋ᠢ ᠬᠥᠬᠥᠳᠡᠭ
ᠡᠪᠦᠷ ᠳᠡᠭᠡᠷ᠎ᠡ ᠨᠢ ᠭᠠᠷᠤᠭᠠᠳ
ᠥᠬᠥᠭᠡᠷᠳᠡᠮᠡᠷ ᠥᠬᠥᠭᠡᠷᠳᠡᠮᠡᠷ ᠡᠷᠬᠡᠯᠡᠳᠡᠭ
ᠨᠠᠭᠠᠰᠢ ᠴᠠᠭᠠᠰᠢ ᠳᠡᠭᠳᠡᠨ
ᠮᠠᠯᠴᠢᠨ ᠡᠵᠡᠨ ᠢ᠋ᠶ᠋ᠡᠨ ᠪᠠᠶᠠᠰᠬᠠᠳᠠᠭ