ᠮᠣᠩᠭᠣᠯ ᠡᠮ ᠡᠮᠨᠡᠯᠭᠡ – (ᠵᠢᠷᠭᠤᠭ᠎ᠠ) Монгол эм эмнэлэг (6) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠵᠢᠷᠭᠤᠭ᠎ᠠ) Монгол эм эмнэлэг (6)

ᠮᠣᠩᠭᠣᠯ ᠡᠮ ᠡᠮᠨᠡᠯᠭᠡ – (ᠵᠢᠷᠭᠤᠭ᠎ᠠ) Монгол эм эмнэлэг (6)

ᠠᠩᠭᠢᠯᠠᠯ:ᠡᠷᠡᠭᠦᠯ ᠡᠩᠬᠡ
2025-03-24

542

ᠪᠣᠷᠵᠢᠭᠢᠨ ᠡᠷᠳᠡᠨᠢᠴᠤᠭᠲᠣ ᠡᠮᠴᠢ ᠶ᠋ᠢᠨ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ


                     ᠸᠠᠩ ᠵᠢᠶᠦ᠋ᠨ ᠹᠧᠩ ᠂ ᠪᠣᠷᠵᠢᠭᠢᠨ ᠡᠷᠳᠡᠨᠢᠴᠤᠭᠲᠣ  

ᠲᠣᠪᠴᠢ ᠠᠭᠤᠯᠭ᠎ᠠ 】 ᠣᠷᠣᠨ ᠤ᠋ ᠳᠡᠰ ᠦ᠋ᠨ ᠵᠠᠯᠭᠠᠮᠵᠢᠯᠠᠭᠴᠢ ᠶ᠋ᠢᠨ ᠬᠤᠪᠢ ᠪᠠᠷ ᠵᠢᠯᠣᠭᠣᠳᠤᠭᠴᠢ ᠪᠠᠭᠰᠢ ᠶ᠋ᠢ ᠳᠠᠭᠠᠵᠤ ᠰᠤᠷᠤᠯᠴᠠᠵᠤ ᠪᠠᠢᠭ᠎ᠠ ᠬᠤᠭᠤᠴᠠᠭᠠᠨ ᠳ᠋ᠤ᠌ ᠪᠠᠨ ᠲᠡᠭᠦᠨ ᠦ᠌ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠪᠣᠯᠤᠨ ᠡᠮᠴᠢᠯᠡᠭᠡᠨ ᠦ᠌ ᠲᠤᠷᠰᠢᠯᠭ᠎ᠠ ᠶ᠋ᠢ ᠪᠦᠬᠦ ᠲᠠᠯ᠎ᠠ ᠠ᠋ᠴᠠ ᠣᠢᠯᠠᠭᠠᠭᠰᠠᠨ ᠮᠥᠷᠲᠡᠭᠡᠨ ᠪᠣᠳᠠᠲᠤ ᠡᠮᠴᠢᠯᠡᠭᠡᠨ ᠳ᠋ᠦ᠍ ᠵᠢᠯᠣᠭᠣᠳᠤᠯᠭ᠎ᠠ ᠪᠣᠯᠭᠠᠵᠤ ᠡᠮᠴᠢᠯᠡᠨ ᠵᠠᠰᠠᠭᠰᠠᠨ ᠠ᠋ᠴᠠ ᠡᠮᠴᠢᠯᠡᠭᠡᠨ ᠦ᠌ ᠬᠢᠷᠢ ᠲᠦᠪᠰᠢᠨ ᠮᠡᠳᠡᠭᠳᠡᠮ᠎ᠡ ᠳᠡᠭᠡᠭᠰᠢᠯᠡᠵᠦ᠂ ᠡᠮᠴᠢᠯᠡᠭᠡᠨ ᠦ᠌ ᠬᠤᠭᠤᠴᠠᠭ᠎ᠠ ᠣᠬᠣᠷ᠂ ᠠᠨᠠᠭᠠᠯᠲᠠ ᠶ᠋ᠢᠨ ᠨᠣᠷᠮ᠎ᠠ ᠥᠨᠳᠥᠷ ᠪᠣᠯᠵᠠᠢ᠃ ᠡᠭᠦᠨ ᠦ᠌ ᠤᠯᠠᠮ ᠠ᠋ᠴᠠ ᠳᠡᠭᠡᠷ᠎ᠡ ᠦᠶ᠎ᠡ ᠶ᠋ᠢᠨ ᠠᠯᠳᠠᠷᠲᠤ ᠡᠮᠴᠢ ᠨᠠᠷ ᠤ᠋ᠨ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠪᠣᠯᠤᠨ ᠭᠠᠷ ᠠᠪᠤᠯᠭ᠎ᠠ ᠶ᠋ᠢ ᠤᠯᠠᠮᠵᠢᠯᠠᠨ ᠠᠪᠴᠤ ᠰᠤᠷᠤᠯᠴᠠᠨ ᠬᠡᠷᠡᠭᠵᠢᠭᠦᠯᠬᠦ ᠨᠢ ᠬᠣ᠊ᠢ᠋᠊ᠰᠢᠳᠡ ᠶ᠋ᠢᠨ ᠮᠣᠩᠭᠣᠯ ᠡᠮ ᠡᠮᠨᠡᠯᠭᠡ ᠪᠡᠨ ᠳᠡᠯᠭᠡᠷᠡᠭᠦᠯᠵᠦ ᠬᠥᠭᠵᠢᠭᠦᠯᠬᠦ ᠦᠢᠯᠡᠰ ᠲᠦ᠍ ᠠᠯᠤᠰ ᠬᠡᠳᠦ ᠶ᠋ᠢᠨ ᠠᠴᠢ ᠬᠣᠯᠪᠣᠭᠳᠠᠯ ᠲᠠᠢ ᠪᠠᠢᠳᠠᠭ ᠢ᠋ ᠨᠡᠩ ᠭᠦᠨᠵᠡᠭᠡᠢ ᠲᠠᠨᠢᠵᠤ ᠣᠯᠪᠠ᠃ 
ᠲᠦᠯᠬᠢᠭᠦᠷ ᠦᠭᠡ 】 ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ; ᠪᠦᠬᠦᠯᠢ ᠴᠣᠭᠴᠠ ᠶ᠋ᠢᠨ ᠦᠵᠡᠯᠲᠡ; ᠢᠯᠡᠷᠡᠭᠡᠳᠦᠢ ᠡᠪᠡᠳᠴᠢᠨ ; ᠲᠣᠮ ᠲᠠᠷᠨᠢ ; ᠤᠯᠠᠮᠵᠢᠯᠠᠯᠲᠤ ᠵᠠᠰᠠᠯ ᠪᠣᠷᠵᠢᠭᠢᠨ ᠡᠷᠳᠡᠨᠢᠴᠤᠭᠲᠣ ᠪᠣᠯ ᠬᠥᠬᠡᠬᠣᠲᠠ ᠶ᠋ᠢᠨ ᠬᠢᠲᠠᠳ ᠮᠣᠩᠭᠣᠯ ᠡᠮᠨᠡᠯᠭᠡ ᠶ᠋ᠢᠨ ᠬᠣᠷᠢᠶᠠᠨ ᠤ᠋ ᠡᠯᠢᠭᠡ ᠰᠥᠰᠥᠨ ᠦ᠌ ᠰᠠᠯᠠᠭᠠᠨ ᠤ᠋ ᠰᠢᠨᠵᠢᠯᠡᠭᠡᠨ ᠦ᠌ ᠳᠠᠭᠠᠭᠤᠯᠤᠭᠴᠢ᠂ ᠰᠠᠯᠠᠭᠠᠨ ᠤ᠋ ᠡᠷᠬᠢᠯᠡᠭᠴᠢ᠂ ᠡᠷᠬᠢᠯᠡᠭᠴᠢ ᠡᠮᠴᠢ ᠂ ᠠᠰᠫᠢᠷᠠᠨᠲ ᠤ᠋ᠨ ᠵᠢᠯᠣᠭᠣᠳᠤᠭᠴᠢ ᠪᠠᠭᠰᠢ᠂ ᠵᠢᠷᠤᠬᠠᠢ ᠰᠤᠳᠤᠯᠤᠭᠴᠢ᠂ ᠥᠪᠥᠷ ᠮᠣᠩᠭᠣᠯ ᠤ᠋ᠨ ᠬᠥᠳᠡᠯᠮᠦᠷᠢ ᠶ᠋ᠢᠨ ᠵᠢᠱ᠌ᠢᠶᠡᠴᠢ᠂ ᠣᠷᠣᠨ ᠤ᠋ ᠳᠡᠰ ᠪᠣᠯᠤᠨ ᠬᠣᠲᠠ ᠶ᠋ᠢᠨ ᠳᠡᠰ ᠦ᠋ᠨ ᠠᠬᠠᠮᠠᠳ ᠬᠢᠲᠠᠳ ᠮᠣᠩᠭᠣᠯ ᠡᠮ ᠡᠮᠨᠡᠯᠭᠡ ᠶ᠋ᠢᠨ ᠲᠤᠰᠬᠠᠢ ᠮᠡᠷᠭᠡᠵᠢᠯᠲᠡᠨ ᠦ᠌ ᠡᠷᠳᠡᠮ  ᠰᠢᠨᠵᠢᠯᠡᠭᠡᠨ ᠦ᠌ ᠲᠤᠷᠰᠢᠯᠭ᠎ᠠ ᠵᠠᠯᠭᠠᠮᠵᠢᠯᠠᠭᠴᠢ ᠶ᠋ᠢᠨ ᠵᠢᠯᠣᠭᠣᠳᠤᠭᠴᠢ ᠪᠠᠭᠰᠢ ᠪᠣᠯᠬᠤ 43 ᠵᠢᠯ ᠦ᠋ᠨ ᠡᠮᠴᠢᠯᠡᠭᠡᠨ ᠦ᠌ ᠲᠤᠷᠰᠢᠯᠭ᠎ᠠ ᠲᠠᠢ ᠠᠬᠠᠮᠠᠳ ᠮᠣᠩᠭᠣᠯ ᠡᠮᠴᠢ ᠶᠦᠮ᠃ ᠲᠡᠷᠡᠪᠡᠷ᠂ ᠤᠯᠠᠮᠵᠢᠯᠠᠯᠲᠤ ᠡᠮᠴᠢᠯᠡᠭᠡ ᠶ᠋ᠢ ᠴᠢᠬᠤᠯᠠᠴᠢᠯᠠᠨ᠂ ᠮᠣᠩᠭᠣᠯ ᠧᠦ᠋ᠷᠣᠫᠠ ᠡᠮᠨᠡᠯᠭᠡ ᠶ᠋ᠢ ᠤᠶᠠᠯᠳᠤᠭᠤᠯᠬᠤ ᠶ᠋ᠢ ᠴᠢᠬᠤᠯᠠᠴᠢᠯᠠᠳᠠᠭ᠃ ᠳᠡᠭᠡᠷ᠎ᠡ ᠵᠠᠭᠤᠨ ᠤ᠋ ᠨᠠᠶᠠᠭᠠᠳ ᠣᠨ ᠠ᠋ᠴᠠ ᠡᠬᠢᠯᠡᠵᠦ ᠵᠢᠷᠤᠬᠠᠢ ᠶ᠋ᠢ ᠰᠤᠳᠤᠯᠵᠤ᠂ ᠵᠢᠷᠤᠬᠠᠢ ᠬᠢᠭᠡᠳ ᠡᠮᠴᠢᠯᠡᠭᠡ ᠲᠡᠢ ᠬᠠᠪᠰᠤᠷᠭᠠᠨ ᠢᠯᠡᠷᠡᠭᠡᠳᠦᠢ ᠡᠪᠡᠳᠴᠢᠨ ᠢ᠋ ᠤᠷᠢᠳᠴᠢᠯᠠᠨ ᠰᠡᠷᠭᠡᠢᠯᠡᠬᠦ ᠠᠭᠤᠯᠭ᠎ᠠ ᠶ᠋ᠢ ᠲᠡᠭᠦᠯᠳᠡᠷᠵᠢᠭᠦᠯᠵᠦ᠂ ᠡᠮᠴᠢᠯᠡᠭᠡᠨ ᠳ᠋ᠦ᠍ ᠨᠡᠯᠢᠶᠡᠳ ᠰᠠᠢᠨ ᠠᠮᠵᠢᠯᠲᠠ ᠣᠯᠪᠠ᠃ ᠪᠣᠷᠵᠢᠭᠢᠨ ᠡᠷᠳᠡᠨᠢᠴᠤᠭᠲᠤ ᠪᠠᠭᠰᠢ ᠶ᠋ᠢᠨ ᠡᠷᠳᠡᠮ ᠰᠢᠨᠵᠢᠯᠡᠭᠡᠨ ᠦ᠌ ᠤᠯᠠᠮᠵᠢᠯᠠᠭᠴᠢ ᠪᠣᠯᠤᠭᠰᠠᠨ ᠤ᠋ ᠬᠤᠪᠢ ᠳ᠋ᠤ᠌ ᠪᠢ ᠱᠠᠪᠢ ᠳᠠᠭᠠᠭᠰᠠᠨ ᠠᠷᠪᠠᠨ ᠵᠢᠯ ᠦ᠋ᠨ ᠳᠣᠲᠣᠷ᠎ᠠ ᠦᠵᠡᠵᠦ ᠰᠣᠨᠣᠰᠴᠤ ᠲᠡᠮᠳᠡᠭᠯᠡᠭᠰᠡᠨ ᠢ᠋ᠶ᠋ᠡᠨ ᠳᠥᠭᠥᠮ ᠬᠣᠷᠢᠶᠠᠩᠭᠤ᠊ᠢ᠋᠊ᠯᠠᠵᠤ᠂ ᠵᠢᠯᠣᠭᠣᠳᠤᠭᠴᠢ ᠪᠠᠭᠰᠢ ᠶ᠋ᠢᠨ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠶ᠋ᠢ ᠳᠣᠣᠷᠠᠬᠢ ᠬᠡᠳᠦᠨ ᠲᠠᠯ᠎ᠠ ᠠ᠋ᠴᠠ ᠲᠣᠢᠮᠣᠴᠢᠯᠠᠨ ᠥᠭᠦᠯᠡᠪᠡ᠃ 
1. ᠪᠦᠬᠦᠯᠢ ᠴᠣᠭᠴᠠ 
       ᠬᠣᠷᠸ᠎ᠠ ᠶ᠋ᠢᠨ ᠦᠵᠡᠯᠲᠡ ᠪᠡᠷ ᠬᠤᠪᠢᠰᠤᠩᠭᠤᠢ ᠡᠮᠴᠢᠯᠡᠬᠦ ᠪᠣᠷᠵᠢᠭᠢᠨ ᠡᠷᠳᠡᠨᠢᠴᠤᠭᠲᠤ ᠡᠮᠴᠢ ᠶ᠋ᠢᠨ ᠦᠵᠡᠬᠦ ᠪᠡᠷ ᠬᠣᠷᠸ᠎ᠠ ᠶᠢᠷᠲᠢᠨᠴᠦ ᠶ᠋ᠢ ᠲᠣᠮᠣ ᠬᠣᠷᠸ᠎ᠠ᠂ ᠵᠢᠵᠢᠭ ᠬᠣᠷᠸ᠎ᠠ ᠭᠡᠵᠦ ᠬᠣᠶᠠᠷ ᠬᠤᠪᠢᠶᠠᠳᠠᠭ᠃ ᠣᠷᠴᠢᠯᠠᠩ ᠢ᠋ ᠶᠡᠬᠡ ᠬᠣᠷᠸ᠎ᠠ ᠭᠡᠪᠡᠯ᠂ ᠳᠡᠯᠡᠬᠡᠢ ᠶ᠋ᠢᠨ ᠪᠥᠮᠪᠥᠷᠴᠡᠭ ᠪᠣᠯ ᠪᠠᠭ᠎ᠠ ᠬᠣᠷᠸ᠎ᠠ᠂ ᠳᠡᠯᠡᠬᠡᠢ ᠶ᠋ᠢᠨ ᠪᠥᠮᠪᠥᠷᠴᠡᠭ ᠢ᠋ ᠶᠡᠬᠡ ᠬᠣᠷᠸ᠎ᠠ ᠭᠡᠪᠡᠯ᠂ ᠬᠥᠮᠦᠨ ᠦ᠌ ᠪᠡᠶ᠎ᠡ ᠪᠣᠯ ᠪᠠᠭ᠎ᠠ ᠬᠣᠷᠸ᠎ᠠ᠂ ᠳᠥᠷᠪᠡᠨ ᠤᠯᠠᠷᠢᠯ (ᠴᠠᠭ)  ᠢ ᠶᠡᠬᠡ ᠬᠣᠷᠸ᠎ᠠ ᠭᠡᠪᠡᠯ᠂ ᠭᠡᠷ ᠳᠣᠲᠣᠷᠠᠬᠢ ᠠᠭᠤᠷ ᠠᠮᠢᠰᠬᠤᠯ ᠪᠣᠯ ᠪᠠᠭ᠎ᠠ ᠬᠣᠷᠸ᠎ᠠ ᠭᠡᠵᠦ᠂ 《ᠲᠣᠮᠣᠷᠠᠬᠤ ᠳ᠋ᠤ᠌ ᠪᠠᠨ ᠬᠢᠵᠠᠭᠠᠷ ᠦᠭᠡᠢ᠂ ᠵᠢᠵᠢᠭᠷᠡᠬᠦ ᠳ᠋ᠦ᠍ ᠪᠡᠨ ᠴᠥᠮ᠎ᠡ ᠦᠭᠡᠢ ᠪᠣᠯᠬᠤ》 ᠶᠣᠰᠣᠲᠠᠢ ᠭᠡᠳᠡᠭ᠃ ᠡᠪᠡᠳᠴᠢᠯᠡᠬᠦ ᠪᠣᠯ ᠶᠡᠬᠡ ᠬᠣᠷᠸ᠎ᠠ ᠶ᠋ᠢᠨ ᠵᠢᠮ᠎ᠡ ᠶ᠋ᠢ ᠰᠥᠷᠬᠦ ᠪᠤᠶᠤ ᠶᠡᠬᠡ ᠬᠣᠷᠸ᠎ᠠ ᠶ᠋ᠢᠨ ᠪᠤᠷᠤᠭᠤᠳᠠᠯ ᠠ᠋ᠴᠠ ᠪᠣᠯᠳᠠᠭ ᠲᠤᠯᠠ ᠡᠮᠴᠢᠯᠡᠭᠡ ᠬᠢᠬᠦ ᠳ᠋ᠦ᠍ ᠶᠡᠬᠡ ᠬᠣᠷᠸ᠎ᠠ ᠶ᠋ᠢ ᠡᠶᠡᠳᠡᠵᠦ ᠡᠮᠴᠢᠯᠡᠬᠦ ᠶᠣᠰᠣᠲᠠᠢ᠃ ᠵᠢᠱ᠌ᠢᠶᠡᠯᠡᠪᠡᠯ᠂ ᠬᠠᠪᠤᠷ ᠴᠠᠭ ᠡᠯᠢᠭᠡᠨ ᠦ᠌ ᠮᠣᠳᠣᠨ ᠮᠠᠬᠠᠪᠣᠳ ᠳᠡᠯᠭᠡᠷᠡᠵᠦ ᠴᠢᠰᠤ ᠰᠢᠷ᠎ᠠ ᠶ᠋ᠢᠨ ᠬᠠᠯᠠᠭᠤᠨ ᠡᠭᠦᠰᠬᠦ ᠦᠶ᠎ᠡ ᠳ᠋ᠦ᠍ ᠨᠢᠭᠡ ᠬᠥᠭ ᠢ᠋ᠶ᠋ᠡᠷ ᠭᠦᠷᠭᠦᠮ ᠵᠦᠰᠦᠮ᠂ ᠶᠡᠬᠡ ᠬᠠᠷ᠎ᠠ — 12 ᠮᠡᠲᠦ ᠰᠢᠷ᠎ᠠ ᠶ᠋ᠢᠨ ᠬᠠᠯᠠᠭᠤᠨ ᠢ᠋ ᠠᠷᠢᠯᠭᠠᠬᠤ ᠰᠡᠷᠢᠭᠦᠨ ᠬᠦᠢᠲᠡᠨ ᠡᠮ ᠬᠡᠷᠡᠭᠯᠡᠬᠦ ᠪᠡᠷ ᠪᠠᠷᠠᠬᠤ ᠦᠭᠡᠢ ᠪᠠᠰᠠ ᠬᠣᠳᠣᠭᠣᠳᠣᠨ ᠤ᠋ ᠢᠯᠴᠢ ᠶ᠋ᠢ ᠴᠦ᠍ ᠠᠩᠬᠠᠷᠬᠤ ᠬᠡᠷᠡᠭᠲᠡᠢ᠃ ᠨᠠᠮᠤᠷ ᠤ᠋ᠨ ᠤᠯᠠᠷᠢᠯ ᠳ᠋ᠤ᠌ ᠲᠡᠮᠦᠷ ᠮᠠᠬᠠᠪᠣᠳ ᠳᠡᠯᠭᠡᠷᠡᠵᠦ᠂ ᠡᠪᠡᠰᠦ ᠲᠠᠷᠢᠶ᠎ᠠ ᠬᠠᠳᠤᠵᠤ ᠬᠣᠷᠢᠶᠠᠨ ᠭᠠᠯ ᠨᠠᠷᠠᠨ ᠳ᠋ᠤ᠌ ᠰᠢᠷᠠᠭᠳᠠᠵᠤ ᠬᠠᠯᠠᠵᠤ ᠨᠠᠷᠠᠰᠢᠨ ᠡᠯᠢᠭᠡᠨ ᠦ᠌ ᠴᠢᠰᠤᠨ ᠬᠠᠯᠠᠭᠤᠨ ᠪᠠᠳᠠᠷᠠᠬᠤ ᠦᠶ᠎ᠡ ᠳ᠋ᠦ᠍ ᠬᠡᠷᠡᠭᠯᠡᠬᠦ ᠡᠮ ᠨᠢ ᠬᠠᠪᠤᠷ ᠤ᠋ᠨ ᠴᠠᠭ ᠤ᠋ᠨ ᠬᠡᠷᠡᠭᠯᠡᠬᠦ ᠡᠮ ᠲᠡᠢ ᠠᠳᠠᠯᠢ ᠦᠭᠡᠢ ᠪᠠᠢᠳᠠᠭ᠃ ᠡᠨᠡ ᠨᠢ ᠳᠠᠷᠤᠢ ᠲᠡᠭᠷᠢ ᠶ᠋ᠢᠨ ᠴᠠᠭ᠂ ᠳᠥᠷᠪᠡᠨ ᠤᠯᠠᠷᠢᠯ ᠴᠢᠨᠠᠭᠰᠢᠳᠠ ᠰᠠᠷ᠎ᠠ ᠡᠳᠦᠷ ᠢ᠋ ᠤᠶᠠᠯᠳᠤᠭᠤᠯᠤᠨ ᠪᠦᠬᠦᠯᠢ ᠴᠣᠭᠴᠠ ᠪᠠᠷ ᠡᠮᠴᠢᠯᠡᠬᠦ ᠠᠷᠭ᠎ᠠ ᠪᠣᠯᠤᠨ᠎ᠠ᠃ ᠪᠣᠷᠵᠢᠭᠢᠨ ᠡᠷᠳᠡᠨᠢᠴᠤᠭᠲᠣ ᠡᠮᠴᠢ ᠶ᠋ᠢᠨ ᠦᠵᠡᠬᠦ ᠪᠡᠷ ᠡᠨᠡ ᠬᠣᠷᠸ᠎ᠠ ᠳ᠋ᠤ᠌ ᠬᠥᠮᠦᠨ ᠲᠥᠷᠥᠯᠬᠢᠲᠡᠨ ᠡᠷᠡᠭᠦᠯ ᠡᠩᠬᠡ ᠠᠮᠢᠳᠤᠷᠠᠵᠤ ᠪᠠᠢᠭ᠎ᠠ ᠨᠢ ᠬᠥᠮᠦᠨ ᠦ᠌ ᠪᠡᠶ᠎ᠡ ᠮᠠᠬᠠᠪᠣᠳ᠂ ᠰᠡᠳᠬᠢᠴᠡ᠂ ᠲᠡᠢᠨ ᠮᠡᠳᠡᠷᠡᠯ ᠪᠠ ᠪᠠᠢᠭᠠᠯᠢ ᠶᠢᠷᠲᠢᠨᠴᠦ ᠬᠠᠷᠢᠯᠴᠠᠨ ᠲᠡᠩᠴᠡᠭᠦᠷᠢᠲᠡᠢ ᠪᠠᠢᠬᠤ ᠶ᠋ᠢᠨ ᠢᠯᠡᠷᠡᠯ ᠮᠥᠨ᠂ ᠡᠢᠮᠦ ᠡᠴᠡ ᠡᠮᠴᠢᠯᠡᠭᠡᠨ ᠳ᠋ᠦ᠍ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠨ ᠣᠷᠴᠢᠨ ᠲᠣᠭᠣᠷᠢᠨ᠂ ᠴᠠᠭ ᠤᠯᠠᠷᠢᠯ ᠲᠠᠢ ᠤᠶᠠᠯᠳᠤᠭᠤᠯᠵᠤ᠂ ᠪᠡᠶ᠎ᠡ ᠰᠡᠳᠬᠢᠴᠡ ᠶ᠋ᠢ ᠪᠦᠬᠦ ᠲᠠᠯ᠎ᠠ ᠪᠠᠷ ᠡᠮᠴᠢᠯᠡᠨ᠎ᠡ᠂ ᠬᠠᠷᠢᠨ ᠠᠯᠢ ᠨᠢᠭᠡ ᠴᠤᠯᠤ ᠰᠠᠪᠠ ᠡᠷᠬᠡᠲᠡᠨ ᠡᠪᠡᠳᠴᠢᠯᠡᠪᠡᠯ ᠲᠡᠷᠡ ᠨᠢᠭᠡ ᠴᠤᠯᠤ ᠰᠠᠪᠠ ᠡᠷᠬᠡᠲᠡᠨ ᠢ᠋ ᠵᠠᠰᠠᠵᠤ ᠡᠮᠴᠢᠯᠡᠬᠦ ᠪᠢᠰᠢ᠂ ᠡᠪᠡᠳᠴᠢᠨ ᠢ᠋ ᠡᠮᠴᠢᠯᠡᠬᠦ ᠳ᠋ᠦ᠍ ᠪᠡᠨ ᠡᠪᠡᠳᠴᠢᠲᠡᠨ ᠦ᠌ ᠪᠡᠶ᠎ᠡ ᠰᠡᠳᠬᠢᠯ ᠢ᠋ ᠬᠠᠮᠲᠤ ᠳ᠋ᠤ᠌ ᠨᠢ ᠵᠠᠰᠠᠬᠤ ᠠ᠋ᠴᠠ ᠪᠢᠰᠢ ᠭᠠᠭᠴᠠ ‍ᠬᠦ 《ᠡᠪᠡᠳᠴᠢᠨ》 ᠭᠡᠵᠦ ᠦᠵᠡᠵᠦ ᠵᠠᠰᠠᠵᠤ ᠪᠣᠯᠬᠤ ᠦᠭᠡᠢ᠃ 
2. ᠰᠤᠳᠠᠯ ᠪᠠᠷᠢᠬᠤ ᠪᠠ ᠳᠣᠯᠣᠭᠠᠨ ᠥᠪᠡᠷᠮᠢᠴᠡ ᠴᠢᠨᠠᠷ ᠢ᠋ ᠢᠯᠭᠠᠬᠤ ᠶ᠋ᠢ ᠴᠢᠬᠤᠯᠠᠴᠢᠯᠠᠳᠠᠭ 
       ᠮᠣᠩᠭᠣᠯ ᠡᠮᠴᠢ ᠪᠣᠯᠣᠭᠰᠠᠳ ᠡᠷᠬᠡᠪᠰᠢ ᠰᠤᠳᠠᠯ ᠪᠠᠷᠢᠬᠤ ᠶ᠋ᠢ ᠴᠢᠬᠤᠯᠠᠴᠢᠯᠠᠬᠤ ᠬᠡᠷᠡᠭᠲᠡᠢ᠃ ᠤᠴᠢᠷ ᠨᠢ᠂ ᠰᠤᠳᠠᠯ ᠪᠠᠷᠢᠵᠤ ᠡᠪᠡᠳᠴᠢᠨ ᠢ᠋ ᠲᠣᠭᠠᠴᠢᠬᠤ ᠪᠠᠷ ᠳᠠᠮᠵᠢᠨ ᠡᠪᠡᠳᠴᠢᠲᠡᠨ ᠦ᠌ ᠪᠡᠶ᠎ᠡ ᠮᠠᠬᠠᠪᠣᠳ ᠪᠠ ᠡᠪᠡᠳᠴᠢᠨ ᠢ᠋ ᠨᠢ ᠪᠦᠬᠦ ᠲᠠᠯ᠎ᠠ  ᠪᠠᠷ ᠣᠢᠯᠠᠭᠠᠬᠤ ᠮᠥᠷᠲᠡᠭᠡᠨ ᠡᠪᠡᠳᠴᠢᠲᠡᠨ ᠳ᠋ᠦ᠍ ᠢᠲᠡᠭᠡᠯ ᠣᠯᠭᠣᠵᠤ ᠰᠡᠳᠬᠢᠯ ᠦ᠋ᠨ ᠰᠣᠯᠢᠯᠴᠠᠭ᠎ᠠ ᠬᠢᠵᠦ ᠳᠡᠢᠯᠦᠨ᠎ᠡ᠃ ᠡᠭᠦᠨ ᠳ᠋ᠦ᠍ ᠡᠷᠡᠭᠦᠯ ᠰᠤᠳᠠᠯ᠂ ᠡᠪᠡᠳᠴᠢᠨ ᠦ᠌ ᠰᠤᠳᠠᠯ ᠢ᠋ ᠡᠵᠡᠮᠰᠢᠬᠦ ᠪᠡᠷ ᠦᠯᠦ ᠪᠠᠷᠠᠨ᠂ ᠰᠤᠳᠠᠯ ᠢ᠋ ᠲᠠᠨᠢᠵᠤ ᠡᠪᠡᠳᠴᠢᠨ ᠢ᠋ ᠣᠨᠣᠰᠢᠯᠠᠨ᠂ ᠡᠮ ᠵᠠᠰᠠᠯ ᠤ᠋ᠨ ᠵᠠᠷᠴᠢᠮ ᠢ᠋ ᠲᠣᠭᠲᠠᠭᠠᠨ᠎ᠠ᠃ ᠬᠣᠶᠠᠷ ᠲᠤ᠌ ᠰᠤᠳᠠᠯ ᠢ᠋ ᠪᠠᠷᠢᠵᠤ ᠡᠪᠡᠳᠴᠢᠨ ᠢ᠋ ᠣᠨᠣᠭᠠᠬᠤ ᠨᠢ ᠲᠠᠨᠢᠯ ᠳᠠᠰᠤᠯ ᠪᠢᠰᠢ ᠡᠪᠡᠳᠴᠢᠲᠡᠨ ᠦ᠌ ᠢᠲᠡᠭᠡᠯ ᠢ᠋ ᠳᠠᠷᠤᠢ ᠳ᠋ᠤ᠌ ᠨᠢ ᠣᠯᠵᠤ ᠪᠣᠳᠣᠯ ᠰᠡᠳᠬᠢᠯ ᠢ᠋ᠶ᠋ᠡᠨ ᠰᠣᠯᠢᠯᠴᠠᠨ᠂ ᠡᠪᠡᠳᠴᠢᠲᠡᠨ ᠦ᠌ ᠰᠤᠷᠠᠭ ᠵᠠᠩᠭᠢ ᠶ᠋ᠢ ᠨᠢᠭᠤᠯᠲᠠ ᠦᠭᠡᠢ ᠡᠵᠡᠮᠰᠢᠬᠦ ᠳ᠋ᠦ᠍ ᠠᠰᠢᠭᠲᠠᠢ ᠶᠤᠮ᠃ ᠪᠣᠷᠵᠢᠭᠢᠨ ᠡᠷᠳᠡᠨᠢᠴᠤᠭᠲᠣ ᠡᠮᠴᠢ ᠤᠷᠲᠤ ᠬᠤᠭᠤᠴᠠᠭᠠᠨ ᠤ᠋ ᠦᠢᠯᠡᠳᠦᠯᠭᠡ ᠶ᠋ᠢᠨ ᠳᠤᠮᠳᠠ ᠪᠠᠨ ᠨᠡᠯᠢᠶᠡᠳ ᠬᠡᠳᠦᠨ ᠡᠪᠡᠳᠴᠢᠨ ᠦ᠌ ᠰᠤᠳᠠᠯ ᠢ᠋ ᠰᠢᠨ᠎ᠡ ᠪᠡᠷ ᠲᠣᠳᠣᠯᠠᠨ ᠳ᠋ᠦᠩᠨᠡᠭᠰᠡᠨ ᠶᠦᠮ᠃ ᠵᠢᠱ᠌ᠢᠶᠡᠯᠡᠪᠡᠯ᠂ ᠼᠣᠨ ᠤ᠋ ᠰᠤᠳᠠᠯ ᠵᠢᠪᠦᠩᠬᠡᠢ᠂ ᠴᠠᠭ ᠤ᠋ᠨ ᠰᠤᠳᠠᠯ ᠳᠣᠷᠣᠢ ᠪᠣᠯ 《ᠭᠦᠷᠡᠭᠡᠨ ᠦ᠌ ᠬᠠᠷ᠎ᠠ ᠰᠤᠳᠠᠯ ᠤ᠋ᠨ ᠲᠦᠭᠵᠢᠷᠡᠯ ᠪᠤᠶᠤ ᠴᠢᠰᠤᠨ ᠪᠡᠲᠡᠭᠢ (1) 》 ᠂ ᠼᠣᠨ ᠭᠠᠨ ᠨᠢ ᠬᠠᠲᠠᠭᠤ᠂ ᠴᠠᠭ ᠤ᠋ᠨ ᠰᠤᠳᠠᠯ ᠨᠢ ᠵᠢᠪᠦᠩᠬᠡᠢ ᠪᠣᠯ 《ᠳᠣᠣᠷ᠎ᠠ ᠮᠥᠴᠢ ᠶ᠋ᠢᠨ ᠰᠤᠳᠠᠯ ᠤ᠋ᠨ ᠴᠢᠰᠤᠨ ᠪᠡᠲᠡᠭᠢ》 ᠭᠡᠵᠦ ᠣᠨᠣᠰᠢᠯᠠᠨ᠂ ᠳᠠᠬᠢᠨ B ᠬᠡᠳᠦ ᠳᠠᠭᠤᠨ ᠳᠣᠯᠭᠢᠶᠠᠨ ᠢ᠋ᠶ᠋ᠠᠷ ᠰᠢᠯᠭᠠᠬᠤ ᠳ᠋ᠤ᠌ ᠦᠷ᠎ᠡ ᠳ᠋ᠦᠩ ᠨᠢ ᠠᠳᠠᠯᠢ ᠪᠠᠢᠳᠠᠭ᠃ ᠡᠭᠦᠨ ᠡᠴᠡ ᠭᠠᠳᠠᠨ᠎ᠠ ᠪᠠᠰᠠ 《ᠭᠠᠢᠬᠠᠮᠰᠢᠭᠲᠤ ᠳᠣᠯᠣᠭᠠᠨ ᠰᠤᠳᠠᠯ》 ᠤ᠋ᠨ ᠤᠬᠠᠭᠠᠨ ᠢ᠋ᠶ᠋ᠠᠷ ᠳᠤᠮᠳᠠ ᠬᠤᠷᠤᠭᠤᠨ ᠤ᠋ ᠰᠤᠳᠠᠯ  ᠠ᠋ᠴᠠ 《ᠠᠳᠠ ᠡᠪᠡᠳᠴᠢᠨ》 ᠢ᠋ ᠣᠨᠣᠰᠢᠯᠠᠵᠤ᠂ ᠴᠢᠨᠠᠭᠰᠢᠳᠠ ᠶᠠᠮᠠᠷ ᠭᠠᠷᠠᠭ ᠲᠠᠢ ᠠᠯᠢ ᠵᠦᠭ ᠦ᠋ᠨ ᠬᠣᠣᠷᠯᠠᠯ ᠢ᠋ ᠲᠣᠳᠣᠯᠠᠵᠤ ᠴᠢᠳᠠᠳᠠᠭ᠃ ᠡᠭᠦᠨ ᠡᠴᠡ ᠭᠠᠳᠠᠨ᠎ᠠ᠂ ᠵᠡᠭᠦᠨ ᠭᠠᠷ ᠤ᠋ᠨ ᠭᠠᠨ ᠤ᠋ ᠰᠤᠳᠠᠯ ᠪᠠᠯᠠᠷᠬᠠᠢ᠂ ᠪᠠᠷᠠᠭᠤᠨ ᠭᠠᠷ ᠤ᠋ᠨ ᠭᠠᠨ ᠤ᠋ ᠳᠣᠣᠷ᠎ᠠ ᠥᠨᠴᠥᠭ ᠦ᠋ᠨ ᠰᠤᠳᠠᠯ ᠤ᠋ᠨ ᠳᠣᠪᠣᠢᠵᠤ ᠯᠤᠭᠰᠢᠬᠤ ᠪᠠᠷ ᠰᠥᠰᠥᠨ ᠦ᠌ ᠴᠢᠯᠠᠭᠤᠨ ᠪᠡᠲᠡᠭᠢ ᠪᠤᠶᠤ ᠮᠢᠬᠠᠨ ᠪᠡᠲᠡᠭᠢ ᠶ᠋ᠢ ᠣᠨᠣᠰᠢᠯᠠᠬᠤ ᠵᠡᠷᠭᠡ ᠣᠯᠠᠨ ᠵᠦᠢᠯ ᠦ᠋ᠨ ᠲᠤᠷᠰᠢᠯᠭ᠎ᠠ ᠬᠤᠷᠠᠮᠳᠤᠭᠤᠯᠵᠠᠢ᠃ ᠬᠥᠮᠦᠨ ᠬᠢᠭᠡᠳ ᠪᠠᠢᠭᠠᠯᠢ ᠶᠢᠷᠲᠢᠨᠴᠦ ᠪᠣᠯ ᠨᠢᠭᠡ ᠨᠢᠭᠡᠳᠦᠮᠡᠯ ᠪᠦᠬᠦᠯᠢ ᠴᠣᠭᠴᠠ ᠮᠥᠨ ᠤᠴᠢᠷ ᠠ᠋ᠴᠠ᠂ ᠡᠪᠡᠳᠴᠢᠨ ᠢ᠋ ᠡᠮᠴᠢᠯᠡᠬᠦ ᠳ᠋ᠦ᠍ ᠪᠡᠨ ᠲᠤᠬᠠᠢ ᠶ᠋ᠢᠨ ᠠᠮᠢᠳᠤᠷᠠᠬᠤ ᠣᠷᠴᠢᠨ ᠲᠣᠭᠣᠷᠢᠨ ᠬᠢᠭᠡᠳ ᠢᠳᠡᠭᠡᠨ ᠤᠮᠳᠠᠭᠠᠨ ᠶᠠᠪᠤᠳᠠᠯ ᠮᠥᠷ ᠲᠡᠢ ᠤᠶᠠᠯᠳᠤᠭᠤᠯᠵᠤ ᠵᠠᠰᠠᠳᠠᠭ᠃ ᠵᠢᠱ᠌ᠢᠶᠡᠯᠡᠪᠡᠯ᠂ ᠶᠠᠪᠤᠳᠠᠯ ᠮᠥᠷ ᠦ᠋ᠨ ᠲᠠᠯ᠎ᠠ ᠪᠠᠷ᠂ ᠣᠷᠴᠢᠨ ᠲᠣᠭᠣᠷᠢᠨ ᠤ᠋ ᠬᠤᠪᠢᠷᠠᠯᠲᠠ ᠶ᠋ᠢ ᠳᠠᠭᠠᠵᠤ᠂ ᠬᠤᠪᠴᠠᠰᠤ ᠬᠤᠨᠠᠷ ᠢ᠋ᠶ᠋ᠠᠨ ᠳᠠᠩᠴᠠᠡᠭᠦᠯᠬᠦ ᠦᠭᠡᠢ ᠪᠣᠯ ᠮᠠᠬᠠᠪᠣᠳ ᠲᠡᠩᠴᠡᠭᠦᠷᠢ ᠪᠡᠨ ᠠᠯᠳᠠᠵᠤ ᠬᠢᠯᠪᠠᠷ ᠡᠪᠡᠳᠴᠢᠯᠡᠨ᠎ᠡ᠃ ᠢᠳᠡᠭᠡᠨ ᠤᠮᠳᠠᠭᠠᠨ ᠤ᠋ ᠲᠠᠯ᠎ᠠ ᠪᠠᠷ᠂ ᠡᠳ᠋ᠯᠡᠵᠦ ᠥᠩᠭᠡᠷᠡᠭᠰᠡᠨ ᠦᠭᠡᠢ ᠢᠳᠡᠭᠡᠨ ᠤᠮᠳᠠᠭᠠᠨ ᠢ᠋ ᠡᠳ᠋ᠯᠡᠪᠡᠯ ᠡᠰᠡ ᠰᠢᠩᠭᠡᠬᠦ ᠡᠪᠡᠳᠴᠢᠨ ᠳ᠋ᠦ᠍ ᠬᠢᠯᠪᠠᠷ ᠨᠡᠷᠪᠡᠭᠳᠡᠬᠦ ᠪᠤᠶᠤ ᠬᠠᠷᠰᠢᠮᠠᠲᠠᠭᠠᠢ ᠤᠷᠪᠠᠯ ᠡᠭᠦᠰᠴᠦ ᠣᠯᠠᠨ ᠠᠷᠠᠰᠤᠨ ᠡᠪᠡᠳᠴᠢᠨ ᠳ᠋ᠦ᠍ ᠨᠡᠷᠪᠡᠭᠳᠡᠳᠡᠭ᠃ ᠵᠢᠱ᠌ᠢᠶᠡᠯᠡᠪᠡᠯ᠂ ᠵᠠᠷᠢᠮ ᠡᠮᠴᠢ ᠨᠠᠷ ᠡᠪᠡᠳᠴᠢᠲᠡᠨ ᠦ᠌ ᠣᠷᠴᠢᠨ ᠲᠣᠭᠣᠷᠢᠨ᠂ ᠲᠥᠷᠥᠵᠦ ᠥᠰᠦᠭᠰᠡᠨ ᠭᠠᠵᠠᠷ ᠨᠤᠲᠤᠭ ᠢ᠋ ᠨᠢ ᠣᠢᠯᠠᠭᠠᠬᠤ ᠦᠭᠡᠢ ᠪᠡᠷ ᠰᠢᠮ᠎ᠡ ᠲᠡᠵᠢᠭᠡᠯ ᠳᠤᠲᠠᠭᠳᠠᠵᠤ ᠪᠠᠢᠨ᠎ᠠ ᠭᠡᠳ ᠤᠭᠤᠷᠠᠭ ᠨᠥᠬᠥᠪᠥᠷᠢᠯᠡᠬᠦ ᠪᠡᠷ ᠤᠮᠠᠷᠠᠲᠤ ᠣᠷᠣᠨ ᠤ᠋ ᠬᠥᠮᠦᠰ ᠲᠦ᠍ ᠴᠦ᠍ ᠳᠠᠯᠠᠢ ᠶ᠋ᠢᠨ ᠢᠳᠡᠭᠡᠨ ᠰᠢᠲᠦᠭᠦᠯᠳᠡᠭ ᠡᠴᠡ ᠬᠢᠯᠪᠠᠷ ᠴᠢᠰᠤᠨ  ᠳ᠋ᠠᠬᠢ ᠰᠢᠭᠡᠰᠦᠨ ᠬᠦᠴᠢᠯ ᠥᠨᠳᠥᠷᠵᠢᠵᠦ ᠳᠤᠯᠠᠢ ᠡᠪᠡᠳᠴᠢᠨ ᠢ᠋ ᠡᠭᠦᠰᠬᠡᠳᠡᠭ᠃ ᠡᠢᠮᠦ ᠡᠴᠡ᠂ ᠪᠦᠬᠦᠯᠢ ᠴᠣᠭᠴᠠ ᠶ᠋ᠢᠨ ᠣᠨᠣᠯ ᠢ᠋ ᠵᠢᠷᠤᠮᠯᠠᠨ ᠢᠳᠡᠵᠦ ᠳᠠᠰᠤᠭᠰᠠᠨ ᠦᠭᠡᠢ ᠢᠳᠡᠭᠡᠨ ᠤᠮᠳᠠᠭᠠᠨ ᠢ᠋ ᠬᠡᠵᠢᠶᠡᠳᠡ ᠴᠡᠭᠡᠷᠯᠡᠵᠦ᠂ ᠣᠨᠴᠠᠭᠠᠢᠯᠠᠨ ᠡᠪᠡᠳᠴᠢᠯᠡᠭᠰᠡᠨ ᠦ᠌ ᠳᠠᠷᠠᠭ᠎ᠠ ᠨᠡᠩ ᠢᠯᠡᠭᠦᠦ ᠠᠩᠬᠠᠷᠴᠤ ᠬᠢᠴᠢᠶᠡᠬᠦ ᠬᠡᠷᠡᠭᠲᠡᠢ᠂ ᠡᠭᠦᠨ ᠦ᠌ ᠦᠨᠳᠦᠰᠦᠯᠡᠯ ᠨᠢ ᠦᠨᠡᠨ ᠳ᠋ᠦ᠍  ᠪᠡᠨ ᠬᠥᠮᠦᠨ ᠦ᠌ ᠪᠡᠶ᠎ᠡ ᠮᠠᠬᠠᠪᠣᠳ ᠤ᠋ᠨ ᠳᠣᠯᠣᠭᠠᠨ ᠥᠪᠡᠷᠮᠢᠴᠡ ᠴᠢᠨᠠᠷ ᠢ᠋ ᠢᠯᠭᠠᠵᠤ᠂ ᠢᠳᠡᠭᠡᠨ ᠤᠮᠳᠠᠭᠠᠨ ᠤ᠋ ᠮᠠᠬᠠᠪᠣᠳ ᠲᠠᠢ ᠬᠠᠷᠢᠯᠴᠠᠨ ᠲᠦᠰᠢᠭᠯᠡᠯᠴᠡᠬᠦ ᠪᠤᠶᠤ ᠡᠰᠡᠷᠭᠦᠴᠡᠯᠳᠦᠬᠦ ᠶᠣᠰᠣ ᠪᠣᠯᠬᠤ ᠶᠤᠮ᠃ ᠵᠢᠱ᠌ᠢᠶᠡᠯᠡᠪᠡᠯ ᠰᠥᠰᠥᠨ ᠡᠪᠡᠳᠴᠢᠨ ᠳ᠋ᠦ᠍ ᠥᠨᠳᠡᠭᠡ ᠭᠣᠭᠣᠳ ᠢ᠋ ᠴᠡᠭᠡᠷᠯᠡᠬᠦ᠂ ᠶᠠᠮ᠎ᠠ ᠡᠪᠡᠳᠴᠢᠨ ᠳ᠋ᠦ᠍ ᠢᠮᠠᠭᠠᠨ ᠮᠢᠬ᠎ᠠ᠂ ᠳᠠᠪᠤᠰᠤᠯᠠᠭᠰᠠᠨ ᠨᠣᠭᠣᠭ᠎ᠠ ᠶ᠋ᠢ ᠴᠡᠭᠡᠷᠯᠡᠬᠦ᠂ ᠨᠣᠢᠷ ᠬᠤᠯᠵᠢᠬᠤ ᠡᠪᠡᠳᠴᠢᠲᠡᠨ ᠳ᠋ᠦ᠍ ᠥᠳᠬᠡᠨ ᠴᠠᠢ ᠶ᠋ᠢ ᠴᠡᠭᠡᠷᠯᠡᠬᠦ ᠭᠡᠬᠦ ᠮᠡᠲᠦ᠃ 
3. ᠪᠠᠳᠬᠠᠨ ᠬᠦᠢᠲᠡᠨ ᠡᠪᠡᠳᠴᠢᠨ ᠢ᠋ ᠪᠠᠷᠢᠬᠤ ᠶᠣᠰᠣᠨ 
       ᠪᠣᠷᠵᠢᠭᠢᠨ ᠡᠷᠳᠡᠨᠢᠴᠤᠭᠲᠤ ᠡᠮᠴᠢ ᠶ᠋ᠢᠨ ᠦᠵᠡᠬᠦ ᠪᠡᠷ᠂ ᠵᠠᠭᠤ ᠭᠠᠷᠤᠢ ᠵᠢᠯ ᠦ᠋ᠨ ᠡᠮᠦᠨ᠎ᠡ ᠡᠴᠡ ᠮᠣᠩᠭᠣᠯ ᠠᠨᠠᠭᠠᠬᠤ ᠤᠬᠠᠭᠠᠨ ᠤ᠋ ᠡᠷᠳᠡᠮᠲᠡᠳ 《ᠬᠡᠢ》 ᠶ᠋ᠢ ᠪᠠᠷᠢᠵᠤ ᠵᠠᠰᠠᠬᠤ ᠭᠡᠵᠦ ᠰᠤᠷᠲᠠᠯᠴᠢᠯᠠᠵᠤ ᠪᠠᠢᠵᠠᠢ᠃ ᠨᠡᠢᠭᠡᠮ ᠦ᠋ᠨ ᠬᠤᠪᠢᠷᠠᠯᠲᠠ᠂ ᠠᠮᠢᠳᠤᠷᠠᠯ ᠤ᠋ᠨ ᠰᠠᠢᠵᠢᠷᠠᠯᠲᠠ ᠪᠤᠶᠤ ᠣᠷᠴᠢᠨ ᠲᠣᠭᠣᠷᠢᠨ ᠤ᠋ ᠪᠤᠵᠠᠷᠲᠤᠯ᠂ ᠤᠷᠭᠤᠮᠠᠯ ᠤ᠋ᠨ ᠬᠣᠷᠮᠣᠨ᠂ ᠤᠯᠠᠷᠢᠯ ᠢ᠋ ᠰᠥᠷᠴᠦ ᠤᠷᠭᠤᠭᠰᠠᠨ ᠤᠷᠭᠤᠮᠠᠯ ᠨᠣᠭᠣᠭ᠎ᠠ᠂ ᠠᠮᠢᠲᠠᠨ ᠤ᠋ ᠬᠣᠷᠮᠣᠨ ᠢ᠋ᠶ᠋ᠠᠷ ᠮᠠᠯ ᠠᠳᠤᠭᠤᠰᠤ ᠶ᠋ᠢ ᠪᠣᠷᠳᠣᠬᠤ᠂ ᠬᠣᠷᠮᠣᠨ  ᠢ᠋ᠶ᠋ᠠᠷ ᠣᠬᠣᠷᠬᠠᠨ ᠬᠤᠭᠤᠴᠠᠭᠠᠨ ᠳ᠋ᠤ᠌ ᠣᠯᠠᠨ ᠤᠳᠠᠭ᠎ᠠ ᠲᠥᠷᠥᠭᠦᠯᠦᠭᠰᠡᠨ ᠲᠠᠬᠢᠶᠠᠨ ᠥᠨᠳᠡᠭᠡ ᠮᠡᠲᠦ ᠶ᠋ᠢᠨ ᠢᠳᠡᠭᠡᠨ᠂ ᠠᠭᠠᠷ ᠲᠣᠬᠢᠷᠠᠭᠤᠯᠤᠭᠴᠢ ᠵᠡᠷᠭᠡ ᠣᠳᠤᠬᠢᠴᠢᠯᠬᠠᠭᠰᠠᠨ ᠡᠳ᠋ᠯᠡᠯ ᠬᠡᠷᠡᠭᠰᠡᠯ ᠣᠯᠠᠰᠢᠷᠠᠵᠤ᠂ ᠮᠠᠬᠠᠪᠣᠳ ᠬᠢᠮᠤᠷᠠᠵᠤ  ᠡᠭᠦᠰᠦᠭᠰᠡᠨ ᠭᠡᠮ ᠢ᠋ ᠣᠷᠴᠢᠮ ᠤ᠋ᠨ ᠬᠡᠳᠦᠨ ᠠᠷᠪᠠᠨ ᠵᠢᠯ ᠰᠢᠷ᠎ᠠ ᠶ᠋ᠢᠨ ᠬᠠᠯᠠᠭᠤᠨ ᠢ᠋ ᠪᠠᠷᠢᠵᠤ ᠵᠠᠰᠠᠬᠤ ᠪᠣᠯᠵᠤ᠂ ᠡᠪᠡᠳᠴᠢᠲᠡᠨ ᠢ᠋ ᠦᠵᠡᠬᠦ ᠲᠡᠢ ᠵᠡᠷᠭᠡ 《ᠬᠠᠯᠠᠭᠤᠨ ᠪᠠᠳᠠᠷᠠᠪᠠ》 ᠭᠡᠵᠦ ᠰᠡᠷᠢᠭᠦᠨ ᠶᠡᠷᠦᠨᠳᠡᠭ ᠢ᠋ᠶ᠋ᠡᠷ ᠡᠮᠴᠢᠯᠡᠳᠡᠭ ᠪᠣᠯᠬᠣᠷ ᠢᠯᠴᠢ ᠶ᠋ᠢ ᠭᠡᠮᠲᠦᠭᠡᠬᠦ ᠨᠢ ᠣᠯᠠᠰᠢᠷᠠᠪᠠ᠃ ᠭᠡᠪᠡᠴᠦ᠂ ᠲᠡᠭᠦᠨ ᠦ᠌ ᠦᠵᠡᠬᠦ ᠪᠡᠷ ᠬᠣᠷᠸ᠎ᠠ ᠶᠢᠷᠲᠢᠨᠴᠦ ᠶ᠋ᠢᠨ ᠬᠤᠪᠢᠷᠠᠯᠲᠠ ᠨᠢ ᠵᠢᠷᠤᠬᠠᠢ ᠶ᠋ᠢᠨ ᠶᠣᠰᠣᠨ ᠢ᠋ ᠵᠢᠷᠤᠮᠯᠠᠵᠤ ᠪᠠᠢᠳᠠᠭ᠂ 2003 — 2023 ᠣᠨ ᠤ᠋ ᠬᠣᠭᠣᠷᠣᠨᠳᠣ ᠭᠧᠨ (2)ᠬᠦᠯᠢᠯ ᠡᠵᠡᠮᠳᠡᠭᠰᠡᠨ ᠲᠤᠯᠠ ᠵᠡᠭᠦᠨ ᠬᠣᠢᠲᠤ ᠵᠦᠭ ᠦ᠋ᠨ 《 ᠪᠢᠯᠢᠭ ᠦ᠋ᠨ ᠰᠡᠷᠢᠭᠦᠨ ᠴᠢᠭᠢᠭ 》 ᠮᠠᠬᠠᠪᠣᠳ ᠢ᠋ ᠭᠡᠮᠲᠦᠭᠡᠬᠦ ᠣᠯᠠᠨ ᠲᠤᠯᠠ ᠪᠠᠳᠬᠠᠨ ᠬᠦᠢᠲᠡᠨ ᠢ᠋ ᠪᠠᠷᠢᠵᠤ ᠵᠠᠰᠠᠬᠤ ᠴᠢᠬᠤᠯᠠᠲᠠᠢ ᠪᠣᠯᠵᠠᠢ᠃ ᠵᠢᠱ᠌ᠢᠶᠡᠯᠡᠪᠡᠯ ᠬᠢᠵᠢᠭ ᠦ᠋ᠨ ᠰᠡᠭᠦᠯᠴᠢ ᠶ᠋ᠢᠨ ᠤᠷᠬᠠᠨ ᠭᠡᠮ ᠪᠣᠯᠬᠣᠷ ᠨᠣᠢᠷ ᠰᠡᠷᠭᠦᠭᠰᠢᠬᠦ᠂ ᠪᠤᠬᠢᠨᠢᠳᠤᠬᠤ᠂ ᠭᠠᠩᠰᠠᠷᠠᠯ᠂ ᠵᠢᠷᠦᠬᠡ ᠳᠣᠯᠭᠢᠰᠬᠤ᠂ ᠦᠶ᠎ᠡ ᠭᠡᠰᠢᠭᠦᠦ ᠡᠪᠡᠳᠬᠦ ᠵᠡᠷᠭᠡ ᠳ᠋ᠦ᠍ ᠢᠯᠴᠢ ᠶ᠋ᠢ ᠰᠡᠯᠪᠢᠨ᠂ ᠪᠠᠳᠬᠠᠨ ᠬᠦᠢᠲᠡᠨ ᠢ᠋ ᠠᠷᠢᠯᠭᠠᠵᠤ᠂ ᠮᠠᠬᠠᠪᠣᠳ ᠢ᠋ ᠲᠡᠭᠰᠢᠳᠬᠡᠬᠦ ᠶ᠋ᠢ ᠡᠷᠬᠢᠮᠯᠡᠨ ᠡᠮᠴᠢᠯᠡᠭᠡᠳ ᠮᠠᠰᠢ ᠰᠠᠢᠨ ᠠᠮᠵᠢᠯᠲᠠ ᠣᠯᠵᠤ ᠪᠣᠢ᠃ 
4. ᠪᠡᠶ᠎ᠡ ᠶ᠋ᠢᠨ ᠲᠠᠪᠤᠨ ᠮᠠᠬᠠᠪᠣᠳ ᠤ᠋ᠨ ᠠᠭᠤᠯᠤᠭᠳᠠᠴᠠ ᠬᠢᠭᠡᠳ ᠢᠯᠡᠷᠡᠭᠡᠳᠦᠢ ᠡᠪᠡᠳᠴᠢᠨ 
       ᠬᠠᠷ᠎ᠠ ᠵᠢᠷᠤᠬᠠᠢ ᠶ᠋ᠢᠨ ᠲᠠᠪᠤᠨ ᠮᠠᠬᠠᠪᠣᠳ ᠤ᠋ᠨ ᠣᠨᠣᠯ ᠳ᠋ᠤ᠌ ᠵᠢᠷᠦᠬᠡ ᠭᠡᠳᠡᠰᠦ ᠶ᠋ᠢ ᠭᠠᠯ ᠮᠠᠬᠠᠪᠣᠳ᠂ ᠠᠭᠤᠰᠬᠢ ᠣᠯᠣᠭᠠᠢ ᠶ᠋ᠢ ᠲᠡᠮᠦᠷ ᠮᠠᠬᠠᠪᠣᠳ᠂ ᠡᠯᠢᠭᠡ ᠰᠥᠰᠥ ᠶ᠋ᠢ ᠮᠣᠳᠣᠨ ᠮᠠᠬᠠᠪᠣᠳ᠂ ᠳᠡᠯᠢᠭᠦᠦ ᠬᠣᠳᠣᠭᠣᠳᠣ ᠶ᠋ᠢ ᠰᠢᠷᠣᠢ ᠮᠠᠬᠠᠪᠣᠳ᠂ ᠵᠡᠭᠦᠨ ᠪᠥᠭᠡᠷ᠎ᠡ ᠳᠠᠪᠤᠰᠠᠩ ᠵᠢᠴᠢ ᠪᠠᠷᠠᠭᠤᠨ ᠪᠥᠭᠡᠷ᠎ᠡ ᠰᠠᠮᠰᠸ ᠢ᠋ ᠤᠰᠤᠨ ᠮᠠᠬᠠᠪᠣᠳ ᠲᠤ᠌ ᠲᠥᠷᠦᠯᠵᠢᠭᠦᠯᠦᠭᠰᠡᠨ ᠮᠥᠷᠲᠡᠭᠡᠨ᠂ ᠡᠳᠡᠭᠡᠷ ᠲᠠᠪᠤᠨ ᠮᠠᠬᠠᠪᠣᠳ ᠤ᠋ᠨ ᠡᠬᠡ ᠬᠥᠪᠡᠭᠦᠨ᠂ ᠨᠥᠬᠥᠷ᠂ ᠳᠠᠢᠰᠤᠨ ᠤ᠋ ᠬᠠᠷᠢᠴᠠᠭ᠎ᠠ ᠶ᠋ᠢ ᠨᠠᠷᠢᠨ ᠨᠢᠭᠲᠠ ᠲᠠᠢᠯᠪᠤᠷᠢᠯᠠᠪᠠ᠃ ᠪᠣᠷᠵᠢᠭᠢᠨ ᠡᠷᠳᠡᠨᠢᠴᠤᠭᠲᠤ ᠡᠮᠴᠢ ᠡᠴᠡ ᠡᠳᠡᠭᠡᠷ ᠣᠨᠣᠯ ᠶᠣᠰᠣ ᠶ᠋ᠢ ᠠᠰᠢᠭᠯᠠᠵᠤ ᠴᠤᠯᠤ ᠰᠠᠪᠠ ᠶ᠋ᠢᠨ ᠬᠣᠭᠣᠷᠣᠨᠳᠣᠬᠢ ᠡᠬᠡ᠂ ᠬᠥᠪᠡᠭᠦᠨ᠂ ᠨᠥᠬᠥᠷ᠂ ᠳᠠᠢᠰᠤᠨ ᠤ᠋ ᠬᠠᠷᠢᠴᠠᠭ᠎ᠠ ᠬᠣᠯᠪᠣᠭ᠎ᠠ  ᠪᠠᠷ ᠴᠤᠯᠤ ᠰᠠᠪᠠ ᠶ᠋ᠢᠨ ᠡᠪᠡᠳᠴᠢᠨ ᠵᠢᠴᠢ ᠪᠦᠬᠦ ᠪᠡᠶ᠎ᠡ ᠶ᠋ᠢᠨ ᠡᠪᠡᠳᠴᠢᠨ ᠢ᠋ ᠡᠮᠨᠡᠵᠦ᠂ ᠡᠨᠡ ᠨᠢ ᠳᠠᠩ ᠭᠠᠭᠴᠠ ᠨᠢᠭᠡᠨ ᠴᠤᠯᠤ ᠪᠤᠶᠤ ᠨᠢᠭᠡ ᠰᠠᠪᠠ ᠶ᠋ᠢ ᠪᠠᠷᠢᠵᠤ ᠡᠮᠨᠡᠭᠰᠡᠨ ᠡᠴᠡ ᠡᠳᠡᠭᠡᠷᠡᠯᠲᠡ ᠶ᠋ᠢᠨ ᠨᠣᠷᠮ᠎ᠠ ᠥᠨᠳᠥᠷ᠂ ᠠᠴᠢ ᠲᠤᠰᠠ ᠨᠡᠩ ᠰᠠᠢᠨ ᠪᠠᠢᠳᠠᠭ᠃ ᠢᠯᠡᠷᠡᠭᠡᠳᠦᠢ ᠡᠪᠡᠳᠴᠢᠨ ᠢ᠋ ᠡᠮᠴᠢᠯᠡᠬᠦ (3) ᠳ᠋ᠤ᠌ ᠥᠪᠡᠷᠮᠢᠴᠡ ᠮᠠᠬᠠᠪᠣᠳ ᠤ᠋ᠨ ᠬᠡᠮᠵᠢᠭᠳᠡᠬᠦᠨ᠂ ᠬᠡᠢ ᠰᠢᠷ᠎ᠠ ᠪᠠᠳᠬᠠᠨ ᠤ᠋ ᠠᠭᠤᠯᠤᠭᠳᠠᠴᠠ ᠶ᠋ᠢᠨ ᠬᠡᠮᠵᠢᠭᠳᠡᠯ ᠢ᠋ ᠮᠡᠳᠡᠬᠦ ᠴᠢᠬᠤᠯᠠᠲᠠᠢ᠃ ᠡᠴᠢᠭᠡ ᠡᠬᠡ ᠶ᠋ᠢᠨ ᠴᠠᠭᠠᠨ ᠤᠯᠠᠭᠠᠨ ᠳᠤᠰᠤᠯ ᠳ᠋ᠠᠬᠢ ᠬᠡᠢ᠂ ᠰᠢᠷ᠎ᠠ᠂ ᠪᠠᠳᠬᠠᠨ ᠤ᠋ ᠲᠠᠪᠤᠨ ᠮᠠᠬᠠᠪᠣᠳ ᠤ᠋ᠨ ᠠᠭᠤᠯᠤᠭᠳᠠᠴᠠ ᠠᠳᠠᠯᠢ ᠪᠤᠰᠤ ᠠ᠋ᠴᠠ ᠪᠣᠯᠵᠤ ᠲᠥᠷᠥᠯᠬᠢ ᠪᠡᠶ᠎ᠡ ᠮᠠᠬᠠᠪᠣᠳ ᠤ᠋ᠨ ᠬᠡᠢ᠂ ᠰᠢᠷ᠎ᠠ᠂ ᠪᠠᠳᠬᠠᠨ ᠤ᠋ ᠲᠠᠪᠤᠨ ᠮᠠᠬᠠᠪᠣᠳ ᠤ᠋ᠨ ᠬᠡᠮᠵᠢᠶ᠎ᠡ ᠪᠠᠰᠠ ᠠᠳᠠᠯᠢ ᠦᠭᠡᠢ᠃ ᠡᠭᠦᠨ ᠢ᠋ ᠡᠷᠲᠡᠨ ᠦ᠌ ᠮᠡᠷᠭᠡᠳ ᠬᠥᠮᠦᠨ ᠪᠦᠷᠢ ᠶ᠋ᠢᠨ ᠮᠠᠬᠠᠪᠣᠳ ᠤ᠋ᠨ ᠠᠭᠤᠯᠤᠭᠳᠠᠴᠠ ᠶ᠋ᠢ ᠲᠥᠷᠥᠭᠰᠡᠨ ᠡᠳᠦᠷ ᠦ᠋ᠨ ᠲᠡᠭᠷᠢ ᠶ᠋ᠢᠨ ᠡᠰᠢ ᠬᠢᠭᠡᠳ ᠭᠠᠵᠠᠷ ᠤ᠋ᠨ ᠡᠷᠬᠡᠲᠡᠨ ᠢ᠋ᠶ᠋ᠡᠷ ᠲᠡᠮᠳᠡᠭᠯᠡᠳᠡᠭ᠃ ᠡᠭᠦᠨ ᠳ᠋ᠦ᠍ ᠲᠡᠭᠷᠢ ᠶ᠋ᠢᠨ ᠠᠷᠪᠠᠨ ᠡᠰᠢ ᠶ᠋ᠢ ᠬᠥᠬᠡ ᠬᠥᠬᠡᠭᠴᠢᠨ᠂ ᠤᠯᠠᠭᠠᠨ ᠤᠯᠠᠭᠠᠭᠴᠢᠨ᠂ ᠰᠢᠷ᠎ᠠ ᠰᠢᠷᠬᠠᠭᠴᠢᠨ᠂ ᠴᠠᠭᠠᠨ ᠴᠠᠭᠠᠭᠴᠢᠨ᠂ ᠬᠠᠷ᠎ᠠ ᠬᠠᠷᠠᠭᠴᠢᠨ ᠠᠷᠪᠠᠨ ᠥᠩᠭᠡ ᠪᠡᠷ ᠲᠥᠯᠥᠭᠡᠯᠡᠳᠡᠭ ᠮᠥᠷᠲᠡᠭᠡᠨ ᠬᠥᠬᠡ ᠬᠥᠬᠡᠭᠴᠢᠨ ᠢ᠋ ᠮᠣᠳᠣᠨ ᠮᠠᠬᠠᠪᠣᠳ᠂ ᠤᠯᠠᠭᠠᠨ ᠤᠯᠠᠭᠠᠭᠴᠢᠨ ᠢ᠋ ᠭᠠᠯ ᠮᠠᠬᠠᠪᠣᠳ᠂ ᠰᠢᠷ᠎ᠠ ᠰᠢᠷᠬᠠᠭᠴᠢᠨ ᠢ᠋ ᠰᠢᠷᠣᠢ ᠮᠠᠬᠠᠪᠣᠳ᠂ ᠴᠠᠭᠠᠨ ᠴᠠᠭᠠᠭᠴᠢᠨ ᠢ᠋ ᠲᠡᠮᠦᠷ ᠮᠠᠬᠠᠪᠣᠳ᠂ ᠬᠠᠷ᠎ᠠ ᠬᠠᠷᠬᠠᠭᠴᠢᠨ ᠢ᠋ ᠤᠰᠤᠨ ᠮᠠᠬᠠᠪᠣᠳ ᠲᠤ᠌ ᠲᠤᠰ ᠲᠤᠰ ᠲᠤ᠌ ᠨᠢ ᠲᠥᠷᠦᠯᠵᠢᠭᠦᠯᠵᠦ᠂ ᠭᠠᠵᠠᠷ ᠤ᠋ᠨ ᠠᠷᠪᠠᠨ ᠬᠣᠶᠠᠷ ᠡᠷᠬᠡᠲᠡᠨ ᠢ᠋ ᠬᠤᠯᠤᠭᠠᠨ᠎ᠠ᠂ ᠦᠬᠡᠷ᠂ ᠪᠠᠷᠰ᠂ ᠲᠠᠤᠯᠠᠢ᠂ ᠯᠤᠤ᠂ ᠮᠣᠭᠠᠢ᠂ ᠮᠣᠷᠢ᠂ ᠬᠣᠨᠢ᠂ ᠪᠠᠴᠢ᠂ ᠲᠠᠬᠢᠶ᠎ᠠ᠂ᠨᠣᠬᠠᠢ᠂ ᠭᠠᠬᠠᠢ ᠪᠠᠷ ᠲᠥᠯᠥᠭᠡᠯᠡᠵᠦ᠂ ᠭᠠᠬᠠᠢ ᠬᠤᠯᠤᠭᠠᠨ᠎ᠠ ᠶ᠋ᠢ ᠤᠰᠤᠨ ᠮᠠᠬᠠᠪᠣᠳ᠂ ᠪᠠᠷᠰ ᠲᠠᠤᠯᠠᠢ ᠶ᠋ᠢ ᠮᠣᠳᠣᠨ ᠮᠠᠬᠠᠪᠣᠳ᠂ ᠮᠣᠭᠠᠢ ᠮᠣᠷᠢ ᠶ᠋ᠢ ᠭᠠᠯ ᠮᠠᠬᠠᠪᠣᠳ᠂ ᠪᠠᠴᠢ ᠲᠠᠬᠢᠶ᠎ᠠ ᠶ᠋ᠢ ᠲᠡᠮᠦᠷ ᠮᠠᠬᠠᠪᠣᠳ᠂ ᠦᠬᠡᠷ ᠯᠤᠤ ᠬᠣᠨᠢ ᠨᠣᠬᠠᠢ ᠶ᠋ᠢ ᠰᠢᠷᠣᠢ ᠮᠠᠬᠠᠪᠣᠳ ᠲᠤ᠌ ᠲᠤᠰ ᠲᠤᠰ ᠲᠤ᠌ ᠨᠢ ᠲᠥᠷᠥᠯᠵᠢᠭᠦᠯᠵᠦ᠂ ᠵᠢᠯ ᠦ᠋ᠨ ᠳᠥᠷᠪᠡᠨ ᠤᠯᠠᠷᠢᠯ ᠢ᠋ ᠪᠠᠰᠠ ᠲᠠᠪᠤᠨ ᠮᠠᠬᠠᠪᠣᠳ ᠲᠤ᠌ ᠲᠥᠷᠦᠯᠵᠢᠭᠦᠯᠵᠦ᠂ ᠡᠭᠦᠨ ᠳ᠋ᠦ᠍ ᠬᠠᠪᠤᠷ ᠤ᠋ᠨ ᠤᠯᠠᠷᠢᠯ ᠢ᠋ ᠮᠣᠳᠣᠨ ᠮᠠᠬᠠᠪᠣᠳ᠂ ᠵᠤᠨ ᠤ᠋ ᠤᠯᠠᠷᠢᠯ ᠢ᠋ ᠭᠠᠯ ᠮᠠᠬᠠᠪᠣᠳ᠂ ᠨᠠᠮᠤᠷ ᠤ᠋ᠨ ᠤᠯᠠᠷᠢᠯ ᠢ᠋ ᠲᠡᠮᠦᠷ ᠮᠠᠬᠠᠪᠣᠳ᠂ ᠡᠪᠦᠯ ᠦ᠋ᠨ ᠤᠯᠠᠷᠢᠯ ᠢ᠋ ᠤᠰᠤᠨ ᠮᠠᠬᠠᠪᠣᠳ᠂ ᠤᠯᠠᠷᠢᠯ ᠪᠦᠷᠢ ᠶ᠋ᠢᠨ ᠰᠡᠭᠦᠯᠴᠢ ᠶ᠋ᠢᠨ ᠠᠷᠪᠠᠨ ᠨᠠᠢ᠍ᠮᠠᠨ ᠡᠳᠦᠷ ᠢ᠋ ᠰᠢᠷᠣᠢ ᠶ᠋ᠢᠨ ᠮᠠᠬᠠᠪᠣᠳ ᠲᠤ᠌ ᠲᠥᠷᠥᠯᠵᠢᠭᠦᠯᠵᠦ ᠲᠡᠮᠳᠡᠭᠯᠡᠪᠡ᠃ ᠪᠣᠷᠵᠢᠭᠢᠨ ᠡᠷᠳᠡᠨᠢᠴᠤᠭᠲᠤ ᠡᠮᠴᠢ ᠡᠴᠡ ᠳᠡᠭᠡᠷᠡᠬᠢ ᠮᠡᠲᠦ ᠶ᠋ᠢᠨ ᠲᠠᠪᠤᠨ ᠮᠠᠬᠠᠪᠣᠳ ᠤ᠋ᠨ ᠠᠭᠤᠯᠤᠭᠳᠠᠴᠠ ᠬᠢᠭᠡᠳ ᠬᠣᠭᠣᠷᠣᠨᠳᠣᠬᠢ ᠬᠠᠷᠢᠴᠠᠭ᠎ᠠ ᠬᠣᠯᠪᠣᠭ᠎ᠠ ᠶ᠋ᠢ ᠠᠰᠢᠭᠯᠠᠵᠤ ᠬᠥᠮᠦᠰ ᠦ᠋ᠨ ᠶᠠᠮᠠᠷ ᠨᠠᠰᠤᠨ ᠳ᠋ᠤ᠌᠂ ᠶᠠᠮᠠᠷ ᠤᠯᠠᠷᠢᠯ ᠳ᠋ᠤ᠌ ᠶᠠᠮᠠᠷ ᠡᠪᠡᠳᠴᠢᠨ ᠳ᠋ᠦ᠍ ᠨᠡᠷᠪᠡᠭᠳᠡᠬᠦ᠂ ᠠᠯᠢ ᠵᠢᠯ ᠳ᠋ᠦ᠍ ᠶᠠᠮᠠᠷ ᠡᠪᠡᠳᠴᠢᠨ ᠳᠡᠯᠭᠡᠷᠡᠬᠦ ᠪᠠ ᠡᠪᠡᠳᠴᠢᠲᠡᠨ ᠬᠡᠵᠢᠶ᠎ᠡ ᠰᠠᠢᠵᠢᠷᠠᠬᠤ ᠶᠠᠮᠠᠷ ᠨᠠᠢᠷᠠᠯᠭ᠎ᠠ ᠲᠠᠢ ᠡᠮ ᠢ᠋ ᠤᠤᠭᠤᠪᠠᠯ ᠡᠪᠡᠳᠴᠢᠲᠡᠨ ᠲᠦᠷᠭᠡᠨ ᠡᠳᠡᠭᠡᠷᠡᠬᠦ᠂ ᠡᠮ ᠵᠣᠷᠯᠠᠬᠤ ᠳ᠋ᠤ᠌ ᠠᠯᠢ ᠬᠥᠯ ᠡᠮ ᠢ᠋ ᠬᠡᠳᠦᠢ ᠬᠡᠮᠵᠢᠶ᠎ᠡ ᠬᠢᠪᠡᠯ ᠵᠣᠬᠢᠷᠠᠬᠤ ᠭᠡᠰᠡᠨ ᠢ᠋ ᠲᠣᠮᠢᠶᠠᠴᠢᠯᠠᠨ ᠪᠣᠳᠣᠳᠠᠭ᠃ ᠡᠨᠡ ᠨᠢ ᠥᠪ ᠦᠨᠡᠨ ᠢᠯᠡᠷᠡᠭᠡᠳᠦᠢ ᠡᠪᠡᠳᠴᠢᠨ ᠢ᠋ ᠡᠮᠴᠢᠯᠡᠬᠦ ᠵᠢᠩᠬᠢᠨᠢ ᠮᠡᠳᠡᠯᠭᠡ ᠪᠠᠢᠵᠤ᠂ ᠢᠯᠡᠷᠡᠭᠡᠳᠦᠢ ᠡᠪᠡᠳᠴᠢᠨ ᠢ᠋ ᠣᠨᠣᠰᠢᠯᠠᠵᠤ ᠡᠮᠴᠢᠯᠡᠬᠦ ᠠᠭᠤᠯᠭ᠎ᠠ ᠶ᠋ᠢ ᠲᠡᠭᠦᠯᠳᠡᠷᠵᠢᠭᠦᠯᠦᠭᠰᠡᠨ ᠪᠠᠢᠨ᠎ᠠ᠃ 
5. ᠤᠯᠠᠮᠵᠢᠯᠠᠯᠲᠤ ᠵᠠᠰᠠᠯ ᠢ᠋ ᠡᠷᠬᠢᠮᠯᠡᠵᠦ ᠡᠮᠴᠢᠯᠡᠬᠦ 
       ᠠᠮᠢᠳᠤᠷᠠᠯ ᠤ᠋ᠨ ᠣᠷᠴᠢᠨ ᠲᠣᠭᠣᠷᠢᠨ ᠬᠢᠭᠡᠳ ᠢᠳᠡᠭᠡᠨ ᠤᠮᠳᠠᠭᠠᠨ ᠤ᠋ ᠪᠤᠵᠠᠷᠲᠤᠯ᠂ ᠬᠢᠮᠢ ᠶ᠋ᠢᠨ ᠢᠳᠡᠭᠡᠨ ᠤᠮᠳᠠᠭᠠᠨ  ᠤ᠋ ᠲᠥᠷᠥᠯ ᠵᠦᠢᠯ ᠣᠯᠠᠨ ᠳᠡᠯᠭᠡᠷᠡᠭᠰᠡᠨ ᠡᠴᠡ ᠬᠥᠮᠦᠰ ᠦ᠋ᠨ ᠪᠡᠶ᠎ᠡ ᠮᠠᠬᠠᠪᠣᠳ ᠡᠳᠦᠷ ᠡᠴᠡ ᠡᠳᠦᠷ ᠬᠣᠣᠷᠳᠠᠭᠳᠠᠵᠤ᠂ ᠡᠯᠢᠭᠡᠨ ᠦ᠌ ᠠᠵᠢᠯᠯᠠᠭ᠎ᠠ ᠳᠣᠷᠣᠢᠲᠠᠨ᠂ ᠲᠤᠩᠭᠠᠯᠠᠭ ᠴᠥᠪ ᠦ᠋ᠨ ᠢᠯᠭᠠᠷᠠᠯᠲᠠ ᠮᠠᠭᠤᠳᠠᠵᠤ᠂ ᠡᠯ᠎ᠡ ᠵᠦᠢᠯ ᠦ᠋ᠨ ᠬᠠᠷᠰᠢᠮᠠᠲᠠᠭᠠᠢ ᠤᠷᠪᠠᠯ ᠡᠭᠦᠰᠦᠭᠰᠡᠨ ᠡᠴᠡ ᠡᠮ ᠳᠠᠩ ᠤᠤᠭᠤᠬᠤ᠂ ᠣᠨᠴᠠᠭᠠᠢᠯᠠᠨ ᠧᠦ᠋ᠷᠣᠫᠠ ᠡᠮ ᠤᠤᠭᠤᠬᠤ ᠪᠤᠶᠤ ᠰᠤᠳᠠᠯ ᠢ᠋ᠶ᠋ᠠᠷ ᠡᠮ ᠶᠡᠭᠦᠯᠡᠬᠦ ᠶ᠋ᠢᠨ ᠭᠠᠵᠢᠭᠤ ᠦᠢᠯᠡᠳᠦᠯ ᠡᠴᠡ ᠵᠠᠢᠯᠬᠤ ᠶ᠋ᠢᠨ ᠲᠥᠯᠥᠭᠡ ᠤᠯᠠᠮᠵᠢᠯᠠᠯᠲᠤ ᠡᠮ ᠵᠠᠰᠠᠯ ᠢ᠋ᠶ᠋ᠠᠷ ᠡᠮᠨᠡᠭᠦᠯᠬᠦ ᠨᠢ ᠡᠳᠦᠷ ᠡᠴᠡ ᠡᠳᠦᠷ ᠣᠯᠠᠰᠢᠷᠠᠵᠤ ᠪᠠᠢᠨ᠎ᠠ᠃ ᠡᠭᠦᠨ ᠳ᠋ᠦ᠍᠂ ᠪᠣᠷᠵᠢᠭᠢᠨ ᠡᠷᠳᠡᠨᠢᠴᠣᠭᠲᠣ ᠡᠮᠴᠢ ᠡᠴᠡ ᠳᠣᠣᠷᠠᠬᠢ ᠮᠡᠲᠦ ᠶ᠋ᠢᠨ ᠤᠯᠠᠮᠵᠢᠯᠠᠯᠲᠤ ᠵᠠᠰᠠᠯ ᠤ᠋ᠨ ᠭᠠᠷ ᠠᠪᠤᠯᠭ᠎ᠠ ᠶ᠋ᠢ ᠡᠮᠴᠢᠯᠡᠭᠡᠨ ᠳ᠋ᠦ᠍ ᠬᠡᠷᠡᠭᠯᠡᠵᠦ᠂ ᠦᠢᠯᠡᠳᠦᠯ ᠨᠢ ᠮᠠᠰᠢ ᠳᠣᠪᠣᠢᠮ᠎ᠠ ᠪᠠᠢᠳᠠᠭ᠃ 
5᠂1 ᠠᠯᠲᠠᠨ ᠵᠡᠭᠦᠦ ᠵᠠᠰᠠᠯ ᠠᠯᠲᠠᠨ ᠵᠡᠭᠦᠦ ᠵᠠᠰᠠᠯ ᠪᠣᠯ ᠪᠣᠷᠵᠢᠭᠢᠨ ᠡᠷᠳᠡᠨᠢᠴᠤᠭᠲᠤ ᠡᠮᠴᠢ ᠶ᠋ᠢᠨ ᠳᠡᠭᠡᠷ᠎ᠡ ᠦᠶ᠎ᠡ ᠡᠴᠡ ᠪᠡᠨ ᠤᠯᠠᠮᠵᠢᠯᠠᠭᠰᠠᠨ ᠭᠠᠷ ᠠᠪᠤᠯᠭ᠎ᠠ ᠶ᠋ᠢᠨ ᠨᠢᠭᠡ ᠪᠣᠯᠤᠨ᠎ᠠ᠃ 《ᠮᠣᠩᠭᠣᠯ ᠶᠣᠰᠣᠨ ᠤ᠋ ᠨᠢᠭᠤᠴᠠ ᠤᠯᠠᠮᠵᠢᠯᠠᠯᠲᠤ ᠠᠨᠠᠭᠠᠬᠤ ᠵᠠᠰᠠᠯ ᠤ᠋ᠨ ᠦᠨᠳᠦᠰᠦ》ᠳ᠋ᠦ᠍᠄ 《ᠠᠯᠲᠠ ᠪᠣᠯ ᠡᠷᠳᠡᠨᠢ ᠶ᠋ᠢᠨ ᠬᠣᠣᠷ ᠢ᠋ ᠠᠷᠢᠯᠭᠠᠵᠤ᠂ ᠬᠥᠭᠰᠢᠳ ᠢ᠋ ᠴᠢᠬᠢᠷᠬᠠᠭᠵᠢᠭᠤᠯᠬᠤ᠂ ᠨᠠᠰᠤ ᠶ᠋ᠢ ᠤᠷᠲᠤᠳᠬᠠᠬᠤ ᠴᠢᠳᠠᠯ ᠲᠠᠢ》[2] ᠭᠡᠵᠦ ᠲᠡᠮᠳᠡᠭᠯᠡᠪᠡ᠃ ᠡᠮᠴᠢᠯᠡᠭᠡᠨ ᠳ᠋ᠦ᠍ ᠪᠣᠷᠵᠢᠭᠢᠨ ᠡᠷᠳᠡᠨᠢᠴᠤᠭᠲᠤ ᠡᠮᠴᠢ ᠡᠴᠡ ᠪᠦᠯᠢᠶᠡᠨ ᠠᠯᠲᠠᠨ ᠵᠡᠭᠦᠦ ᠪᠡᠷ ᠭᠣᠣᠤᠯᠳᠠᠭᠤᠯᠵᠤ᠂ ᠡᠨᠡ ᠨᠢ ᠠᠯᠲᠠᠨ ᠵᠡᠭᠦᠦ ᠪᠣᠯᠤᠨ ᠲᠥᠭᠡᠨᠡᠬᠦ ᠵᠠᠰᠠᠯ ᠢ᠋ ᠬᠠᠪᠰᠤᠷᠭᠠᠭᠰᠠᠨ ᠲᠤᠯᠠ ᠳᠠᠩ ᠭᠠᠭᠴᠠ ᠠᠯᠲᠠᠨ ᠵᠡᠭᠦᠦ ᠬᠠᠳᠬᠤᠭᠰᠠᠨ ᠠ᠋ᠴᠠ ᠦᠢᠯᠡᠳᠦᠯ ᠢ᠋ᠶ᠋ᠡᠷ ᠨᠡᠩ ᠰᠠᠢᠨ ᠪᠠᠢᠳᠠᠭ᠃ ᠤᠴᠢᠷ ᠨᠢ ᠬᠥᠮᠦᠰ ᠡᠪᠡᠳᠴᠢᠯᠡᠭᠰᠡᠨ ᠦ᠌ ᠭᠣᠣᠯ ᠰᠢᠯᠲᠠᠭᠠᠨ ᠪᠣᠯ ᠬᠥᠮᠦᠨ ᠦ᠌ ᠪᠡᠶ᠎ᠡ ᠶ᠋ᠢᠨ ᠭᠠᠯ ᠤ᠋ᠨ ᠢᠯᠴᠢ ᠪᠠᠭᠤᠷᠠᠵᠤ᠂ ᠠᠷᠭ᠎ᠠ ᠶ᠋ᠢᠨ ᠬᠡᠮᠵᠢᠶ᠎ᠡ ᠪᠠᠷᠠᠭᠳᠠᠭᠰᠠᠨ ᠠ᠋ᠴᠠ ᠮᠠᠬᠠᠪᠣᠳ ᠲᠠᠮᠢᠷ ᠬᠢᠮᠤᠷᠠᠯᠳᠤᠵᠤ᠂ ᠲᠡᠩᠴᠡᠭᠦᠷᠢ ᠪᠡᠨ ᠠᠯᠳᠠᠭᠰᠠᠨ ᠠ᠋ᠴᠠ ᠪᠣᠯᠵᠠᠢ᠃ ᠠᠯᠲᠠᠨ ᠵᠡᠭᠦᠦ ᠢᠯᠴᠢ ᠶ᠋ᠢ ᠳᠠᠮᠵᠢᠭᠤᠯᠬᠤ ᠪᠠᠷ ᠰᠠᠢᠨ᠂ ᠮᠠᠬᠠᠪᠣᠳ ᠢ᠋ ᠴᠢᠭᠢᠷᠬᠠᠭᠵᠢᠭᠤᠯᠬᠤ ᠪᠠᠷ ᠰᠠᠢᠨ ᠪᠣᠯᠬᠣᠷ ᠪᠡᠶ᠎ᠡ ᠶ᠋ᠢᠨ ᠭᠠᠯ ᠤ᠋ᠨ ᠢᠯᠴᠢ ᠶ᠋ᠢ ᠨᠡᠮᠡᠭᠳᠡᠭᠦᠯᠵᠦ᠂ ᠲᠠᠮᠢᠷ ᠢ᠋ ᠨᠥᠬᠥᠪᠥᠷᠢᠯᠡᠬᠦ ᠳ᠋ᠦ᠍ ᠣᠨᠴᠠ ᠠᠴᠢ ᠲᠤᠰᠠ ᠲᠠᠢ ᠪᠠᠢᠳᠠᠭ᠃ ᠡᠭᠦᠨ ᠳ᠋ᠦ᠍ ᠭᠠᠯ ᠤ᠋ᠨ ᠢᠯᠴᠢ ᠪᠠᠭᠤᠷᠠᠭᠰᠠᠨ ᠠ᠋ᠴᠠ ᠬᠣᠳᠣᠭᠣᠳᠣ ᠳᠣᠷᠣᠢᠲᠠᠬᠤ ᠡᠪᠡᠳᠴᠢᠨ᠂ ᠡᠯ᠎ᠡ ᠵᠦᠢᠯ ᠦ᠋ᠨ ᠪᠡᠲᠡᠭᠢ ᠡᠪᠡᠳᠴᠢᠨ᠂ ᠬᠡᠪᠲᠡᠰᠢ ᠶ᠋ᠢᠨ ᠬᠦᠢᠲᠡᠨ ᠡᠴᠡ ᠪᠣᠯᠤᠭᠰᠠᠨ ᠦᠯᠦ ᠵᠢᠷᠮᠦᠰᠦᠯᠡᠬᠦ ᠡᠪᠡᠳᠴᠢᠨ᠂ ᠣᠨᠴᠠᠭᠠᠢᠯᠠᠨ ᠬᠡᠢ ᠳᠡᠢᠯᠦᠩᠭᠦᠢ ᠨᠣᠢᠷ ᠬᠤᠯᠵᠢᠬᠤ ᠡᠪᠡᠳᠴᠢᠨ ᠳ᠋ᠦ᠍ ᠦᠢᠯᠡᠳᠦᠯ ᠢ᠋ᠶ᠋ᠡᠷ ᠨᠡᠩ ᠰᠠᠢᠨ ᠪᠠᠢᠳᠠᠭ᠃ ᠡᠭᠦᠨ ᠳ᠋ᠦ᠍᠂ ᠪᠣᠷᠵᠢᠭᠢᠨ ᠡᠷᠳᠡᠨᠢᠴᠤᠭᠲᠤ ᠡᠮᠴᠢ ᠡᠴᠡ ᠪᠦᠯᠢᠶᠡᠨ ᠠᠯᠲᠠᠨ ᠵᠡᠭᠦᠦ ᠵᠠᠰᠠᠯ ᠢ᠋ᠶ᠋ᠠᠷ ᠬᠢᠵᠢᠭ ᠦ᠋ᠨ ᠤᠷᠬᠠᠨ ᠭᠡᠮ ᠢ᠋ᠶ᠋ᠡᠷ ᠨᠣᠢᠷ ᠬᠤᠯᠵᠢᠬᠤ᠂ ᠪᠤᠬᠢᠨᠢᠳᠤᠬᠤ ᠭᠡᠮ ᠢ᠋ ᠡᠮᠴᠢᠯᠡᠭᠡᠳ ᠨᠡᠯᠢᠶᠡᠳ ᠰᠠᠢᠨ ᠠᠮᠵᠢᠯᠲᠠ ᠣᠯᠪᠠ᠃ 
5᠂2 ᠬᠠᠨᠠᠬᠤ ᠵᠠᠰᠠᠯ ᠢ᠋ᠶ᠋ᠠᠷ 《ᠰᠢᠨ᠎ᠡ ᠡᠷᠢᠨ》 ᠦ᠌ ᠡᠪᠡᠳᠴᠢᠨ ᠢ᠋ ᠡᠮᠴᠢᠯᠡᠬᠦ ᠬᠠᠨᠠᠬᠤ ᠵᠠᠰᠠᠯ ᠪᠣᠯ ᠤᠯᠠᠮᠵᠢᠯᠠᠯᠲᠤ ᠵᠠᠰᠠᠯ ᠤ᠋ᠨ ᠨᠢᠭᠡ ᠵᠦᠢᠯ ᠦ᠋ᠨ ᠰᠢᠷᠦᠭᠦᠨ ᠵᠠᠰᠠᠯ ᠪᠣᠯᠤᠨ᠎ᠠ᠃ ᠲᠡᠷᠡ ᠨᠢ ᠬᠥᠮᠦᠨ ᠦ᠌ ᠪᠡᠶ᠎ᠡ ᠶ᠋ᠢᠨ ᠭᠠᠳᠠᠷᠭᠤ ᠳ᠋ᠤ᠌ ᠢᠯᠡᠬᠡᠨ ᠪᠠᠢᠭ᠎ᠠ ᠴᠢᠰᠤᠨ ᠰᠤᠳᠠᠯ ᠤ᠋ᠨ ᠲᠣᠭᠲᠠᠭᠰᠠᠨ ᠣᠷᠣᠨ ᠪᠠᠯᠴᠢᠷ ᠲᠤ᠌ ᠲᠤᠰᠬᠠᠢ ᠪᠠᠭᠠᠵᠢ  ᠪᠠᠷ ᠬᠠᠨᠠᠵᠤ ᠡᠪᠡᠳᠴᠢᠨ ᠦ᠌ ᠴᠢᠰᠤ (ᠮᠠᠭᠤ ᠴᠢᠰᠤ) ᠶ᠋ᠢ ᠭᠠᠳᠠᠭᠰᠢ ᠭᠠᠷᠭᠠᠭᠠᠳ ᠡᠪᠡᠳᠴᠢᠨ ᠡᠮᠭᠡᠭ ᠢ᠋ ᠠᠨᠠᠭᠠᠳᠠᠭ᠃ ᠬᠠᠨᠠᠬᠤ ᠵᠠᠰᠠᠯ ᠨᠢ ᠭᠣᠣᠯᠳᠠᠭᠤ ᠮᠠᠭᠤ ᠴᠢᠰᠤ ᠶ᠋ᠢ ᠬᠠᠨᠠᠵᠤ ᠰᠦᠪᠡ ᠶ᠋ᠢ ᠨᠡᠭᠡᠭᠡᠭᠳᠡᠭᠦᠯᠦᠨ ᠬᠡᠢ ᠴᠢᠰᠤᠨ ᠤ᠋ ᠭᠦᠶᠦᠳᠡᠯ ᠢ᠋ ᠰᠠᠢᠵᠢᠷᠠᠭᠤᠯᠵᠤ᠂ ᠴᠢᠰᠤᠨ ᠬᠠᠯᠠᠭᠤᠨ ᠢ᠋ ᠪᠠᠭᠤᠷᠠᠭᠤᠯᠤᠨ᠂ ᠮᠠᠬᠠᠪᠣᠳ ᠢ᠋ ᠲᠡᠭᠰᠢᠳᠬᠡᠵᠦ ᠡᠪᠡᠳᠴᠢᠨ ᠢ᠋ ᠠᠨᠠᠭᠠᠬᠤ ᠵᠣᠷᠢᠯᠭ᠎ᠠ ᠳ᠋ᠤ᠌ ᠪᠠᠨ ᠬᠦᠷᠳᠡᠭ᠃ ᠬᠠᠷᠢᠨ ᠬᠥᠮᠦᠨ ᠦ᠌ ᠪᠡᠶ᠎ᠡ ᠶ᠋ᠢᠨ ᠴᠢᠰᠤ ᠶ᠋ᠢ ᠳᠤᠷ᠎ᠠ ᠪᠠᠷ ᠬᠠᠨᠠᠵᠤ ᠭᠠᠷᠭᠠᠵᠤ ᠪᠠᠢᠭ᠎ᠠ ᠶᠠᠪᠤᠳᠠᠯ ᠣᠭᠲᠣ ᠪᠢᠰᠢ᠃ ᠬᠠᠨᠠᠬᠤ ᠵᠠᠰᠠᠯ ᠨᠢ ᠦᠢᠯᠡᠳᠬᠦ ᠲᠣᠭᠲᠠᠭᠰᠠᠨ ᠵᠢᠮ᠎ᠡ ᠭᠣᠷᠢᠮ ᠲᠠᠢ ᠮᠥᠷᠲᠡᠭᠡᠨ ᠦᠢᠯᠡᠳᠦᠯ  ᠢ᠋ᠶ᠋ᠡᠷ ᠲᠦᠷᠭᠡᠨ᠂ ᠡᠪᠡᠷᠰᠢᠶᠡᠯ ᠬᠠᠳᠬᠤᠯᠠᠭ᠎ᠠ ᠶ᠋ᠢ ᠳᠠᠷᠤᠢ ᠳ᠋ᠤ᠌ ᠨᠢ ᠵᠣᠭᠰᠣᠭᠠᠵᠤ ᠡᠪᠡᠳᠴᠢᠨ ᠡᠮᠭᠡᠭ ᠢ᠋ ᠦᠨᠳᠦᠰᠦᠨ ᠡᠴᠡ ᠨᠢ ᠠᠷᠢᠯᠭᠠᠬᠤ ᠥᠪᠡᠷᠮᠢᠴᠡ ᠣᠨᠴᠠᠯᠢᠭ ᠲᠠᠢ ᠶᠤᠮ᠃ ᠪᠣᠷᠵᠢᠭᠢᠨ ᠡᠷᠳᠡᠨᠢᠴᠤᠭᠲᠤ ᠡᠮᠴᠢ ᠡᠴᠡ ᠬᠠᠨᠠᠬᠤ ᠵᠠᠰᠠᠯ ᠢ᠋ ᠡᠪᠡᠳᠴᠢᠲᠡᠨ ᠦ᠌ ᠪᠣᠳᠠᠲᠤ ᠪᠠᠢᠳᠠᠯ ᠲᠠᠢ ᠨᠢ  ᠤᠶᠠᠯᠳᠤᠭᠤᠯᠵᠤ ᠠᠮᠢᠳᠤᠯᠢᠭ ᠢ᠋ᠶ᠋ᠠᠷ ᠬᠡᠷᠡᠭᠯᠡᠳᠡᠭ ᠮᠥᠷᠲᠡᠭᠡᠨ ᠮᠣᠩᠭᠣᠯ ᠡᠮ ᠲᠡᠢ ᠬᠠᠪᠰᠤᠷᠭᠠᠵᠤ ᠡᠪᠡᠳᠴᠢᠨ ᠡᠮᠭᠡᠭ ᠢ᠋ ᠠᠨᠠᠭᠠᠳᠠᠭ ᠣᠨᠴᠠᠭᠠᠢ ᠭᠠᠷ ᠠᠪᠤᠯᠭ᠎ᠠ ᠲᠠᠢ ᠶᠤᠮ᠃ ᠡᠭᠦᠨ ᠳ᠋ᠦ᠍ ᠨᠢᠭᠤᠷ ᠴᠡᠭᠡᠵᠢᠨ ᠬᠡᠰᠡᠭ ᠦ᠋ᠨ ᠰᠡᠪᠬᠡ᠂ ᠰᠠ ᠡᠪᠡᠳᠴᠢᠨ ᠡᠴᠡ ᠰᠢᠯᠲᠠᠭᠠᠯᠠᠭᠰᠠᠨ ᠲᠠᠯ᠎ᠠ ᠮᠥᠴᠢ ᠶ᠋ᠢᠨ ᠮᠡᠳᠡᠷᠡᠯ ᠠᠯᠳᠠᠭᠳᠠᠭᠰᠠᠨ᠂ ᠠᠯᠬᠤᠵᠤ ᠳᠡᠢᠯᠬᠦ ᠦᠭᠡᠢ᠂ ᠠᠳᠬᠤᠵᠤ ᠳᠡᠢᠯᠬᠦ ᠦᠭᠡᠢ᠂ ᠦᠭᠡ ᠶᠠᠷᠢᠵᠤ ᠳᠡᠢᠯᠬᠦ ᠦᠭᠡᠢ᠂ ᠪᠥᠭᠡᠷᠡᠨ ᠬᠦᠢᠲᠡᠨ ᠡᠴᠡ ᠪᠣᠯᠤᠭᠰᠠᠨ ᠬᠥᠯ ᠭᠠᠷ ᠬᠦᠢᠲᠡᠨ ᠣᠷᠬᠢᠬᠤ᠂ ᠬᠡᠢ ᠴᠢᠰᠤᠨ ᠤ᠋ ᠭᠦᠶᠦᠳᠡᠯ ᠬᠠᠷᠰᠢᠯᠠᠭᠳᠠᠭᠰᠠᠨ ᠠ᠋ᠴᠠ ᠬᠥᠯ ᠭᠠᠷ ᠬᠠᠯᠠᠭᠤᠨ ᠣᠷᠬᠢᠬᠤ᠂ ᠴᠢᠰᠤᠨ ᠳᠠᠷᠤᠯᠲᠠ ᠥᠨᠳᠥᠷᠵᠢᠭᠰᠡᠨ ᠡᠪᠡᠳᠴᠢᠨ᠂ ᠰᠢᠷ᠎ᠠ ᠶ᠋ᠢᠨ ᠬᠠᠯᠠᠭᠤᠨ ᠠ᠋ᠴᠠ ᠪᠣᠯᠤᠭᠰᠠᠨ ᠡᠪᠡᠷᠰᠢᠶᠡᠯ᠂ ᠠᠮᠠᠨ ᠬᠥᠨᠳᠡᠢ ᠶ᠋ᠢᠨ ᠰᠢᠷᠬᠠᠯᠠᠭ᠎ᠠ᠂ ᠬᠡᠳᠦ ᠮᠠᠷᠢᠶᠠᠯᠠᠭᠰᠠᠳ ᠵᠡᠷᠭᠡ ᠣᠯᠠᠨ ᠵᠦᠢᠯ ᠦ᠋ᠨ ᠬᠦᠴᠢᠷ ᠲᠦᠪᠡᠭᠲᠡᠢ ᠡᠪᠡᠳᠴᠢᠨ ᠡᠮᠭᠡᠭ ᠢ᠋ ᠬᠠᠨᠠᠬᠤ ᠵᠠᠰᠠᠯ ᠢ᠋ᠶ᠋ᠠᠷ ᠡᠮᠨᠡᠨ ᠡᠳᠡᠭᠡᠷᠡᠭᠦᠯᠳᠡᠭ᠃ 
6. ᠳ᠋ᠦᠩᠨᠡᠯᠲᠡ 
       ᠪᠣᠷᠵᠢᠭᠢᠨ ᠡᠷᠳᠡᠨᠢᠴᠤᠭᠲᠤ ᠡᠮᠴᠢ ᠮᠣᠩᠭᠣᠯ ᠠᠨᠠᠭᠠᠬᠤ ᠤᠬᠠᠭᠠᠨ ᠤ᠋ ᠦᠨᠳᠦᠰᠦᠨ ᠣᠨᠣᠯ ᠢ᠋ ᠪᠠᠷᠢᠮᠲᠠᠯᠠᠵᠤ ᠡᠪᠡᠳᠴᠢᠨ ᠡᠮᠭᠡᠭ ᠢ᠋ ᠠᠷᠢᠯᠭᠠᠬᠤ ᠳ᠋ᠤ᠌ ᠪᠠᠨ ᠪᠤᠰᠤᠳ ᠡᠮᠨᠡᠯᠭᠡ ᠶ᠋ᠢᠨ ᠨᠣᠮ ᠰᠤᠳᠤᠷ ᠢ᠋ ᠰᠢᠨᠵᠢᠨ ᠰᠤᠳᠤᠯᠵᠤ᠂ ᠰᠢᠯᠢᠳᠡᠭ ᠢ᠋ ᠨᠢ ᠰᠣᠩᠭᠣᠵᠤ ᠲᠤᠷᠰᠢᠯᠭ᠎ᠠ ᠪᠣᠯᠭᠠᠨ ᠬᠤᠷᠠᠮᠳᠤᠭᠤᠯᠵᠤ ᠠᠬᠠᠮᠠᠳ ᠪᠠᠭᠰᠢ ᠶ᠋ᠢᠨ ᠬᠣᠰᠢᠭᠤᠴᠢ ᠪᠣᠯᠤᠭᠰᠠᠭᠠᠷ ᠢᠷᠡᠵᠡᠢ᠃ ᠳᠥᠴᠢ ᠭᠠᠷᠤᠢ ᠵᠢᠯ ᠦ᠋ᠨ ᠦᠢᠯᠡᠳᠦᠯᠭᠡ ᠶ᠋ᠢᠨ ᠳᠤᠮᠳᠠ ᠪᠠᠨ ᠠᠷᠭ᠎ᠠ ᠪᠢᠯᠢᠭ ᠢ᠋ ᠲᠡᠭᠰᠢᠳᠬᠡᠬᠦ ᠪᠠᠯᠴᠢᠷ ᠢ᠋ ᠢᠯᠡᠷᠡᠭᠦᠯᠵᠦ᠂ ᠬᠠᠳᠬᠤᠬᠤ ᠵᠠᠰᠠᠯ ᠢ᠋ ᠲᠡᠷᠢᠭᠦᠨ ᠳ᠋ᠦ᠍ ᠡᠷᠬᠢᠮᠯᠡᠨ᠂ ᠣᠷᠣᠨ ᠪᠠ ᠬᠣᠲᠠ ᠶ᠋ᠢᠨ ᠳᠡᠰ ᠦ᠋ᠨ ᠵᠠᠯᠭᠠᠮᠵᠢᠯᠬᠠᠭᠴᠢ ᠠᠬᠠᠮᠠᠳ ᠡᠮᠴᠢ  ᠶ᠋ᠢᠨ ᠲᠤᠷᠰᠢᠯᠭ᠎ᠠ ᠶ᠋ᠢ ᠵᠢᠯᠣᠭᠣᠳᠤᠭᠴᠢ ᠪᠠᠭᠰᠢ ᠶ᠋ᠢᠨ ᠬᠤᠪᠢ ᠪᠠᠷ ᠬᠥᠮᠦᠵᠢᠭᠦᠯᠦᠭᠰᠡᠨ ᠱᠠᠪᠢ ᠨᠠᠷ ᠠᠷᠪᠠᠨ ᠬᠡᠳᠦᠨ ᠨᠡᠷ᠎ᠡ ᠪᠠᠢᠵᠤ᠂ ᠢᠯᠴᠢ ᠶ᠋ᠢ ᠡᠭᠦᠰᠬᠡᠬᠦ᠂ ᠮᠠᠬᠠᠪᠣᠳ ᠢ᠋ ᠲᠡᠭᠰᠢᠳᠬᠡᠬᠦ ᠵᠡᠭᠦᠯᠡᠬᠦ ᠠᠷᠭ᠎ᠠ ᠵᠢᠴᠢ ᠳᠡᠭᠡᠷ᠎ᠡ ᠦᠶ᠎ᠡ ᠡᠴᠡ ᠪᠡᠨ ᠤᠯᠠᠮᠵᠢᠯᠠᠭᠰᠠᠨ ᠠᠯᠲᠠᠨ ᠵᠡᠭᠦᠦ ᠵᠠᠰᠠᠯ ᠢ᠋ᠶ᠋ᠠᠨ ᠬᠠᠷᠠᠮ ᠦᠭᠡᠢ ᠪᠡᠷ ᠱᠠᠪᠢ ᠨᠠᠷ ᠲᠠᠭᠠᠨ ᠤᠯᠠᠮᠵᠢᠯᠠᠨ ᠵᠢᠭᠠᠵᠤ ᠢᠷᠡᠵᠡᠢ᠃ ᠮᠣᠩᠭᠣᠯ ᠠᠨᠠᠭᠠᠬᠤ ᠤᠬᠠᠭᠠᠨ ᠪᠣᠯ ᠮᠣᠩᠭᠣᠯᠴᠤᠳ ᠤ᠋ᠨ ᠤᠳᠠᠭᠠᠨ ᠵᠢᠯ ᠦ᠋ᠨ ᠠᠮᠢᠳᠤᠷᠠᠯ ᠦᠢᠯᠡᠳᠪᠦᠷᠢᠯᠡᠯ ᠦ᠋ᠨ ᠦᠢᠯᠡᠳᠦᠯᠭᠡ ᠶ᠋ᠢᠨ ᠳᠤᠮᠳᠠ ᠬᠥᠭᠵᠢᠨ ᠲᠡᠭᠦᠯᠳᠡᠷᠵᠢᠭᠰᠡᠨ ᠲᠤᠷᠰᠢᠯᠭ᠎ᠠ ᠶ᠋ᠢᠨ ᠡᠮᠴᠢᠯᠡᠭᠡ ᠪᠣᠯᠤᠨ᠎ᠠ᠃ ᠣᠢᠷ᠎ᠠ ᠦᠶ᠎ᠡ ᠶ᠋ᠢᠨ ᠮᠣᠩᠭᠣᠯ ᠠᠨᠠᠭᠠᠬᠤ ᠤᠬᠠᠭᠠᠨ ᠤ᠋ ᠰᠤᠳᠤᠯᠤᠯ ᠨᠢ ᠴᠦ᠍ ᠮᠠᠰᠢ ᠲᠦᠷᠭᠡᠨ ᠢ᠋ᠶ᠋ᠡᠷ ᠬᠥᠭᠵᠢᠨ ᠤᠯᠠᠮ ᠢ᠋ᠶ᠋ᠠᠷ ᠰᠢᠰᠲ᠋ᠧᠮᠵᠢᠭᠰᠡᠨ ᠪᠠᠢᠨ᠎ᠠ᠃ ᠭᠡᠲᠡᠯ᠎ᠡ ᠮᠣᠩᠭᠣᠯ ᠠᠨᠠᠭᠠᠬᠤ ᠤᠬᠠᠭᠠᠨ ᠤ᠋ ᠣᠯᠠᠩᠬᠢ ᠭᠠᠷ ᠠᠪᠤᠯᠭ᠎ᠠ ᠵᠢᠴᠢ ᠣᠨᠣᠯ ᠤ᠋ᠳ ᠨᠢ ᠢᠳᠡᠭ ᠢᠳᠡᠭ  ᠢ᠋ᠶ᠋ᠡᠷ ᠭᠡᠭᠡᠭᠳᠡᠵᠦ ᠪᠣᠢ᠃ ᠵᠢᠱ᠌ᠢᠶᠡᠯᠡᠪᠡᠯ ᠲᠠᠪᠤᠨ ᠮᠠᠬᠠᠪᠣᠳ ᠤ᠋ᠨ ᠰᠤᠷᠭᠠᠯ᠂ ᠠᠷᠭ᠎ᠠ ᠪᠢᠯᠢᠭ ᠦ᠋ᠨ ᠰᠤᠷᠭᠠᠯ ᠢ᠋ ᠪᠣᠳᠠᠲᠠᠢ ᠡᠮᠴᠢᠯᠡᠭᠡᠨ ᠳ᠋ᠦ᠍ ᠬᠡᠷᠡᠭᠵᠢᠭᠦᠯᠵᠦ ᠪᠠᠢᠭ᠎ᠠ ᠡᠮᠴᠢ ᠨᠠᠷ ᠤᠯᠠᠮ ᠡᠡᠴᠠ ᠤᠯᠠᠮ ᠴᠥᠭᠡᠷᠡᠵᠦ᠂ ᠨᠡᠩ ᠢᠯᠠᠩᠭᠤᠶ᠎ᠠ ᠵᠠᠯᠠᠭᠤ ᠡᠮᠴᠢ ᠨᠠᠷ ᠬᠠᠮᠤᠭ ᠤ᠋ᠨ ᠨᠠᠭᠠᠳᠤ ᠵᠠᠬ᠎ᠠ ᠶ᠋ᠢᠨ ᠰᠤᠳᠠᠯ ᠪᠠᠷᠢᠬᠤ ᠮᠡᠷᠭᠡᠵᠢᠯ ᠢ᠋ᠶ᠋ᠡᠨ ᠪᠠᠰᠠ ᠣᠷᠬᠢᠵᠤ ᠪᠠᠢᠨ᠎ᠠ᠃ ᠡᠨᠡ ᠨᠢ ᠮᠣᠩᠭᠣᠯ ᠠᠨᠠᠭᠠᠬᠤ ᠤᠬᠠᠭᠠᠨ ᠤ᠋ ᠬᠣᠬᠢᠷᠠᠯ ᠮᠥᠷᠲᠡᠭᠡᠨ ᠮᠣᠩᠭᠣᠯ ᠠᠨᠠᠭᠠᠬᠤ ᠤᠬᠠᠭᠠᠨ ᠤ᠋ ᠬᠥᠭᠵᠢᠯᠲᠡ ᠶ᠋ᠢᠨ ᠬᠠᠷᠰᠢ ᠰᠠᠭᠠᠳ ᠪᠣᠯᠤᠨ᠎ᠠ᠃ ᠮᠣᠩᠭᠣᠯ ᠠᠨᠠᠭᠠᠬᠤ ᠤᠬᠠᠭᠠᠨ ᠨᠢ ᠲᠤᠷᠰᠢᠯᠭ᠎ᠠ ᠶ᠋ᠢᠨ ᠠᠨᠠᠭᠠᠬᠤ ᠤᠬᠠᠭᠠᠨ ᠪᠣᠯᠤᠭᠰᠠᠨ ᠤ᠋ ᠬᠤᠪᠢ ᠳ᠋ᠤ᠌᠂ ᠠᠬᠠᠮᠠᠳ ᠡᠮᠴᠢ ᠶ᠋ᠢᠨ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠵᠢᠴᠢ ᠭᠠᠷ ᠠᠪᠤᠯᠭ᠎ᠠ ᠪᠣᠯ ᠮᠣᠩᠭᠣᠯ ᠠᠨᠠᠭᠠᠬᠤ ᠤᠬᠠᠭᠠᠨ ᠤ᠋ ᠲᠤᠢᠯ ᠤ᠋ᠨ ᠡᠷᠬᠢᠮ ᠨᠠᠨᠳᠢᠨ ᠥᠪ ᠬᠥᠷᠥᠩᠭᠡ ᠪᠣᠯᠤᠨ᠎ᠠ᠃ ᠡᠨᠡ ᠨᠢ ᠮᠣᠩᠭᠣᠯ ᠠᠨᠠᠭᠠᠬᠤ ᠤᠬᠠᠭᠠᠨ ᠤ᠋ ᠬᠥᠭᠵᠢᠯᠲᠡ ᠳ᠋ᠦ᠍ ᠬᠤᠪᠢ ᠨᠡᠮᠡᠷᠢ ᠦᠵᠡᠭᠦᠯᠬᠦ ᠮᠥᠷᠲᠡᠭᠡᠨ ᠡᠮᠴᠢᠯᠡᠭᠡᠨ ᠦ᠌ ᠬᠢᠷᠢ ᠪᠦᠲᠦᠮᠵᠢ ᠶ᠋ᠢ ᠳᠡᠭᠡᠭᠰᠢᠯᠡᠭᠦᠯᠬᠦ ᠴᠢᠬᠤᠯᠠ ᠮᠠᠲ᠋ᠧᠷᠢᠶᠠᠯ ᠪᠣᠯᠬᠣᠷ ᠤᠯᠠᠮᠵᠢᠯᠠᠭᠴᠢ ᠪᠣᠯᠤᠭᠰᠠᠨ ᠤ᠋ ᠬᠤᠪᠢ ᠳ᠋ᠤ᠌ ᠪᠠᠭᠰᠢ ᠨᠠᠷ ᠤ᠋ᠨ ᠬᠣᠪᠣᠷ ᠨᠠᠨᠳᠢᠨ ᠲᠤᠷᠰᠢᠯᠭ᠎ᠠ ᠵᠢᠴᠢ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠶ᠋ᠢ ᠨᠢ ᠤᠯᠠᠮᠵᠢᠯᠠᠨ ᠳᠡᠯᠭᠡᠷᠡᠭᠦᠯᠵᠦ᠂ ᠡᠮᠴᠢᠯᠡᠭᠡᠨ ᠦ᠌ ᠠᠴᠢ ᠲᠤᠰᠠ ᠶ᠋ᠢ ᠰᠠᠢᠵᠢᠷᠠᠭᠤᠯᠵᠤ᠂ ᠠᠨᠠᠭᠠᠬᠤ ᠤᠬᠠᠭᠠᠨ ᠤ᠋ ᠬᠥᠭᠵᠢᠯᠲᠡ ᠳ᠋ᠦ᠍ ᠬᠤᠪᠢ ᠨᠡᠮᠡᠷᠢ ᠦᠵᠡᠭᠦᠯᠬᠦ ᠪᠡᠷ ᠴᠢᠷᠮᠠ᠊ᠢ᠋᠊ᠬᠤ ᠨᠢ ᠨᠢᠳᠦᠨ ᠡᠮᠦᠨ᠎ᠡ ᠲᠤᠯᠭᠠᠷᠠᠵᠤ ᠪᠠᠢᠬᠤ ᠲᠡᠷᠢᠭᠦᠨ ᠶᠠᠪᠤᠳᠠᠯ ᠮᠥᠨ᠃ 

ᠵᠡᠭᠦᠯᠲᠡ 
[1] ᠶᠦᠲ᠋ᠣᠭ ᠶᠣᠨᠳᠠᠨᠭᠣᠮᠪᠣ᠄ 《 ᠠᠨᠠᠭᠠᠬᠤ ᠤᠬᠠᠭᠠᠨ ᠤ᠋ ᠳᠥᠷᠪᠡᠨ ᠦᠨᠳᠦᠰᠦ 》᠂ 
        ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 1987 ᠣᠨ᠂ 217 ᠨᠢᠭᠤᠷ᠃ 
[2] ᠳ᠋ᠤᠸᠠᠨ ᠭᠣᠮᠪᠣᠵᠠᠪ᠄ 《ᠮᠣᠩᠭᠣᠯ ᠶᠣᠰᠣᠨ ᠤ᠋ ᠨᠢᠭᠤᠴᠠ ᠤᠯᠠᠮᠵᠢᠯᠠᠯᠲᠤ ᠠᠨᠠᠭᠠᠬᠤ ᠵᠠᠰᠠᠯ ᠤ᠋ᠨ ᠦᠨᠳᠦᠰᠦ》᠂ 
       ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2021 ᠣᠨ᠂ 200 ᠨᠢᠭᠤᠷ᠃ 

  ᠢᠷᠡᠯᠲᠡ᠄ 《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ》 ᠰᠡᠳᠬᠦᠯ ᠦ᠋ᠨ2024 ᠣᠨ ᠤ᠋ 9 ᠳ᠋ᠦ᠍ᠭᠡᠷ ᠬᠤᠭᠤᠴᠠᠭ᠎ᠠ 

             ᠦᠰᠦᠭ ᠠᠮᠢᠯᠠᠭᠤᠯᠤᠭᠴᠢ᠄ ᠭᠠᠸᠠ 
              ᠦᠰᠦᠭ ᠬᠢᠨᠠᠭᠴᠢ᠄ ᠲᠤᠭᠴᠢ ᠰᠠᠷᠠᠨ᠎ᠠ