1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠲᠠᠪᠤ) Монгол эм эмнэлэг (5)

ᠮᠣᠩᠭᠣᠯ ᠡᠮ ᠡᠮᠨᠡᠯᠭᠡ – (ᠲᠠᠪᠤ) Монгол эм эмнэлэг (5)

ᠠᠩᠭᠢᠯᠠᠯ:ᠡᠷᠡᠭᠦᠯ ᠡᠩᠬᠡ
2025-03-15

229

ᠬᠡᠯᠡᠨ ᠦ᠌ ᠰᠤᠳᠠᠯ ᠢ᠋ ᠬᠠᠨᠠᠵᠤ ᠠᠮᠠᠨ ᠰᠢᠷᠬᠠᠯᠠᠭ᠎ᠠ ᠶ᠋ᠢ ᠵᠠᠰᠠᠭᠰᠠᠨ ᠨᠢ


                             ᠸᠠᠩ ᠵᠢᠶᠦ᠋ᠨ ᠹᠧᠩ  
            ᠬᠥᠬᠡᠬᠣᠲᠠ ᠶ᠋ᠢᠨ ᠮᠣᠩᠭᠣᠯ ᠬᠢᠲᠠᠳ ᠡᠮᠨᠡᠯᠭᠡ ᠶ᠋ᠢᠨ ᠬᠣᠷᠢᠶ᠎ᠠ ( 010010 ) 

ᠵᠠᠩᠭᠢᠯᠠᠭ᠎ᠠ ᠶ᠋ᠢᠨ ᠦᠭᠡᠰ 】[1] ᠬᠡᠯᠡᠨ ᠦ᠌ ᠰᠤᠳᠠᠯ ᠢ᠋ ᠬᠠᠨᠠᠬᠤ ᠮᠣᠩᠭᠣᠯ ᠡᠮ ; ᠠᠮᠠᠨ ᠤ᠋ ᠰᠢᠷᠬᠠᠯᠠᠭ᠎ᠠ 
       ᠠᠮᠠᠨ ᠬᠥᠨᠳᠡᠢ ᠶ᠋ᠢᠨ ᠰᠢᠷᠬᠠᠯᠠᠭ᠎ᠠ ᠪᠣᠯ ᠠᠮᠠᠨ ᠬᠥᠨᠳᠡᠢ ᠶ᠋ᠢᠨ ᠰᠠᠯᠢᠰᠤᠯᠢᠭ ᠪᠦᠷᠬᠦᠪᠴᠢ ᠳ᠋ᠦ᠍ ᠵᠢᠵᠢᠭ ᠪᠥᠭᠡᠳ ᠭᠦᠶᠦᠬᠡᠨ ᠰᠢᠷᠬᠠᠯᠠᠭ᠎ᠠ ᠡᠭᠦᠰᠴᠦ ᠡᠪᠡᠷᠰᠢᠶᠡᠨ ᠡᠪᠡᠳᠬᠦ ᠰᠢᠨᠵᠢ ᠪᠦᠬᠦᠢ ᠡᠪᠡᠳᠴᠢᠨ ᠪᠣᠯᠤᠨ᠎ᠠ᠃ ᠤᠷᠤᠭᠤᠯ᠂ ᠬᠣᠭᠣᠯᠠᠢ᠂ ᠬᠡᠯᠡ᠂ ᠪᠤᠢᠯᠠ᠂ ᠲᠠᠩᠨᠠᠢ ᠵᠡᠷᠭᠡ ᠡᠳ᠋ ᠡᠷᠬᠡᠲᠡᠨ ᠦ᠌ ᠰᠠᠯᠢᠰᠤᠯᠢᠭ ᠪᠦᠷᠬᠦᠪᠴᠢ ᠶ᠋ᠢᠨ ᠠᠯᠢᠨ ᠳ᠋ᠤ᠌ ᠴᠤ᠌ ᠡᠭᠦᠰᠴᠦ ᠮᠡᠳᠡᠨ᠎ᠡ᠃ ᠲᠤᠰ ᠡᠪᠡᠳᠴᠢᠨ ᠨᠢ ᠡᠮᠴᠢᠯᠡᠭᠡ ᠳᠡᠭᠡᠷ᠎ᠡ ᠦᠷᠭᠦᠯᠵᠢ ᠲᠣᠬᠢᠶᠠᠯᠳᠤᠬᠤ ᠪᠥᠭᠡᠳ 20 ᠨᠠᠰᠤᠨ ᠠ᠋ᠴᠠ 35 ᠨᠠᠰᠤᠨ ᠤ᠋ ᠢᠳᠡᠷᠴᠦᠳ ᠦ᠋ᠨ ᠡᠪᠡᠳᠴᠢᠯᠡᠬᠦ ᠨᠢ ᠣᠯᠠᠨ ᠪᠠᠢᠳᠠᠭ᠃ 

1. ᠰᠢᠯᠲᠠᠭᠠᠨ ᠨᠥᠬᠥᠴᠡᠯ 
       ᠲᠤᠰ ᠡᠪᠡᠳᠴᠢᠨ ᠦ᠌ ᠰᠢᠯᠲᠠᠭᠠᠨ ᠪᠣᠯ ᠴᠢᠰᠤ᠂ ᠰᠢᠷ᠎ᠠ ᠤᠰᠤ᠂ ᠨᠢᠶᠠᠨ ᠪᠣᠯᠤᠨ᠎ᠠ᠃ ᠬᠠᠯᠠᠭᠤᠨ ᠬᠤᠷᠴᠠ ᠴᠢᠨᠠᠷ  ᠲᠠᠢ᠂ ᠢᠰᠬᠦᠯᠡᠩ ᠲᠣᠰᠣᠯᠢᠭ ᠵᠦᠢᠯ ᠦ᠋ᠨ ᠢᠳᠡᠭᠡᠨ ᠤᠮᠳᠠᠭᠠᠨ ᠢ᠋ ᠬᠡᠲᠦᠷᠡᠭᠦᠯᠬᠦ᠂ ᠭᠠᠯ ᠨᠠᠷᠠᠨ ᠳ᠋ᠤ᠌ ᠬᠠᠯᠠᠭᠤᠴᠠᠬᠤ᠂ ᠬᠠᠯᠠᠭᠤᠨ ᠬᠠᠨᠵᠤᠨ ᠳᠡᠭᠡᠷ᠎ᠡ ᠪᠤᠶᠤ ᠵᠤᠨ ᠤ᠋ ᠦᠳᠡ ᠶ᠋ᠢᠨ ᠭᠣᠣᠯ ᠳ᠋ᠤ᠌ ᠤᠷᠲᠤ ᠴᠠᠭ ᠢ᠋ᠶ᠋ᠠᠷ ᠤᠨᠲᠠᠬᠤ᠂ ᠰᠡᠳᠬᠢᠯ ᠰᠠᠨᠠᠭ᠎ᠠ ᠪᠠᠴᠢᠮᠳᠠᠬᠤ ᠡᠰᠡᠬᠦᠯ᠎ᠡ ᠬᠠᠯᠠᠭᠤᠨ ᠡᠪᠡᠳᠴᠢᠨ ᠦ᠌ ᠤᠷᠬᠠᠨ ᠭᠡᠮ ᠪᠣᠯᠤᠨ ᠬᠣᠳᠣᠭᠣᠳᠣ᠂ ᠳᠡᠯᠢᠭᠦᠦ ᠵᠡᠷᠭᠡ ᠴᠤᠯᠤ ᠰᠠᠪᠠ  ᠶ᠋ᠢᠨ ᠬᠠᠯᠠᠭᠤᠨ ᠤ᠋ ᠭᠡᠮ ᠳᠡᠭᠡᠭᠰᠢ ᠪᠠᠳᠠᠷᠠᠭᠰᠠᠨ ᠵᠡᠷᠭᠡ ᠪᠡᠷ ᠴᠢᠰᠤ ᠰᠢᠷ᠎ᠠ ᠶ᠋ᠢᠨ ᠬᠠᠯᠠᠭᠤᠨ ᠨᠢ ᠨᠢᠶᠠᠨ ᠰᠢᠷ᠎ᠠ ᠤᠰᠤ ᠲᠠᠢ ᠬᠠᠪᠰᠤᠷᠴᠤ᠂ ᠠᠮᠠᠨ ᠬᠥᠨᠳᠡᠢ ᠶ᠋ᠢᠨ ᠰᠠᠯᠢᠰᠤᠯᠢᠭ ᠪᠦᠷᠬᠦᠪᠴᠢ ᠶ᠋ᠢ ᠨᠥᠯᠥᠭᠡᠯᠡᠭᠰᠡᠨ ᠡᠴᠡ ᠲᠤᠰ ᠡᠪᠡᠳᠴᠢᠨ ᠢ᠋ ᠡᠭᠦᠰᠬᠡᠨ᠎ᠡ᠃ 

2. ᠡᠪᠡᠳᠴᠢᠨ ᠦ᠌ ᠵᠦᠢ 
       ᠲᠤᠰ ᠡᠪᠡᠳᠴᠢᠨ ᠪᠣᠯ ᠶᠠᠮᠠᠷ ᠨᠢᠭᠡᠨ ᠨᠥᠬᠥᠴᠡᠯ ᠢ᠋ᠶ᠋ᠡᠷ ᠬᠥᠮᠦᠨ ᠦ᠌ ᠪᠡᠶ᠎ᠡ ᠳ᠋ᠡᠬᠢ ᠮᠠᠬᠠᠪᠣᠳ ᠲᠠᠮᠢᠷ ᠤ᠋ᠨ ᠬᠠᠷᠢᠴᠠᠩᠭᠤᠢ ᠲᠡᠩᠴᠡᠭᠦᠷᠢ ᠶ᠋ᠢ ᠨᠥᠯᠥᠭᠡᠯᠡᠨ᠂ ᠴᠢᠰᠤ ᠰᠢᠷ᠎ᠠ᠂ ᠰᠢᠷ᠎ᠠ ᠤᠰᠤ ᠠᠷᠪᠢᠳᠠᠨ ᠲᠤᠰ ᠡᠪᠡᠳᠴᠢᠨ ᠢ᠋ ᠡᠭᠦᠰᠬᠡᠨ᠎ᠡ᠃ 

3. ᠰᠢᠨᠵᠢ ᠢᠯᠡᠷᠡᠯ 
       ᠡᠪᠡᠳᠴᠢᠨ ᠦ᠌ ᠡᠬᠢᠨ ᠳ᠋ᠦ᠍ ᠪᠡᠨ ᠠᠮᠠᠨ ᠬᠥᠨᠳᠡᠢ ᠶ᠋ᠢᠨ ᠰᠠᠯᠢᠰᠤᠯᠢᠭ ᠪᠦᠷᠬᠦᠪᠴᠢ ᠶ᠋ᠢᠨ ᠳᠡᠭᠡᠷ᠎ᠡ ᠵᠢᠵᠢᠭ ᠰᠢᠭ ᠨᠢ ᠨᠢᠭᠡ ᠪᠤᠭᠤᠳᠠᠢ ᠶ᠋ᠢᠨ ᠲᠡᠳᠦᠢ᠂ ᠲᠣᠮᠣ ᠰᠢᠭ᠋ ᠨᠢ ᠰᠢᠭᠡᠵᠡᠢ ᠬᠤᠷᠤᠭᠤᠨ ᠤ᠋ ᠬᠢᠮᠤᠰᠤ ᠶ᠋ᠢᠨ ᠬᠢᠷᠢ ᠰᠢᠷ᠎ᠠ ᠣᠷᠣᠢᠲᠤ ᠵᠢᠵᠢᠭ ᠭᠦᠪᠳᠦᠷᠦᠦ ᠭᠠᠷᠴᠤ ᠤᠳᠠᠯ ᠦᠭᠡᠢ ᠢᠯᠪᠤᠷᠠᠨ᠂ ᠭᠣᠣᠯ ᠢ᠋ᠶ᠋ᠠᠷ ᠨᠢ ᠴᠠᠢᠪᠤᠷ ᠬᠣᠲᠣᠭᠣᠷ ᠪᠠᠢᠵᠤ᠂ ᠬᠠᠵᠠᠭᠤ ᠬᠠᠪᠢ ᠪᠠᠷ ᠨᠢ ᠤᠯᠠᠢᠵᠤ ᠬᠠᠪᠤᠳᠴᠤ᠂ ᠲᠣᠭᠣᠷᠢᠭ ᠬᠡᠯᠪᠡᠷᠢᠲᠡᠢ ᠪᠤᠶᠤ ᠵᠤᠤᠪᠠᠩ ᠬᠡᠯᠪᠡᠷᠢᠲᠡᠢ ᠰᠢᠷᠬᠠᠯᠠᠭ᠎ᠠ ᠡᠭᠦᠰᠦᠨ᠎ᠡ ᠃ ᠰᠢᠷᠬᠠᠯᠠᠭ᠎ᠠ ᠨᠢ ᠭᠦᠨ ᠪᠥᠭᠡᠳ ᠶᠡᠬᠡ ᠪᠠᠢᠵᠤ᠂ ᠳᠡᠭᠡᠭᠦᠷ ᠨᠢ ᠴᠠᠢᠪᠤᠷ ᠬᠠᠯᠢᠰᠤ ᠪᠦᠷᠬᠦᠵᠦ᠂ ᠠᠮᠠ ᠠ᠋ᠴᠠ ᠨᠢ ᠦᠮᠡᠬᠡᠢ ᠦᠨᠦᠷ ᠭᠠᠷᠬᠤ᠂ ᠰᠢᠯᠦᠰᠦ ᠠᠰᠬᠠᠷᠠᠭᠤᠯᠬᠤ ᠪᠥᠭᠡᠳ ᠬᠣᠷᠣᠰᠴᠤ ᠡᠪᠡᠳᠦᠨ᠂ ᠳᠠᠪᠤᠰᠤ ᠬᠠᠯᠠᠭᠤᠨ ᠨᠣᠭᠣᠭ᠎ᠠ ᠵᠡᠷᠭᠡ ᠰᠡᠳᠦᠯᠲᠡ ᠲᠡᠢ ᠵᠦᠢᠯ ᠬᠦᠷᠦᠯᠴᠡᠪᠡᠯ ᠡᠪᠡᠷᠰᠢᠶᠡᠯ ᠨᠢ ᠬᠡᠴᠡᠭᠦᠳᠡᠵᠦ᠂ ᠡᠪᠡᠳᠴᠢᠲᠡᠨ ᠦ᠌ ᠢᠳᠡᠵᠦ ᠤᠤᠭᠤᠬᠤ᠂ ᠦᠭᠡ ᠶᠠᠷᠢᠬᠤ ᠶ᠋ᠢ ᠬᠠᠷᠰᠢᠯᠠᠬᠤ᠂ ᠠᠮᠠ ᠬᠠᠲᠠᠵᠤ᠂ ᠬᠠᠯᠠᠭᠤᠨ ᠣᠷᠬᠢᠬᠤ ᠮᠡᠲᠦ ᠶ᠋ᠢᠨ ᠰᠢᠨᠵᠢ ᠢᠯᠡᠷᠡᠨ᠎ᠡ᠃ ᠪᠠᠭᠠᠴᠤᠳ ᠬᠡᠦᠬᠡᠳ ᠪᠣᠯ ᠪᠠᠴᠢᠮᠳᠠᠨ ᠤᠬᠢᠯᠠᠬᠤ᠂ ᠬᠠᠯᠠᠭᠤᠷᠠᠬᠤ ᠪᠥᠭᠡᠳ ᠢᠳᠡᠭᠡᠨ ᠦ᠌ ᠳᠤᠷᠠᠰᠢᠯ ᠮᠠᠭᠤᠳᠠᠨ᠎ᠠ᠃ ᠡᠩ ᠦ᠋ᠨ ᠪᠠᠢᠳᠠᠯ ᠳ᠋ᠤ᠌ ᠪᠦᠬᠦ ᠪᠡᠶ᠎ᠡ ᠶ᠋ᠢᠨ ᠰᠢᠨᠵᠢ ᠲᠡᠮᠳᠡᠭ ᠢᠯᠡᠷᠡᠬᠦ ᠦᠭᠡᠢ᠂ 7 —10 ᠬᠣᠨᠣᠭ ᠲᠤ᠌ ᠠᠶᠠᠨᠳᠠᠭᠠᠨ ᠰᠠᠢᠵᠢᠷᠠᠵᠤ᠂ ᠰᠣᠷᠪᠢ ᠦᠯᠡᠳᠡᠬᠦ ᠦᠭᠡᠢ ᠪᠠᠢᠳᠠᠭ᠃ ᠵᠠᠷᠢᠮ ᠬᠥᠮᠦᠨ ᠦ᠌ ᠮᠠᠬᠠᠪᠣᠳ ᠲᠠᠮᠢᠷ ᠠ᠋ᠴᠠ ᠪᠣᠯᠵᠤ ᠲᠤᠰ ᠡᠪᠡᠳᠴᠢᠨ ᠨᠢ ᠠᠬᠢᠨ ᠳᠠᠬᠢᠨ ᠬᠥᠳᠡᠯᠬᠦ ᠣᠨᠴᠠᠯᠢᠭ ᠲᠠᠢ ᠪᠥᠭᠡᠳ ᠣᠵᠢᠭᠰᠢᠷᠠᠬᠤ ᠴᠢᠨᠠᠷ ᠲᠠᠢ ᠪᠣᠯᠬᠣᠷ ᠵᠣᠬᠢᠰᠲᠠᠢ ᠡᠮᠴᠢᠯᠡᠭᠡ ᠬᠢᠬᠦ ᠴᠢᠬᠤᠯᠠᠲᠠᠢ᠃ 

4. ᠡᠮᠴᠢᠯᠡᠭᠡ 
4᠂1 ᠡᠩ ᠦ᠋ᠨ ᠡᠮᠴᠢᠯᠡᠭᠡ 
(1) ᠢᠳᠡᠭᠡᠨ ᠤᠮᠳᠠᠭᠠᠨ ᠤ᠋ ᠲᠠᠯ᠎ᠠ ᠪᠠᠷ ᠰᠡᠷᠢᠭᠦᠨ ᠵᠥᠭᠡᠯᠡᠨ ᠢᠳᠡᠭᠡᠨ ᠤᠮᠳᠠᠭᠠᠨ ᠬᠢᠭᠡᠳ ᠰᠢᠨ᠎ᠡ ᠰᠣᠷᠭᠣᠭ ᠵᠢᠮᠢᠰ ᠨᠣᠭᠣᠭ᠎ᠠ ᠶ᠋ᠢ ᠰᠢᠲᠦᠭᠦᠯᠵᠦ᠂ ᠬᠠᠯᠭᠤᠨ ᠬᠤᠷᠴᠠ ᠢᠰᠬᠦᠯᠡᠩ ᠲᠣᠰᠣᠯᠢᠭ ᠵᠦᠢᠯ ᠪᠤᠶᠤ ᠬᠠᠭᠤᠴᠢᠷᠠᠵᠤ ᠢᠯᠵᠢᠷᠡᠵᠦ ᠨᠢᠭᠰᠢᠵᠦ ᠡᠪᠳᠡᠷᠡᠭᠰᠡᠨ ᠢᠳᠡᠭᠡᠨ ᠤᠮᠳᠠᠭᠠᠨ ᠢ᠋ ᠴᠡᠭᠡᠷᠯᠡᠨ᠎ᠡ᠃ 
(2) ᠶᠠᠪᠤᠳᠠᠯ ᠮᠥᠷ ᠦ᠋ᠨ ᠲᠠᠯ᠎ᠠ ᠪᠠᠷ ᠰᠢᠨ᠎ᠡ ᠰᠣᠷᠭᠣᠭ ᠴᠡᠪᠡᠷ ᠲᠤᠩᠭᠠᠯᠠᠭ ᠣᠷᠴᠢᠨ ᠳ᠋ᠤ᠌ ᠰᠤᠪᠢᠯᠠᠵᠤ᠂ ᠠᠮᠠᠨ ᠬᠥᠨᠳᠡᠢ ᠶ᠋ᠢᠨ ᠠᠷᠢᠭᠤᠨ ᠴᠡᠪᠡᠷ ᠢ᠋ ᠬᠠᠮᠠᠭᠠᠯᠠᠵᠤ᠂ ᠭᠠᠯ ᠨᠠᠷᠠᠨ ᠳ᠋ᠤ᠌ ᠬᠠᠯᠠᠭᠤᠴᠠᠬᠤ᠂ ᠬᠠᠲᠠᠭᠤ ᠬᠦᠴᠦᠯᠡᠬᠦ᠂ ᠬᠡᠲᠦᠷᠬᠡᠢ ᠠᠭᠤᠷᠯᠠᠬᠤ ᠵᠡᠷᠭᠡ ᠴᠢᠰᠤ᠂ ᠰᠢᠷ᠎ᠠ ᠤᠰᠤ ᠶ᠋ᠢ ᠠᠷᠪᠢᠵᠢᠭᠤᠯᠬᠤ ᠶᠠᠪᠤᠳᠠᠯ ᠮᠥᠷ ᠢ᠋ ᠲᠡᠪᠴᠢᠨ᠎ᠡ᠃ 4᠂2 ᠡᠮ᠄ ᠴᠢᠨᠣ᠎ᠠ ᠶ᠋ᠢᠨ ᠬᠡᠯᠡ — 13 ᠬᠣᠩᠭᠣᠯᠵᠠᠭᠤᠷ —15 ᠂ ᠪᠠᠭᠠᠲᠤᠷ — 7 ᠂ ᠴᠢᠰᠤᠨ ᠬᠢᠮᠤᠷᠠᠭ᠎ᠠ ᠶ᠋ᠢᠨ ᠲᠠᠯᠬ᠎ᠠ ᠵᠡᠷᠭᠡ ᠶ᠋ᠢ ᠭᠤᠷᠪᠠᠨ ᠦᠷ᠎ᠡ ᠶ᠋ᠢᠨ ᠳᠠᠩ ᠢ᠋ᠶ᠋ᠠᠷ ᠳᠠᠷᠤᠭᠤᠯᠤᠨ ᠥᠭᠴᠦ᠂ ᠢᠯᠪᠤᠷᠠᠭᠰᠠᠨ ᠰᠢᠷᠬᠠᠯᠠᠭ᠎ᠠ ᠳ᠋ᠤᠨᠢ ᠬᠠᠲᠠᠭᠠᠭᠴᠢ —7 ᠶ᠋ᠢ ᠬᠠᠭᠤᠷᠠᠢ ᠪᠠᠷ ᠲᠦᠷᠬᠢᠬᠦ ᠪᠥᠭᠡᠳ ᠬᠠᠷ᠎ᠠ ᠪᠠᠢᠪᠠᠩ — 3 ᠤ᠋ ᠳᠠᠩ ᠢ᠋ᠶ᠋ᠠᠷ ᠠᠮᠠ ᠶ᠋ᠢ ᠨᠢ ᠳᠠᠬᠢᠨ ᠳᠠᠪᠲᠠᠨ ᠵᠠᠢᠯᠠᠭᠤᠯᠤᠨ᠎ᠠ᠃ 
4᠂3 ᠵᠠᠰᠠᠯ ᠄ 7 ᠡᠳᠦᠷ ᠢ᠋ᠶ᠋ᠡᠷ ᠨᠢᠭᠡ ᠦᠶᠡᠯᠡᠯ ᠦ᠋ᠨ ᠬᠤᠭᠤᠴᠠᠭ᠎ᠠ ᠪᠣᠯᠭᠠᠵᠤ᠂ ᠬᠡᠯᠡᠨ ᠦ᠌ ᠰᠤᠳᠠᠯ ᠢ᠋ ᠬᠠᠨᠠᠨ᠎ᠠ᠃ 

5. ᠡᠪᠡᠳᠴᠢᠨ ᠦ᠌ ᠵᠢᠱ᠌ᠢᠶ᠎ᠡ 
ᠡᠪᠡᠳᠴᠢᠲᠡᠨ ᠪᠤᠤ **᠂ 35 ᠨᠠᠰᠤᠲᠠᠢ᠂ ᠡᠷᠡᠭᠲᠡᠢ᠂ ᠮᠠᠯᠴᠢᠨ᠂ ᠰᠢᠯᠢ ᠶ᠋ᠢᠨ ᠭᠣᠣᠯ ᠤ᠋ᠨ ᠬᠥᠮᠦᠨ᠃ 
       2016 ᠣᠨ ᠤ᠋ 3 ᠰᠠᠷ᠎ᠠ ᠶ᠋ᠢᠨ 15 ᠳ᠋ᠤ᠌ ᠠᠮᠠᠨ ᠬᠥᠨᠳᠡᠢ ᠶ᠋ᠢᠨ ᠰᠢᠷᠬᠠᠯᠠᠭ᠎ᠠ ᠣᠯᠵᠤ᠂ ᠳᠠᠬᠢᠨ ᠳᠠᠪᠲᠠᠨ ᠬᠥᠳᠡᠯᠵᠦ ᠰᠠᠢᠵᠢᠷᠠᠯᠲᠠ ᠦᠭᠡᠢ ᠮᠥᠷᠲᠡᠭᠡᠨ ᠰᠢᠷᠬᠠᠯᠠᠭ᠎ᠠ ᠨᠢ ᠬᠦᠨᠳᠦᠷᠡᠵᠦ ᠬᠣᠭᠣᠯᠠ ᠪᠤᠳᠠᠭ᠎ᠠ ᠢᠳᠡᠬᠦ᠂ ᠦᠭᠡ ᠶᠠᠷᠢᠬᠤ ᠶ᠋ᠢ ᠬᠠᠷᠰᠢᠯᠠᠬᠤ ᠪᠣᠯᠪᠠ᠃ ᠲᠤᠰ ᠰᠠᠷ᠎ᠠ ᠶ᠋ᠢᠨ 20 ᠤ᠋ ᠡᠳᠦᠷ᠂ ᠡᠪᠡᠳᠴᠢᠲᠡᠨ ᠰᠢᠯᠢ ᠶ᠋ᠢᠨ ᠭᠣᠣᠯ ᠤ᠋ᠨ ᠮᠣᠩᠭᠣᠯ ᠡᠮᠨᠡᠯᠭᠡ ᠶ᠋ᠢᠨ ᠬᠣᠷᠢᠶᠠᠨ ᠳ᠋ᠤ᠌ ᠢᠷᠡᠵᠦ ᠨᠢᠭᠡ ᠭᠠᠷᠠᠭ ᠡᠮᠴᠢᠯᠡᠭᠦᠯᠦᠭᠡᠳ ᠢᠯᠡᠷᠬᠡᠢ ᠦᠢᠯᠡᠳᠦᠯ ᠭᠠᠷᠤᠭᠰᠠᠨ ᠦᠭᠡᠢ᠃ ᠡᠪᠡᠳᠴᠢᠲᠡᠨ ᠳᠠᠬᠢᠨ ᠪᠡᠭᠡᠵᠢᠩ ᠦ᠋ᠨ 301 ᠡᠮᠨᠡᠯᠭᠡ ᠡᠴᠡ 10 ᠡᠳᠦᠷ ᠦ᠋ᠨ ᠬᠢᠲᠠᠳ ᠡᠮ ᠤᠤᠭᠤᠭᠠᠳ ᠡᠪᠡᠳᠴᠢᠨ ᠦ᠌ ᠪᠠᠢᠳᠠᠯ ᠳᠡᠮᠡᠢ ᠰᠠᠢᠵᠢᠷᠠᠭᠰᠠᠨ ᠦᠭᠡᠢ᠃ 4 ᠰᠠᠷ᠎ᠠ ᠶ᠋ᠢᠨ 9 ᠦ᠌ ᠡᠳᠦᠷ ᠮᠠᠨ ᠤ᠋ ᠰᠠᠯᠠᠭᠠᠨ ᠳ᠋ᠤ᠌ ᠢᠷᠡᠵᠦ ᠡᠮᠴᠢᠯᠡᠭᠦᠯᠪᠡ᠃ ᠡᠪᠡᠳᠴᠢᠲᠡᠨ ᠬᠠᠪᠤᠷ ᠴᠠᠭ ᠤ᠋ᠨ ᠴᠢᠰᠤ ᠬᠥᠭᠡᠷᠦᠭᠰᠡᠨ ᠡᠴᠡ ᠡᠭᠦᠰᠦᠭᠰᠡᠨ ᠠᠮᠠᠨ ᠰᠢᠷᠬᠠᠯᠠᠭ᠎ᠠ ᠭᠡᠵᠦ ᠣᠨᠣᠰᠢᠯᠠᠨ ᠴᠢᠰᠤ ᠰᠢᠷ᠎ᠠ ᠶ᠋ᠢᠨ ᠬᠠᠯᠠᠭᠤᠨ ᠢ᠋ ᠠᠷᠢᠯᠭᠠᠵᠤ ᠰᠢᠷ᠎ᠠ ᠤᠰᠤ ᠶ᠋ᠢ ᠬᠠᠲᠠᠭᠠᠨ᠂ ᠮᠢᠬ᠎ᠠ ᠲᠥᠷᠥᠭᠦᠯᠵᠦ ᠵᠠᠰᠠᠬᠤ ᠪᠠᠷ ᠵᠠᠷᠴᠢᠮ ᠪᠣᠯᠭᠠᠨ ᠵᠠᠰᠠᠪᠠ᠃ ᠡᠷᠲᠡ ᠬᠣᠭᠣᠯᠠᠨ ᠤ᠋ ᠳᠠᠷᠠᠭ᠎ᠠ ᠴᠠᠭᠠᠨ ᠦᠷᠢᠯ᠂ ᠠᠮᠤᠷ — 6 ᠶ᠋ᠢ ᠥᠭᠴᠦ᠂ ᠦᠳᠡ ᠶ᠋ᠢᠨ ᠬᠣᠭᠣᠯᠠᠨ ᠤ᠋ ᠳᠠᠷᠠᠭ᠎ᠠ ᠴᠢᠰᠤᠨ ᠬᠢᠮᠤᠷᠠᠭ᠎ᠠ — 8 ᠂ ᠣᠷᠣᠢ ᠬᠣᠭᠣᠯᠠᠨ ᠤ᠋ ᠳᠠᠷᠠᠭ᠎ᠠ ᠮᠥᠩᠭᠥᠨ ᠤᠰᠤ — 18 ᠂ ᠬᠠᠲᠠᠭᠠᠭᠴᠢ —7 ᠶ᠋ᠢ ᠢᠯᠪᠤᠷᠠᠭᠰᠠᠨ ᠰᠢᠷᠬᠠᠯᠠᠭ᠎ᠠ ᠳ᠋ᠤ᠌ ᠲᠦᠷᠬᠢᠨ᠎ᠡ᠃ ᠡᠭᠦᠨ ᠦ᠌ ᠬᠠᠮᠲᠤ ᠨᠢᠭᠡ ᠤᠳᠠᠭ᠎ᠠ ᠶ᠋ᠢᠨ ᠬᠡᠯᠡᠨ ᠦ᠌ ᠰᠤᠳᠠᠯ ᠢ᠋ ᠬᠠᠨᠠᠬᠤ ᠵᠠᠰᠠᠯ ᠬᠢᠪᠡ᠃ ᠵᠠᠰᠠᠯ ᠬᠢᠵᠦ ᠪᠠᠷᠠᠭᠰᠠᠨ ᠲᠡᠷᠡ ᠳᠠᠷᠤᠢ ᠳ᠋ᠤᠨᠢ ᠡᠪᠡᠳᠴᠢᠲᠡᠨ ᠦ᠌ ᠡᠪᠡᠷᠰᠢᠶᠡᠯ ᠬᠠᠳᠬᠤᠯᠠᠭ᠎ᠠ ᠨᠢ ᠨᠠᠮᠵᠢᠭᠰᠠᠨ ᠪᠠᠢᠨ᠎ᠠ᠃ ᠡᠪᠡᠳᠴᠢᠲᠡᠨ 10 ᠡᠳᠦᠷ ᠦ᠋ᠨ ᠳᠠᠷᠠᠭ᠎ᠠ ᠳᠠᠬᠢᠨᠲᠠ ᠮᠠᠨ ᠤ᠋ ᠰᠠᠯᠠᠭᠠᠨ ᠳ᠋ᠤ᠌ ᠢᠷᠡᠵᠦ ᠪᠠᠢᠴᠠᠭᠠᠯᠭᠠᠭᠠᠳ ᠡᠪᠡᠳᠴᠢᠨ ᠨᠡᠯᠢᠶᠡᠳ ᠰᠠᠢᠵᠢᠷᠠᠪᠠ᠃ ᠲᠡᠭᠡᠭᠡᠳ ᠪᠠᠰᠠ ᠨᠢᠭᠡ ᠤᠳᠠᠭ᠎ᠠ ᠶ᠋ᠢᠨ ᠵᠠᠰᠠᠯ ᠬᠢᠵᠦ 1 ᠰᠠᠷ᠎ᠠ  ᠶ᠋ᠢᠨ ᠡᠮ ᠠᠪᠤᠭᠠᠳ ᠠᠨᠠᠭᠠᠮᠵᠢ ᠶ᠋ᠢ ᠪᠠᠲᠤᠳᠬᠠᠪᠠ᠃ 2016 ᠣᠨ ᠤ᠋ 6 ᠰᠠᠷ᠎ᠠ ᠶ᠋ᠢᠨ 18 ᠳ᠋ᠤ᠌ ᠳᠠᠬᠢᠨ ᠰᠤᠷᠪᠤᠯᠵᠢᠯᠠᠬᠤ  ᠳ᠋ᠤ᠌ ᠪᠦᠷᠢᠮᠦᠰᠦᠨ ᠡᠳᠡᠭᠡᠷᠡᠭᠰᠡᠨ ᠪᠥᠭᠡᠳ ᠳᠠᠬᠢᠭᠰᠠᠨ ᠦᠭᠡᠢ᠃ 

6. ᠣᠢᠯᠠᠭᠠᠯᠲᠠ 
       ᠲᠤᠰ ᠡᠪᠡᠳᠴᠢᠨ ᠪᠣᠯ ᠬᠠᠪᠤᠷ ᠴᠠᠭ ᠲᠤ᠌ ᠦᠷᠭᠦᠯᠵᠢ ᠲᠣᠬᠢᠶᠠᠯᠳᠤᠳᠠᠭ ᠢᠳᠡᠷ ᠵᠠᠯᠠᠭᠤ ᠨᠠᠰᠤᠨ ᠤ᠋ ᠬᠥᠮᠦᠨ ᠳ᠋ᠦ᠍ ᠣᠯᠠᠨ ᠨᠡᠷᠪᠡᠭᠳᠡᠬᠦ ᠡᠪᠡᠳᠴᠢᠨ ᠪᠣᠯᠤᠨ᠎ᠠ᠃ ᠭᠣᠣᠯᠳᠠᠭᠤ ᠬᠠᠪᠤᠷ ᠴᠠᠭ ᠤ᠋ᠨ ᠮᠣᠳᠣᠨ ᠮᠠᠬᠠᠪᠣᠳ ᠳᠡᠯᠭᠡᠷᠡᠵᠦ ᠴᠢᠰᠤ ᠬᠥᠭᠡᠷᠬᠦ ᠪᠤᠶᠤ ᠬᠤᠷᠴᠠ ᠬᠠᠯᠠᠭᠤᠨ ᠢᠳᠡᠭᠡᠨ ᠤᠮᠳᠠᠭᠠᠨ ᠢ᠋ ᠦᠷᠭᠦᠯᠵᠢ ᠢᠳᠡᠵᠦ ᠤᠤᠭᠤᠭᠰᠠᠨ ᠠ᠋ᠴᠠ ᠴᠢᠰᠤ ᠰᠢᠷ᠎ᠠ ᠶ᠋ᠢᠨ ᠬᠠᠯᠠᠭᠤᠨ ᠢ᠋ ᠡᠭᠦᠰᠬᠡᠵᠦ᠂ ᠬᠠᠯᠠᠭᠤᠨ ᠨᠢ ᠳᠡᠭᠡᠭᠰᠢ ᠪᠠᠳᠠᠷᠠᠵᠤ ᠡᠪᠡᠳᠴᠢᠯᠡᠭᠦᠯᠳᠡᠭ ᠲᠤᠯᠠ ᠬᠡᠯᠡᠨ ᠦ᠌ ᠰᠤᠳᠠᠯ ᠢ᠋ ᠬᠠᠨᠠᠵᠤ ᠬᠥᠭᠡᠷᠦᠭᠰᠡᠨ ᠮᠠᠭᠤ ᠴᠢᠰᠤ ᠶ᠋ᠢ ᠭᠠᠳᠠᠭᠰᠢ ᠤᠳᠤᠷᠢᠳᠤᠨ ᠭᠠᠷᠭᠠᠵᠤ ᠴᠢᠰᠤ ᠰᠢᠷ᠎ᠠ ᠶ᠋ᠢᠨ ᠬᠠᠯᠠᠭᠤᠨ ᠢ᠋ ᠠᠷᠢᠯᠭᠠᠵᠤ ᠲᠤᠰ ᠡᠪᠡᠳᠴᠢᠨ ᠢ᠋ ᠠᠨᠠᠭᠠᠳᠠᠭ᠃ ᠬᠡᠯᠡ ᠪᠣᠯ ᠵᠢᠷᠦᠬᠡᠨ ᠦ᠌ ᠴᠡᠴᠡᠭ ᠪᠥᠭᠡᠳ ᠠᠮᠠᠨ ᠬᠥᠨᠳᠡᠢ ᠶ᠋ᠢᠨ ᠳᠣᠲᠣᠷ᠎ᠠ ᠬᠠᠮᠤᠭ ᠶᠡᠬᠡ ᠡᠷᠬᠡᠲᠡᠨ ᠪᠣᠯᠤᠨ᠎ᠠ᠃ ᠬᠡᠯᠡᠨ ᠦ᠌ ᠰᠤᠳᠠᠯ ᠢ᠋ ᠬᠠᠨᠠᠬᠤ ᠪᠣᠯ ᠠᠮᠠᠨ ᠬᠥᠨᠳᠡᠢ ᠶ᠋ᠢᠨ ᠴᠢᠰᠤᠨ ᠡᠷᠭᠢᠯᠲᠡ ᠶ᠋ᠢ ᠰᠠᠢᠵᠢᠷᠠᠭᠤᠯᠵᠤ᠂ ᠡᠪᠡᠳᠴᠢᠨ ᠦ᠌ ᠤᠷᠬᠠᠨ ᠢ᠋ ᠰᠢᠭᠤᠳ ᠭᠠᠳᠠᠭᠰᠢ ᠤᠳᠤᠷᠢᠳᠤᠨ ᠭᠠᠷᠭᠠᠬᠤ ᠪᠥᠭᠡᠳ ᠰᠢᠨ᠎ᠡ ᠮᠢᠬ᠎ᠠ ᠲᠥᠷᠥᠭᠦᠯᠬᠦ ᠶ᠋ᠢ ᠠᠬᠢᠭᠤᠯᠵᠤ ᠡᠪᠡᠳᠴᠢᠨ ᠢ᠋ ᠤᠭ ᠠ᠋ᠴᠠ ᠨᠢ ᠠᠷᠢᠯᠭᠠᠨ᠎ᠠ᠃  

     ᠢᠷᠡᠯᠲᠡ᠄ 《 ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ 》 ᠰᠡᠳᠬᠦᠯ ᠦ᠋ᠨ2017 ᠣᠨ ᠤ᠋ 10 ᠳ᠋ᠤᠭᠠᠷ ᠬᠤᠭᠤᠴᠠᠭ᠎ᠠ 

         ᠦᠰᠦᠭ ᠠᠮᠢᠯᠠᠭᠤᠯᠤᠭᠴᠢ᠄ ᠭᠠᠸᠠ ᠦᠰᠦᠭ  
              ᠬᠢᠨᠠᠭᠴᠢ᠄  ᠲᠤᠭᠴᠢ ᠰᠠᠷᠠᠨ᠎ᠠ