ᠣᠰᠣᠨ ᠊ᠤ᠌ ᠲᠤᠩᠭᠠᠯᠠᠭ ᠲᠠᠮᠢᠷ ᠊ᠤᠨ ᠭᠣᠣᠯ -ᠭ ᠡᠷᠳᠡᠨᠢᠴᠢᠮᠡᠭ-Усны тунгалаг Тамирын гол- ЭрдэнчимгээErdenechimeg ft Mrs M - Usnii Tungalag Tamiriin Gol
ᠣᠰᠣᠨ ᠊ᠤ᠌ ᠲᠤᠩᠭᠠᠯᠠᠭ ᠲᠠᠮᠢᠷ ᠊ᠤᠨ ᠭᠣᠣᠯ
ᠦᠭᠡ᠄ ᠳ· ᠣᠳᠬᠠᠨᠰᠦ᠋ᠷᠦᠩ
ᠠᠶ᠎ᠠ᠄ ᠳ· ᠯᠣᠪᠰᠠᠩᠰᠢᠷᠠᠪ
ᠳᠠᠭᠤᠴᠢᠨ᠄ ᠭ· ᠡᠷᠳᠡᠨᠢᠴᠢᠮᠡᠭ MrsM
ᠠᠭᠤᠵᠢᠮ ᠤ᠋ᠨ ᠬᠣᠯᠠ ᠠ᠋ᠴᠠ ᠭᠦᠶᠦᠳᠡᠯᠲᠦ ᠬᠦᠯᠦᠭ
ᠤᠰᠤᠨ ᠤ᠋ ᠠᠮᠲᠠ ᠶ᠋ᠢ ᠦᠭᠡᠢᠯᠡᠨ ᠭᠦᠶᠦᠳᠡᠭ
ᠠᠭᠤᠯᠠᠰ ᠤ᠋ᠨ ᠰᠦᠷ ᠢ᠋ ᠪᠡᠨ ᠤᠰᠤᠨ ᠳ᠋ᠠᠭᠠᠨ ᠬᠦᠪᠦᠭᠡᠬᠦ
ᠤᠰᠤᠨ ᠤ᠋ ᠲᠤᠩᠭᠠᠯᠠᠭ ᠲᠠᠮᠢᠷ ᠤ᠋ᠨ ᠭᠣᠣᠯ
ᠲᠤᠩᠭᠠᠯᠠᠭ ᠲᠠᠮᠢᠷ ᠤ᠋ᠨ ᠭᠣᠣᠯ ᠠ᠋
ᠡᠷᠬᠢᠮᠯᠡᠵᠦ ᠶᠠᠪᠤᠭᠠᠷᠠᠢ ᠭᠡᠵᠦ ᠲᠠᠮᠢᠷ ᠬᠡᠮᠡᠬᠦ ᠨᠡᠷ᠎ᠡ ᠶ᠋ᠢ ᠨᠠᠳᠠ ᠳ᠋ᠤ᠌ ᠥᠭᠭᠦᠭᠰᠡᠨ
ᠬᠣᠣᠰ ᠬᠣᠶᠠᠷ ᠡᠷᠳᠡᠨᠢ ᠮᠢᠨᠢ ᠬᠤᠪᠢ ᠲᠠᠪᠢᠯᠠᠩ ᠢ᠋ ᠮᠢᠨᠢ ᠰᠣᠩᠭᠣᠭᠰᠠᠨ
ᠡᠴᠢᠭᠡ ᠶ᠋ᠢᠨ ᠡᠷᠬᠡᠲᠦ ᠶᠣᠰᠣ
ᠡᠴᠢᠭᠡ ᠶ᠋ᠢᠨ ᠮᠢᠨᠢ ᠨᠤᠲᠤᠭ ᠤᠰᠤ
ᠦᠵᠡᠰᠬᠦᠯᠡᠩᠲᠦ ᠲᠤᠩᠭᠠᠯᠠᠭ ᠭᠣᠣᠯ ᠮᠥᠷᠡᠨ ᠮᠢᠨᠢ ᠲᠠᠢᠪᠤᠩ ᠣᠷᠣᠰ
ᠡᠩᠭᠡᠷ ᠲᠦ᠍ ᠨᠢ ᠵᠣᠭᠰᠣᠭᠠᠳ ᠥᠪᠡᠷ ᠦ᠋ᠨ ᠡᠷᠬᠡ ᠦᠭᠡᠢ ᠪᠢ ᠤᠬᠢᠯᠠᠭᠠᠳ
ᠰᠠᠯᠬᠢᠨ ᠤ᠋ ᠬᠢᠨᠢ ᠢᠯᠪᠢᠬᠦ ᠮᠡᠳᠡᠷᠡᠮᠵᠢ ᠬᠠᠮᠤᠭ ᠤ᠋ᠨ ᠲᠠᠩᠰᠤᠭ ᠠᠶᠠᠯᠭᠤ
ᠤᠷᠤᠰᠬᠤᠯᠠᠩ ᠵᠠᠮ ᠢ᠋ ᠮᠢᠨᠢ ᠭᠡᠷᠡᠯᠲᠦᠭᠦᠯᠬᠦ ᠲᠩᠷᠢ ᠶ᠋ᠢᠨ ᠬᠠᠶᠠᠭ᠎ᠠ
ᠠᠯᠬᠤᠮ ᠠᠯᠬᠤᠮ ᠢ᠋ᠶ᠋ᠠᠷ ᠤᠷᠤᠭᠰᠢᠯᠠᠬᠤ ᠠᠮᠢᠳᠤᠷᠠᠯ ᠤ᠋ᠨ ᠬᠤᠪᠢ ᠵᠠᠶᠠᠭ᠎ᠠ
ᠠᠭᠤᠯᠠ ᠤᠰᠤ ᠨᠢ ᠣᠢᠷᠠᠬᠠᠨ ᠪᠢᠯᠡ
ᠡᠴᠢᠭᠡ ᠡᠪᠦᠭᠡᠳ ᠦ᠋ᠨ ᠮᠢᠨᠢ ᠨᠤᠲᠤᠭ ᠪᠢᠯᠡ
ᠥᠨᠥᠳᠥᠷ ᠬᠡᠨ ᠪᠠᠢᠬᠤ ᠴᠢᠨᠢ ᠴᠢᠬᠤᠯᠠ ᠭᠡᠯᠡ ᠴᠦ᠍
ᠬᠡᠨ ᠪᠠᠢᠭᠰᠠᠨ ᠢ᠋ᠶ᠋ᠠᠨ ᠪᠦᠦ ᠮᠠᠷᠲᠠᠭᠠᠷᠠᠢ ᠳᠠᠬᠢᠵᠤ ᠬᠡᠵᠢᠶ᠎ᠡ ᠴᠦ᠍
ᠳᠠᠷᠠᠭ᠎ᠠ ᠶ᠋ᠢᠨ ᠤᠳᠠᠭ᠎ᠠ ᠠᠭᠤᠯᠵᠠᠬᠤ ᠬᠦᠷᠲᠡᠯ᠎ᠡ ᠪᠡᠨ
ᠨᠤᠲᠤᠭ ᠮᠢᠨᠢ ᠨᠢᠳᠦ ᠪᠡᠨ ᠴᠢᠯᠡᠲᠡᠯ᠎ᠡ ᠬᠦᠯᠢᠶᠡᠨ᠎ᠡ
ᠨᠢᠳᠦ ᠪᠡᠨ ᠴᠢᠯᠡᠲᠡᠯ᠎ᠡ ᠬᠦᠯᠢᠶᠡᠨ᠎ᠡ
ᠰᠢᠭᠤᠢ ᠶ᠋ᠢᠨ ᠨᠣᠮᠢᠨ ᠳ᠋ᠤ᠌ ᠰᠠᠯᠬᠢ ᠨᠣᠢᠷᠰᠤᠭᠰᠠᠨ
ᠰᠢᠪᠠᠭᠤᠳ ᠴᠤᠭᠯᠠᠨ ᠱᠤᠯᠤᠭᠠᠨᠠᠨ ᠴᠡᠩᠭᠡᠯᠳᠦᠬᠦ ᠳ᠋ᠦ᠍
ᠦᠵᠡᠭᠰᠡᠨ ᠬᠥᠮᠦᠨ ᠦ᠌ ᠰᠡᠳᠬᠢᠯ ᠵᠢᠷᠭᠠᠬᠤ
ᠦᠵᠡᠰᠬᠦᠯᠡᠩᠲᠦ ᠰᠠᠢᠬᠠᠨ ᠲᠠᠮᠢᠷ ᠤ᠋ᠨ ᠭᠣᠣᠯ
ᠰᠠᠢᠬᠠᠨ ᠲᠠᠮᠢᠷ ᠤ᠋ᠨ ᠭᠣᠣᠯ ᠠ᠋
ᠦᠰᠦᠭ ᠠᠮᠢᠯᠠᠭᠤᠯᠤᠭᠴᠢ᠄ ᠤᠯᠠᠭᠠᠨ
ᠦᠰᠦᠭ ᠬᠠᠳᠠᠭᠴᠢ᠄ ᠤᠯᠠᠭᠠᠨ
ᠬᠢᠨᠠᠭᠴᠢ᠄ ᠪᠣᠣ᠂ ᠰᠠᠷᠠᠨ᠎ᠠ
