ᠵᠢᠷᠦᠬᠡᠨ ᠊ᠤ᠌ ᠯᠢᠩᠪᠦᠴᠢᠨ ᠪᠦᠰᠡᠭᠦᠢ - ᠰ ∙ ᠠᠷᠢᠭᠤᠨᠪᠣᠯᠣᠳ Зүрхний лимбэчин бүсгүй - С.Ариунболд, Zurkhnii limbechin busgui
ᠵᠢᠷᠦᠬᠡᠨ ᠊ᠤ᠌ ᠯᠢᠩᠪᠦᠴᠢᠨ ᠪᠦᠰᠡᠭᠦᠢ
ᠦᠭᠡ᠄ ᠫ· ᡀᠠᠭᠪᠠᠰᠦ᠋ᠷᠦᠩ
ᠠᠶ᠎ᠠ᠄ ᠳ ·ᠴᠡᠡᠸᠡᠩᠷᠠᠪᠳᠠᠨ
— ᠰ· ᠠᠷᠢᠭᠤᠨᠪᠤᠯᠣᠳ
ᠵᠡᠭᠦᠨᠲᠡᠢ ᠠᠭᠤᠯᠠᠰ ᠤ᠋ᠨ ᠣᠷᠣᠢ ᠴᠠᠢᠷᠠᠭᠠᠳ ᠯᠠ ᠪᠠᠢᠨ᠎ᠠ ᠤᠤ ᠳᠠ
ᠵᠦᠰᠡᠷ ᠪᠣᠷᠣᠭ᠎ᠠ ᠨᠠᠮᠢᠷᠠᠭᠠᠳ ᠯᠠ ᠪᠠᠢᠨ᠎ᠠ ᠳᠠ
ᠵᠦᠩ ᠢ᠋ᠶ᠋ᠡᠷ ᠢ᠋ᠶ᠋ᠡᠨ ᠴᠢ ᠮᠢᠨᠢ ᠪᠣᠳᠣᠭᠳᠠᠭᠠᠳ ᠪᠠᠢᠨ᠎ᠠ ᠳᠠ
ᠵᠡᠭᠦᠳᠡᠨ ᠮᠢᠨᠢ ᠢᠷᠡᠵᠦ ᠴᠡᠩᠭᠡᠭᠡᠬᠦ ᠨᠢ ᠦᠦ ᠳᠡ
ᠵᠢᠰᠦ ᠪᠡᠷ ᠢ᠋ᠶ᠋ᠡᠨ ᠢᠵᠢᠯᠢᠳᠡᠵᠦ ᠬᠣᠣᠰᠯᠠᠭᠠ ᠦᠭᠡᠢ
ᠵᠢᠷᠦᠬᠡᠨ ᠦ᠌ ᠯᠢᠩᠪᠦᠴᠢᠨ ᠪᠦᠰᠡᠭᠦᠢ ᠮᠢᠨᠢ ᠠ᠋
ᠪᠠᠷᠠᠭᠤᠨᠲᠠᠢ ᠠᠭᠤᠯᠠ ᠶ᠋ᠢᠨ ᠪᠠᠷ᠎ᠠ ᠲᠣᠳᠣᠷᠠᠭᠠᠳ ᠯᠠ ᠪᠠᠢᠨ᠎ᠠ ᠤᠤ ᠳᠠ
ᠪᠣᠷᠣᠯᠠᠭ ᠮᠣᠷᠢ ᠮᠢᠨᠢ ᠦᠦᠷᠰᠡᠭᠡᠳ ᠯᠡ ᠪᠠᠢᠨ᠎ᠠ
ᠪᠣᠯᠵᠣᠭᠠᠲᠤ ᠴᠢ ᠮᠢᠨᠢ ᠪᠣᠳᠣᠭᠳᠠᠭᠠᠳ ᠪᠠᠢᠨ᠎ᠠ ᠳᠠ
ᠪᠣᠳᠣᠯ ᠳ᠋ᠤ᠌ ᠮᠢᠨᠢ ᠢᠷᠡᠵᠦ ᠴᠡᠩᠭᠡᠭᠡᠬᠦ ᠨᠢ ᠦᠦ ᠳᠡ
ᠴᠠᠩ ᠴᠠᠩ ᠤ᠋ᠨ ᠪᠥᠭᠡᠵᠢ ᠪᠡᠨ ᠰᠣᠯᠢᠭ᠎ᠠ ᠦᠭᠡᠢ
ᠴᠡᠭᠡᠵᠢᠨ ᠦ᠌ ᠴᠡᠴᠡᠷᠯᠢᠭᠴᠢ ᠪᠦᠰᠡᠭᠦᠢ ᠮᠢᠨᠢ ᠠ᠋
ᠠᠯᠤᠰ ᠤ᠋ᠨ ᠠᠭᠤᠯᠠ ᠶ᠋ᠢᠨ ᠴᠤᠤᠷᠢᠶ᠎ᠠ ᠠᠨᠢᠷᠲᠤᠭᠠᠳ ᠪᠠᠢᠨ᠎ᠠ ᠤᠤ ᠳᠠ
ᠠᠮᠠᠷᠠᠭ ᠤ᠋ᠨ ᠮᠢᠨᠢ ᠳᠠᠭᠤᠤ ᠡᠭᠡᠰᠢᠭᠯᠡᠭᠡᠳ ᠯᠡ ᠪᠠᠢᠨ᠎ᠠ
ᠠᠷᠭ᠎ᠠ ᠦᠭᠡᠢ ᠯᠡ ᠴᠢ ᠮᠢᠨᠢ ᠪᠣᠳᠣᠭᠳᠠᠭᠠᠳ ᠪᠠᠢᠨ᠎ᠠ ᠳᠠ
ᠠᠮᠤᠭᠤᠯᠠᠩ ᠨᠣᠢᠷ ᠢ᠋ ᠮᠢᠨᠢ ᠬᠤᠯᠵᠢᠭᠠᠬᠤ ᠨᠢ ᠦᠦ ᠳᠡ
ᠬᠠᠨᠢᠯᠠᠬᠤ ᠶ᠋ᠢᠨ ᠵᠠᠶᠠᠭ᠎ᠠ ᠲᠦᠰᠢᠭᠡ ᠦᠭᠡᠢ
ᠬᠠᠢᠷ᠎ᠠ ᠶ᠋ᠢᠨ ᠦᠢᠯᠡ ᠲᠡᠢ ᠪᠦᠰᠡᠭᠦᠢ ᠮᠢᠨᠢ ᠠ᠋
ᠵᠢᠰᠦ ᠪᠡᠷ ᠢ᠋ᠶ᠋ᠡᠨ ᠢᠵᠢᠯᠢᠳᠡᠵᠦ ᠬᠣᠣᠰᠯᠠᠭᠠ ᠦᠭᠡᠢ
ᠵᠢᠷᠦᠬᠡᠨ ᠦ᠌ ᠯᠢᠩᠪᠦᠴᠢᠨ ᠪᠦᠰᠡᠭᠦᠢ ᠮᠢᠨᠢ ᠠ᠋
ᠵᠢᠷᠦᠬᠡᠨ ᠦ᠌ ᠯᠢᠩᠪᠦᠴᠢᠨ ᠪᠦᠰᠡᠭᠦᠢ ᠮᠢᠨᠢ ᠠ᠋
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ ᠪᠠᠭᠰᠢ᠄ ᠲᠣᠳᠣᠭᠡᠷᠡᠯ
