ᠣᠷᠴᠢᠯᠠᠩ ᠊ᠢ ᠬᠠᠢᠷᠠᠯᠠᠭᠠᠷᠠᠢ - ᠬ ∙ ᠮᠠᠩᠯᠠᠢᠪᠠᠭᠠᠲᠤᠷОрчлонг хайрлаарай - Х.Манлайбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠯᠠᠩ ᠊ᠢ ᠬᠠᠢᠷᠠᠯᠠᠭᠠᠷᠠᠢ - ᠬ ∙ ᠮᠠᠩᠯᠠᠢᠪᠠᠭᠠᠲᠤᠷОрчлонг хайрлаарай - Х.Манлайбаатар

ᠣᠷᠴᠢᠯᠠᠩ ᠊ᠢ ᠬᠠᠢᠷᠠᠯᠠᠭᠠᠷᠠᠢ - ᠬ ∙ ᠮᠠᠩᠯᠠᠢᠪᠠᠭᠠᠲᠤᠷОрчлонг хайрлаарай - Х.Манлайбаатар

ᠠᠩᠭᠢᠯᠠᠯ:ᠳᠠᠭᠤᠤ ᠬᠥᠭᠵᠢᠮ
2025-03-10

635

ᠣᠷᠴᠢᠯᠠᠩ ᠊ᠢ ᠬᠠᠢᠷᠠᠯᠠᠭᠠᠷᠠᠢ


   ᠦᠭᠡ᠄ ᠴ· ᠪᠠᠪᠤᠳᠣᠷᠵᠢ 
   ᠠᠶ᠎ᠠ᠄ ᠳ· ᠨᠠᠷᠠᠨᠮᠠᠨᠳᠤᠬᠤ 
   ᠳᠠᠭᠤᠴᠢᠨ᠄ ᠬ ∙ ᠮᠠᠩᠯᠠᠢᠪᠠᠭᠠᠲᠤᠷ 

ᠨᠠᠨᠳᠢᠨ ᠴᠡᠩᠬᠡᠷ ᠲᠩᠷᠢ ᠪᠡᠨ ᠬᠠᠢᠷᠠᠯᠠᠭᠠᠷᠠᠢ 
ᠨᠠᠮᠤᠷ ᠤ᠋ᠨ ᠪᠤᠳᠠᠩ ᠪᠦᠷᠬᠦᠴᠢᠬᠡᠨ᠎ᠡ ᠠᠢ ᠬᠥᠭᠡᠷᠦᠬᠦᠢ 
ᠨᠠᠰᠤᠨ ᠥᠨᠳᠥᠷ ᠠᠪᠤ ᠡᠵᠢ ᠪᠡᠨ ᠬᠠᠢᠷᠠᠯᠠᠭᠠᠷᠠᠢ 
ᠨᠡᠷᠡᠲᠦ ᠶ᠋ᠢᠨ ᠵᠢᠮ᠎ᠡ ᠨᠢ ᠪᠤᠯᠢᠶᠠᠴᠢᠬᠠᠨ᠎ᠠ ᠠᠢ ᠬᠥᠭᠡᠷᠦᠬᠦᠢ 
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ 
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ 
ᠴᠢ ᠪᠢᠳᠡᠨ ᠦ᠌ ᠣᠷᠴᠢᠯᠠᠩ ᠭᠠᠭᠴᠠᠬᠠᠨ ᠰᠢᠦ 
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ 

ᠭᠡᠭᠡᠨ ᠳᠣᠷᠣᠨ᠎ᠠ ᠶ᠋ᠢᠨ ᠰᠠᠷᠠ ᠶ᠋ᠢ ᠬᠠᠢᠷᠠᠯᠠᠭᠠᠷᠠᠢ
ᠭᠡᠷᠡᠯᠲᠦ ᠲᠤᠶᠠᠭ᠎ᠠ ᠪᠠᠨ ᠬᠤᠮᠢᠴᠢᠬᠠᠨ᠎ᠠ ᠠᠢ ᠬᠥᠭᠡᠷᠦᠬᠦᠢ
ᠵᠠᠯᠠᠭᠤᠬᠠᠨ ᠠᠮᠠᠷᠠᠭ ᠢ᠋ᠶ᠋ᠠᠨ ᠠᠭᠤᠴᠢᠯᠠᠵᠤ ᠬᠠᠢᠷᠠᠯᠠᠭᠠᠷᠠᠢ
ᠽᠠᠮᠪᠤᠯᠢᠩ ᠤ᠋ᠨ ᠤᠷᠤᠰᠬᠠᠯ ᠡᠯᠡᠭᠡᠴᠢᠬᠡᠨ᠎ᠡ ᠠᠢ ᠬᠥᠭᠡᠷᠦᠬᠦᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ

ᠰᠠᠢᠬᠠᠨ ᠴᠠᠭᠠᠨ ᠡᠭᠦᠯᠡᠰ ᠢ᠋ ᠬᠠᠢᠷᠠᠯᠠᠭᠠᠷᠠᠢ
ᠰᠠᠯᠬᠢᠨ ᠤ᠋ ᠠᠶᠠᠰ ᠢ᠋ᠶ᠋ᠠᠷ ᠰᠠᠷᠨᠢᠴᠢᠬᠠᠨ᠎ᠠ ᠠᠢ ᠬᠥᠭᠡᠷᠦᠬᠦᠢ
ᠵᠣᠷᠢᠭ ᠢ᠋ᠶ᠋ᠠᠷ ᠣᠯᠳᠠᠳᠠᠭ ᠦᠭᠡᠢ ᠠᠮᠢᠳᠤᠷᠠᠯ ᠢ᠋ᠶ᠋ᠠᠨ ᠬᠠᠢᠷᠠᠯᠠᠭᠠᠷᠠᠢ
ᠵᠣᠪᠠᠯᠠᠩ ᠵᠢᠷᠭᠠᠯ ᠬᠤᠪᠢᠶᠠᠴᠢᠬᠠᠨ᠎ᠠ ᠠᠢ ᠬᠥᠭᠡᠷᠦᠬᠦᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ
ᠠᠮᠢᠳᠤᠷᠠᠯ ᠢ᠋ ᠵᠢᠷᠦᠬᠡᠨ ᠳ᠋ᠦ᠍ ᠪᠡᠨ ᠲᠡᠪᠡᠷᠢᠨ ᠬᠠᠢᠷᠠᠯᠠᠭᠠᠷᠠᠢ᠃

  ᠦᠰᠦᠭ ᠠᠮᠢᠯᠠᠭᠤᠯᠤᠭᠴᠢ᠄ ᠰ· ᠲᠦᠮᠡᠡᠴᠡᠴᠡᠭ
  ᠬᠢᠨᠠᠭᠴᠢ ᠪᠠᠭᠰᠢ᠄ ᠢᠷᠡᠭᠡᠳᠦᠢ