《ᠰᠸᠨᠳᠡᠷ ᠥᠬᠢᠨ 》ᠳᠠᠭᠤᠨ ᠊ᠤ᠌ ᠳᠣᠮᠣᠭ -ᠦᠨᠡᠨᠪᠠᠶᠠᠷ “Садар охин ”дууны домог-Үнэнбаяр
ᠰᠸᠨᠳᠡᠷ ᠥᠬᠢᠨ
ᠰᠧ ᠸᠠᠩ ᠤ᠋ᠨ ᠬᠤᠰᠢᠭᠤᠨ ᠤ᠋
ᠰᠡᠴᠡᠨ ᠵᠠᠯᠠᠨ ᠤ᠋ ᠥᠬᠢᠨ ᠰᠸᠡᠳᠡᠷ ᠬᠦ
ᠠᠷᠪᠠᠨ ᠨᠠᠢ᠍ᠮᠠᠨ ᠨᠠᠰᠤᠨ ᠳ᠋ᠠᠭᠠᠨ
ᠠᠯᠢᠶ᠎ᠠ ᠰᠸᠡᠳᠡᠷ ᠨᠡᠷᠡᠲᠡᠢ ᠳᠠ ᠬᠦ
ᠠᠷᠪᠠᠨ ᠶᠤᠸᠠᠮᠪᠤᠤ ᠶ᠋ᠢ ᠨᠢ ᠠᠪᠬᠤ ᠭᠡᠳ
ᠠᠯᠠᠭ᠎ᠠ ᠪᠠᠨ ᠲᠤᠰᠤᠭᠰᠠᠨ ᠠᠪᠤ ᠤᠤ ᠳᠠ ᠬᠦ
ᠬᠣᠷᠢᠨ ᠶᠤᠸᠠᠮᠪᠤᠤ ᠶ᠋ᠢ ᠨᠢ ᠠᠪᠬᠤ ᠭᠡᠳ
ᠬᠣᠷᠮᠣᠢ ᠪᠠᠨ ᠲᠣᠰᠤᠭᠰᠠᠨ ᠡᠵᠢ ᠦᠦ ᠳᠡ ᠬᠦ
ᠠᠷᠪᠠᠨ ᠬᠣᠰᠢᠭᠤ ᠶ᠋ᠢ ᠳᠠᠮᠵᠢᠭᠤᠯᠬᠤ ᠪᠠᠷ
ᠠᠳᠤᠭᠤᠴᠢᠨ ᠬᠦᠦ ᠳ᠋ᠡᠭᠡᠨ ᠥᠭᠭᠦᠭᠡᠰᠡᠢ ᠳᠡ ᠬᠦ
ᠬᠣᠷᠢᠨ ᠬᠣᠰᠢᠭᠤ ᠶ᠋ᠢ ᠳᠠᠮᠵᠢᠭᠤᠯᠬᠤ ᠪᠠᠷ
ᠬᠣᠨᠢᠴᠢᠨ ᠬᠦᠦ ᠳ᠋ᠡᠭᠡᠨ ᠥᠭᠭᠦᠭᠡᠰᠡᠢ ᠳᠡ ᠬᠦ
ᠴᠠᠭᠠᠨ ᠲᠣᠷᠭᠠᠨ ᠴᠠᠮᠴᠠ ᠶ᠋ᠢ ᠪᠡᠨ
ᠬᠡᠨ ᠳ᠋ᠡᠭᠡᠨ ᠭᠡᠵᠦ ᠯᠡ ᠣᠶᠣᠯ᠎ᠠ ᠳᠠ ᠬᠦ
ᠴᠡᠯ ᠪᠤᠭᠤᠷᠤᠯ ᠪᠠᠶᠠᠨ ᠲᠠᠢ
ᠴᠠᠭ ᠢ᠋ ᠶᠠᠭᠠᠬᠢᠵᠤ ᠯᠠ ᠪᠠᠷᠠᠬᠤ ᠪᠣᠢ ᠬᠦ
ᠠᠯᠢᠮ᠎ᠠ ᠪᠠᠷ ᠬᠠᠴᠢᠷᠯᠠᠭᠰᠠᠨ ᠠᠷᠢᠬᠢ ᠶ᠋ᠢ ᠴᠢᠨᠢ
ᠠᠮᠲᠠ ᠶ᠋ᠢ ᠨᠢ ᠠᠪᠤᠭᠠᠳ ᠰᠣᠭᠲᠣᠭᠣᠷᠠᠯᠠ ᠳᠠ ᠬᠦ
ᠠᠯᠣᠰ ᠬᠣᠯᠠ ᠶ᠋ᠢᠨ ᠵᠠᠮ ᠳ᠋ᠠᠭᠠᠨ ᠪᠢ
ᠠᠯᠳᠠᠩᠬᠠᠨ ᠪᠡᠶ᠎ᠡ ᠪᠡᠨ ᠲᠤᠰᠢᠶᠠᠯ᠎ᠠ ᠳᠠ ᠬᠦ
ᠬᠣᠰᠢᠭᠤ ᠨᠠᠭᠠᠳᠤᠮ ᠳ᠋ᠤ᠌ ᠪᠠᠷᠢᠯᠳᠤᠭᠠᠳ
ᠬᠥᠭᠡᠷᠦᠬᠦᠢ ᠥᠬᠢᠨ ᠴᠢᠨᠢ ᠲᠡᠷᠢᠬᠦᠯᠡᠯ᠎ᠡ ᠳᠡ ᠬᠦ
ᠬᠣᠰᠢᠭᠤ ᠤᠷᠲᠤ ᠲᠠᠢ ᠲᠠᠮᠠᠭ᠎ᠠ ᠶ᠋ᠢᠨ ᠬᠢᠨᠢ
ᠬᠣᠢᠨ᠎ᠠ ᠠ᠋ᠴᠠ ᠨᠢ ᠬᠥᠭᠡᠭᠡᠳ ᠬᠣᠴᠣᠷᠤᠯ᠎ᠠ ᠳᠠ ᠬᠦ
ᠦᠰᠦᠭ ᠠᠮᠢᠯᠠᠭᠤᠯᠤᠭᠴᠢ᠄ ᠰᠣᠨᠢᠨᠪᠠᠶᠠᠷ
ᠬᠢᠨᠠᠭᠴᠢ᠄ ᠭᠠᠷᠮ᠎ᠠ
