ᠳᠤᠷᠠᠯᠠᠬᠤ ᠶ᠋ᠢ ᠬᠣᠷᠢᠭᠯᠠᠨ᠎ᠠДурлахыг хориглоно_cover_ Durlahiig horiglono-pami
ᠳᠤᠷᠠᠯᠠᠬᠤ ᠶ᠋ᠢ ᠬᠣᠷᠢᠭᠯᠠᠨ᠎ᠠ
ᠠᠶ᠎ᠠ᠄ ᠯ·ᠪᠠᠯᡁᠠᠵᠡᠪ
ᠦᠭᠡ᠄ ( ᠴᠣᠭ)
ᠳᠠᠭᠤᠴᠢᠨ᠄ ᠫᠠᠭᠮᠠᠳᠤᠯᠮᠠ
ᠵᠢᠷᠦᠬᠡ ᠮᠢᠨᠢ ᠤᠬᠢᠯᠠᠭᠠᠳ ᠪᠠᠢᠨ᠎ᠠ
ᠵᠡᠭᠦᠳᠦ ᠮᠢᠨᠢ ᠲᠥᠭᠡᠷᠢᠭᠡᠳ ᠪᠠᠢᠨ᠎ᠠ
ᠨᠠᠮᠤᠷ ᠤ᠋ᠨ ᠪᠤᠭᠤᠷᠤᠯ ᠪᠣᠷᠣᠭ᠎ᠠ ᠮᠢᠨᠢ ᠲᠠ ᠴᠢ
ᠨᠠᠳᠠ ᠲᠠᠢ ᠴᠣᠭ ᠰᠢᠪᠡᠷᠡᠬᠦ ᠦᠭᠡᠢ ᠶᠠᠭᠠᠬᠢᠬᠤᠪ ᠳᠠ
ᠬᠠᠢᠷ᠎ᠠ ᠮᠢᠨᠢ ᠴᠥᠬᠥᠷᠡᠭᠡᠳ ᠪᠠᠢᠨ᠎ᠠ
ᠰᠡᠳᠬᠢᠯ ᠥᠮᠥᠷᠡᠭᠡᠳ ᠪᠠᠢᠨ᠎ᠠ
ᠬᠠᠪᠤᠷ ᠤ᠋ᠨ ᠵᠥᠭᠡᠯᠡᠨ ᠪᠣᠷᠣᠭ᠎ᠠ ᠮᠢᠨᠢ ᠲᠠ ᠴᠢ
ᠬᠠᠵᠠᠭᠤ ᠳ᠋ᠤ᠌ ᠵᠢᠭᠠᠬᠠᠨ ᠰᠢᠪᠡᠷᠡᠬᠦ ᠦᠭᠡᠢ ᠴᠦ᠍ ᠶᠠᠭᠠᠬᠢᠬᠤᠪ ᠳᠠ
ᠳᠤᠷᠠᠯᠠᠬᠤ ᠯᠠ ᠭᠡᠵᠦ ᠬᠠᠢᠷᠠᠯᠠᠭᠰᠠᠨ
ᠳᠤᠷᠠᠯᠠᠯ ᠢ᠋ᠶ᠋ᠠᠷ ᠪᠢ ᠶᠠᠭᠠᠬᠢᠬᠤ ᠶᠤᠮ ᠪᠣᠢ
ᠰᠡᠮᠡᠷᠡᠬᠦ ᠭᠡᠵᠦ ᠪᠢ ᠡᠩᠬᠦᠷᠡᠢᠯᠡᠭᠰᠡᠨ
ᠰᠡᠳᠬᠢᠯ ᠢ᠋ᠶ᠋ᠡᠷ ᠪᠢ ᠶᠠᠭᠠᠬᠢᠬᠤ ᠶᠤᠮ ᠪᠣᠢ
ᠨᠡᠭᠦᠭᠡᠳ ᠥᠩᠭᠡᠷᠡᠬᠦ ᠡᠭᠦᠯᠡᠰ ᠨᠢ
ᠨᠢᠭᠤᠷ ᠳᠡᠭᠡᠷ᠎ᠡ ᠲᠣᠭᠲᠠᠯ᠎ᠠ
ᠨᠢᠭᠤᠭᠠᠳ ᠤᠨᠠᠭᠠᠭᠰᠠᠨ ᠨᠢᠯᠪᠤᠰᠤᠨ ᠳ᠋ᠠᠭᠠᠨ
ᠣᠳᠣ ᠪᠢ ᠲᠠᠭᠠᠷᠠᠬᠤ ᠨᠢ ᠠ᠋
ᠶᠠᠭᠠᠬᠢᠭᠰᠠᠨ ᠬᠥᠨᠳᠡᠭᠦᠷ ᠨᠠᠷᠠ ᠪᠣᠢ
ᠶᠠᠮᠠᠷ ᠵᠢᠬᠡᠭᠦᠨ ᠬᠥᠮᠦᠨ ᠦ᠌ ᠲᠩᠷᠢ ᠪᠣᠢ
ᠵᠢᠷᠦᠬᠡ ᠪᠡᠨ ᠭᠡᠵᠦ ᠬᠠᠢᠷᠠᠯᠠᠭᠰᠠᠨ
ᠮᠢᠨᠦ ᠰᠡᠳᠬᠢᠯ ᠢ᠋ ᠴᠢᠩᠨᠠᠭᠠ ᠦᠭᠡᠢ
ᠵᠣᠪᠠᠬᠤ ᠯᠠ ᠭᠡᠵᠦ ᠬᠠᠢᠷᠠᠯᠠᠭᠰᠠᠨ
ᠳᠤᠷᠠᠯᠠᠯ ᠢ᠋ᠶ᠋ᠠᠷ ᠪᠢ ᠶᠠᠭᠠᠬᠢᠬᠤ ᠶᠤᠮ ᠪᠣᠢ
ᠨᠡᠭᠦᠭᠡᠳ ᠥᠩᠭᠡᠷᠡᠬᠦ ᠡᠭᠦᠯᠡᠰ ᠨᠢ
ᠨᠢᠭᠤᠷ ᠤ᠋ᠨ ᠳᠡᠭᠡᠷ᠎ᠡ ᠮᠢᠨᠢ ᠲᠣᠭᠲᠠᠯ᠎ᠠ
ᠨᠢᠭᠤᠭᠠᠳ ᠤᠨᠠᠭᠠᠭᠰᠠᠨ ᠨᠢᠯᠪᠤᠰᠤᠨ ᠳ᠋ᠤ᠌ ᠪᠠᠨ
ᠣᠳᠣ ᠪᠢ ᠲᠠᠭᠠᠷᠠᠬᠤ ᠨᠢ ᠠ᠋
ᠶᠠᠭᠠᠬᠢᠭᠰᠠᠨ ᠬᠥᠨᠳᠡᠭᠦᠷ ᠨᠠᠷᠠ ᠪᠣᠢ
ᠶᠠᠮᠠᠷ ᠵᠢᠬᠡᠭᠦᠨ ᠬᠥᠮᠦᠨ ᠦ᠌ ᠲᠩᠷᠢ ᠪᠣᠢ
ᠨᠡᠭᠦᠭᠡᠳ ᠥᠩᠭᠡᠷᠡᠬᠦ ᠡᠭᠦᠯᠡᠰ ᠨᠢ
ᠨᠢᠭᠤᠷ ᠤ᠋ᠨ ᠳᠡᠭᠡᠷ᠎ᠡ ᠲᠣᠭᠲᠠᠯ᠎ᠠ
ᠨᠢᠭᠤᠭᠠᠳ ᠤᠨᠠᠭᠠᠭᠰᠠᠨ ᠨᠢᠯᠪᠤᠰᠤᠨ ᠳ᠋ᠤ᠌ ᠪᠠᠨ
ᠣᠳᠣ ᠪᠢ ᠲᠠᠭᠠᠷᠠᠬᠤ ᠨᠢ ᠠ᠋
ᠶᠠᠭᠠᠬᠢᠭᠰᠠᠨ ᠬᠥᠨᠳᠡᠭᠦᠷ ᠨᠠᠷᠠ ᠪᠣᠢ
ᠶᠠᠮᠠᠷ ᠵᠢᠬᠡᠭᠦᠨ ᠬᠥᠮᠦᠨ ᠦ᠌ ᠲᠩᠷᠢ ᠪᠣᠢ
ᠵᠢᠷᠦᠬᠡ ᠮᠢᠨᠢ ᠤᠬᠢᠯᠠᠭᠠᠳ ᠪᠠᠢᠨ᠎ᠠ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠲᠣᠳᠣᠭᠡᠷᠡᠯ ᠰᠣᠨᠢᠨᠪᠠᠶᠠᠷ᠂ ᠪᠢᠮᠪᠠ᠃
