ᠵᠢᠷᠦᠬᠡᠨ ᠳ᠋ᠤ᠌ ᠣᠢᠷᠠᠬᠠᠨ ᠨᠤᠲᠤᠭ -ᠡᠩᠬᠡᠴᠡᠴᠡᠭ Зүрхэнд ойрхон нутаг-ЭнхцэцэгEnkhtsetseg - Zurhend Oirhon Nutag ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠳ᠋ᠤ᠌ ᠣᠢᠷᠠᠬᠠᠨ ᠨᠤᠲᠤᠭ -ᠡᠩᠬᠡᠴᠡᠴᠡᠭ Зүрхэнд ойрхон нутаг-ЭнхцэцэгEnkhtsetseg - Zurhend Oirhon Nutag

ᠵᠢᠷᠦᠬᠡᠨ ᠳ᠋ᠤ᠌ ᠣᠢᠷᠠᠬᠠᠨ ᠨᠤᠲᠤᠭ -ᠡᠩᠬᠡᠴᠡᠴᠡᠭ Зүрхэнд ойрхон нутаг-ЭнхцэцэгEnkhtsetseg - Zurhend Oirhon Nutag

ᠠᠩᠭᠢᠯᠠᠯ:ᠳᠠᠭᠤᠤ ᠬᠥᠭᠵᠢᠮ
2025-03-08

570

ᠵᠢᠷᠦᠬᠡᠨ ᠳ᠋ᠤ᠌ ᠣᠢᠷᠠᠬᠠᠨ ᠨᠤᠲᠤᠭ

     ᠦᠭᠡ᠄  ᠳ· ᠭᠠᠩᠸᠴᠢᠷ 
     ᠠᠶ᠎ᠠ᠄  ᠳ· ᠠᠮᠤᠭᠤᠯᠠᠩ 
     —  ᠭ· ᠡᠩᠬᠡᠴᠡᠴᠡᠭ ᠳᠠᠭᠤᠯᠠᠨ᠎ᠠ 

 ᠳᠡᠪᠡᠯ ᠦ᠋ᠨ ᠳᠣᠲᠣᠷ᠎ᠠ ᠮᠢᠨᠢ ᠰᠡᠳᠬᠢᠯ  ᠪᠦᠯᠢᠶᠡᠰᠴᠦ 
 ᠳᠡᠨᠵᠢ ᠶ᠋ᠢᠨ ᠨᠣᠭᠣᠭ᠎ᠠ ᠲᠠᠢ ᠨᠤᠲᠤᠭ ᠢ᠋ᠶ᠋ᠠᠨ ᠶᠠᠭᠠᠷᠠᠨ᠎ᠠ 
 ᠣᠴᠢᠭᠠᠳ ᠡᠷᠬᠡᠯᠡᠬᠦ  ᠲᠣᠭᠠᠯᠠᠨ ᠳ᠋ᠤ᠌  
 ᠲᠣᠰᠣᠨ ᠦᠨᠦᠰᠦᠭᠡᠳ ᠪᠠᠢᠳᠠᠭ 
 ᠣᠷᠴᠢᠯᠠᠩ ᠤ᠋ᠨ ᠰᠠᠢᠬᠠᠨ ᠡᠵᠢ ᠳ᠋ᠡᠭᠡᠨ ᠣᠴᠢᠨ᠎ᠠ 
 ᠠ   ᠠ   ᠠ
 ᠣᠴᠢᠭᠠᠳ ᠡᠷᠬᠡᠯᠡᠬᠦ  ᠲᠣᠭᠠᠯᠠᠨ ᠳ᠋ᠤ᠌  
 ᠲᠣᠰᠣᠨ ᠦᠨᠦᠰᠦᠭᠡᠳ ᠪᠠᠢᠳᠠᠭ 
 ᠣᠷᠴᠢᠯᠠᠩ ᠤ᠋ᠨ ᠰᠠᠢᠬᠠᠨ ᠡᠵᠢ ᠳ᠋ᠡᠭᠡᠨ ᠣᠴᠢᠨ᠎ᠠ 

 ᠰᠠᠨᠠᠭᠠᠨ ᠤ᠋ ᠳᠣᠲᠣᠷ᠎ᠠ ᠮᠢᠨᠢ ᠬᠣᠯᠠᠳᠠᠵᠤ  ᠣᠢᠷᠠᠲᠤᠭᠰᠠᠨ
 ᠰᠠᠨᠠᠬᠤ ᠶ᠋ᠢᠨ ᠵᠢᠷᠭᠠᠯ ᠲᠠᠢ ᠨᠤᠲᠤᠭ ᠤ᠋ᠨ ᠴᠢᠯᠠᠭᠤ
 ᠥᠭᠰᠥᠵᠦ ᠤᠷᠤᠭᠤᠳᠠᠬᠤ ᠶ᠋ᠢᠨ ᠲᠣᠭᠠᠯᠠᠨ ᠳ᠋ᠤ᠌ 
 ᠲᠡᠪᠴᠢᠨ ᠢᠲᠡᠭᠡᠵᠦ ᠬᠠᠢᠷᠠᠯᠠᠬᠤ
 ᠬᠥᠮᠦᠨ ᠦ᠌ ᠳᠡᠭᠡᠳᠦ ᠪᠣᠯᠤᠭᠰᠠᠨ ᠠᠪᠤ ᠳ᠋ᠠᠭᠠᠨ ᠣᠴᠢᠨ᠎ᠠ
 ᠠ   ᠠ   ᠠ
 ᠥᠭᠰᠥᠵᠦ ᠤᠷᠤᠭᠤᠳᠠᠬᠤ ᠶ᠋ᠢᠨ ᠲᠣᠭᠠᠯᠠᠨ ᠳ᠋ᠤ᠌ 
 ᠲᠡᠪᠴᠢᠨ ᠢᠲᠡᠭᠡᠵᠦ ᠬᠠᠢᠷᠠᠯᠠᠬᠤ
 ᠬᠥᠮᠦᠨ ᠦ᠌ ᠳᠡᠭᠡᠳᠦ ᠪᠣᠯᠤᠭᠰᠠᠨ ᠠᠪᠤ ᠳ᠋ᠠᠭᠠᠨ ᠣᠴᠢᠨ᠎ᠠ

 ᠪᠣᠳᠣᠯ ᠳᠣᠲᠣᠷ᠎ᠠ ᠮᠢᠨᠢ ᠳᠤᠷᠠᠰᠤᠮᠵᠢ ᠰᠡᠷᠭᠦᠭᠡᠳ
 ᠪᠣᠱᠣᠭ᠎ᠠ ᠳᠣᠲᠣᠭᠣ ᠲᠠᠢ ᠨᠤᠲᠤᠭ ᠣᠢᠷᠠᠲᠤᠨ᠎ᠠ
 ᠴᠢᠯᠠᠭᠤ  ᠪᠣᠯᠭᠠᠨ ᠳ᠋ᠤ᠌ ᠠᠯᠠᠭᠠᠨ ᠤ᠋ 
 ᠬᠡ ᠪᠡᠨ ᠲᠠᠮᠠᠭᠠᠯᠠᠵᠤ ᠣᠷᠬᠢᠭᠰᠠᠨ
 ᠤᠳᠤᠮ ᠤ᠋ᠨ ᠵᠠᠶᠠᠭ᠎ᠠ ᠲᠠᠢ ᠨᠤᠲᠤᠭ ᠢ᠋ᠶ᠋ᠠᠨ ᠣᠴᠢᠨ᠎ᠠ
 ᠠ   ᠠ   ᠠ
 ᠴᠢᠯᠠᠭᠤ  ᠪᠣᠯᠭᠠᠨ ᠳ᠋ᠤ᠌ ᠠᠯᠠᠭᠠᠨ ᠤ᠋
 ᠬᠡ ᠪᠡᠨ ᠲᠠᠮᠠᠭᠠᠯᠠᠵᠤ ᠣᠷᠬᠢᠭᠰᠠᠨ
 ᠤᠳᠤᠮ ᠤ᠋ᠨ ᠵᠠᠶᠠᠭ᠎ᠠ ᠲᠠᠢ ᠨᠤᠲᠤᠭ ᠢ᠋ᠶ᠋ᠠᠨ ᠣᠴᠢᠨ᠎ᠠ
 ᠠ ᠠ ᠠ ᠠ ᠠ ᠠ
 ᠠ ᠠ ᠠ ᠠ ᠠ ᠠ
 ᠤᠳᠤᠮ ᠵᠠᠶᠠᠭ᠎ᠠ ᠲᠠᠢ ᠨᠤᠲᠤᠭ ᠢ᠋ᠶ᠋ᠠᠨ ᠣᠴᠢᠨ᠎ᠠ
 ᠵᠢᠷᠦᠬᠡᠨ ᠳ᠋ᠦ᠍ ᠮᠢᠨᠢ ᠣᠢᠷᠠᠬᠠᠨ ᠨᠤᠲᠤᠭ ᠢ᠋ᠶ᠋ᠠᠨ  ᠶᠠᠭᠠᠷᠠᠨ᠎ᠠ
   
  ᠦᠰᠦᠭ ᠠᠮᠢᠯᠠᠭᠤᠯᠤᠭᠴᠢ᠄ ᠰᠣᠨᠢᠨᠪᠠᠶᠠᠷ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ᠄ ᠲᠣᠳᠤᠭᠡᠷᠡᠯ᠂ ᠪᠢᠮᠪᠠ᠃