ᠭᠣᠪᠢ ᠱᠠᠩᠬᠤ ᠶ᠋ᠢᠨ ᠨᠤᠲᠤᠭ - ᠷᠠᠭᠴᠠᠪᠠᠽᠠᠷ ᠊ᠤᠨ ᠰᠦᠬᠡᠪᠣᠯᠤᠳ ᠰᠲ᠋ᠠ Говь шанхын нутаг - Рагчаабазарын Сүхболд _ста
ᠭᠣᠪᠢ ᠱᠠᠩᠬᠤ ᠶ᠋ᠢᠨ ᠨᠤᠲᠤᠭ
ᠦᠭᠡ᠄ ᠨ· ᠪᠠᠶᠠᠨᠮᠥ᠋ᠩᠬᠡ
ᠠᠶ᠎ᠠ᠄ ᠲ· ᠰᠡᠷᠡᠣᠳᠣ
ᠳᠠᠭᠤᠴᠢᠨ᠄ ᠷ· ᠰᠦᠬᠡᠪᠣᠯᠣᠳ
ᠤᠨᠠᠭᠠᠨ ᠬᠥᠯᠦᠭ ᠨᠢ ᠭᠠᠵᠠᠷ ᠢ᠋ᠶ᠋ᠠᠨ ᠦᠨᠦᠷᠯᠡᠨ ᠭᠦᠶᠦᠵᠦ ᠯᠡ ᠢᠷᠡᠳᠡᠭ ᠡᠬᠡ ᠨᠤᠲᠤᠭ ᠮᠢᠨᠢ
ᠤᠳᠤᠮᠲᠤ ᠬᠥᠪᠡᠭᠦᠳ ᠨᠢ ᠨᠢᠳᠦ ᠪᠡᠨ ᠴᠠᠪᠴᠢᠯ ᠦᠭᠡᠢ ᠮᠠᠨᠠᠭᠰᠠᠨ ᠬᠥᠬᠡ ᠲᠩᠷᠢ ᠮᠢᠨᠢ
ᠡᠴᠢᠭᠡ ᠳᠡᠭᠡᠳᠦᠰ ᠡᠴᠡ ᠬᠦᠢ ᠶ᠋ᠢᠨ ᠬᠣᠯᠪᠣᠭ᠎ᠠ ᠲᠠᠢ ᠡᠷᠳᠡᠨᠢ ᠶ᠋ᠢᠨ ᠥᠯᠥᠭᠡᠢ ᠮᠢᠨᠢ
ᠡᠨᠡ ᠯᠡ ᠨᠠᠰᠤᠨ ᠳ᠋ᠤ᠌ ᠭᠠᠭᠴᠠᠬᠠᠨ ᠵᠠᠶᠠᠭᠠᠭᠰᠠᠨ ᠲᠥᠷᠥᠭᠰᠡᠨ ᠨᠤᠲᠤᠭ ᠮᠢᠨᠢ
ᠬᠤᠯᠠᠨ ᠤ᠋ ᠤᠨᠠᠭ᠎ᠠ ᠨᠢ ᠪᠣᠰᠤᠭ᠎ᠠ ᠲᠥᠷᠥᠭᠡᠳ ᠵᠡᠷᠭᠡᠯᠭᠡᠨ ᠳ᠋ᠦ᠍ ᠲᠣᠭᠯᠠᠭᠰᠠᠨ ᠡᠬᠡ ᠨᠤᠲᠤᠭ ᠮᠢᠨᠢ
ᠬᠤᠷᠳᠤᠨ ᠬᠥᠯᠦᠭ ᠣᠳ ᠨᠢ ᠳᠣᠮᠣᠭ ᠤ᠋ᠨ ᠰᠠᠯᠬᠢᠨ ᠠ᠋ᠴᠠ ᠢᠨᠴᠠᠭᠠᠬᠤ ᠬᠣᠷᠯᠣ ᠲᠣᠭᠣᠨᠣᠲᠤ ᠮᠢᠨᠢ
ᠦᠷ᠎ᠡ ᠠᠴᠢ ᠳ᠋ᠠᠭᠠᠨ ᠥᠪᠯᠡᠭᠦᠯᠵᠦ ᠦᠯᠡᠳᠡᠭᠡᠬᠦ ᠭᠠᠵᠠᠷ ᠰᠢᠷᠣᠢ ᠮᠢᠨᠢ
ᠦᠷᠭᠦᠯᠵᠢ ᠮᠥᠩᠬᠡ ᠶ᠋ᠢᠨ ᠰᠡᠳᠬᠢᠯ ᠳ᠋ᠦ᠍ ᠤᠶᠠᠭᠠᠲᠠᠢ ᠲᠥᠷᠥᠭᠰᠡᠨ ᠨᠤᠲᠤᠭ ᠮᠢᠨᠢ
ᠤᠷᠲᠤ ᠶ᠋ᠢᠨ ᠳᠠᠭᠤᠨ ᠤ᠋ ᠰᠢᠷᠤᠩᠬᠠᠢ ᠮᠣᠷᠢᠨ ᠬᠤᠭᠤᠷ ᠤ᠋ᠨ ᠡᠬᠡᠰᠢᠭ ᠲᠡᠢ
ᠤᠶᠠᠩᠭᠠᠲᠤ ᠭᠢᠩᠭᠤ ᠡᠭᠡᠰᠢᠭᠯᠡᠵᠦ ᠠᠷᠭᠤᠮᠠᠭ ᠦᠦᠷᠰᠡᠬᠦ ᠬᠡᠢᠮᠣᠷᠢ ᠲᠠᠢ
ᠢᠩᠭᠡᠨ ᠪᠤᠢᠯᠠᠭ᠎ᠠ ᠨᠢ ᠭᠡᠭᠡᠯᠵᠡᠵᠦ ᠡᠵᠢ ᠳ᠋ᠦ᠍ ᠪᠠᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠡ ᠴᠢᠨᠠᠳᠤ ᠶ᠋ᠢᠨ ᠠᠯᠤᠰ ᠠ᠋ᠴᠠ ᠴᠤ᠌ ᠢᠷᠡᠵᠦ ᠯᠠ ᠰᠠᠭᠤᠬᠤ ᠶ᠋ᠢᠨ ᠬᠦᠰᠡᠯᠡᠩ ᠲᠡᠢ
ᠭᠣᠪᠢ ᠱᠠᠩᠬᠤ ᠶ᠋ᠢᠨ ᠨᠤᠲᠤᠭ ᠳᠠ
ᠡᠨᠡ ᠮᠢᠨᠦ ᠨᠤᠲᠤᠭ ᠠ᠋
ᠤᠨᠤᠵᠤ ᠲᠥᠷᠥᠭᠰᠡᠨ ᠵᠠᠶᠠᠭᠠᠨ ᠳ᠋ᠤ᠌ ᠪᠠᠨ ᠪᠠᠬᠠᠷᠬᠠᠨ ᠨᠠᠰᠤ ᠪᠠᠷ ᠢ᠋ᠶ᠋ᠠᠨ ᠳᠠᠭᠤᠯᠠᠬᠤ ᠡᠬᠡ ᠣᠷᠣᠨ ᠮᠢᠨᠢ
ᠣᠩᠭᠣᠨ ᠲᠠᠯ᠎ᠠ ᠪᠠᠷ ᠢ᠋ᠶ᠋ᠠᠨ ᠰᠠᠯᠬᠢ ᠲᠠᠲᠠᠭᠤᠯᠤᠨ ᠳᠠᠪᠬᠢᠬᠤ ᠭᠡᠭᠡᠨ ᠬᠦᠰᠡᠯ ᠮᠢᠨᠢ
ᠭᠤᠷᠪᠠᠨ ᠴᠠᠭ ᠤ᠋ᠨ ᠲᠡᠭᠰᠢ ᠵᠢᠷᠭᠠᠯᠠᠩ ᠲᠠᠢ ᠮᠥᠷᠥᠭᠡᠳᠦᠯ ᠦ᠋ᠨ ᠳ᠋ᠧᠪᠠᠵᠠᠨ ᠮᠢᠨᠢ
ᠭᠣᠳᠣᠢᠬᠤ ᠦᠭᠡᠢ ᠳᠡᠭᠡᠳᠦᠰ ᠦ᠋ᠨ ᠴᠠᠳᠢᠭ ᠲᠠᠢ ᠲᠥᠷᠥᠭᠰᠡᠨ ᠨᠤᠲᠤᠭ ᠮᠢᠨᠢ
ᠤᠷᠲᠤ ᠶ᠋ᠢᠨ ᠳᠠᠭᠤᠨ ᠤ᠋ ᠰᠢᠷᠤᠩᠬᠠᠢ ᠮᠣᠷᠢᠨ ᠬᠤᠭᠤᠷ ᠤ᠋ᠨ ᠡᠬᠡᠰᠢᠭ ᠲᠡᠢ
ᠤᠶᠠᠩᠭᠠᠲᠤ ᠭᠢᠩᠭᠤ ᠡᠭᠡᠰᠢᠭᠯᠡᠵᠦ ᠠᠷᠭᠤᠮᠠᠭ ᠦᠦᠷᠰᠡᠬᠦ ᠬᠡᠢᠮᠣᠷᠢ ᠲᠠᠢ
ᠢᠩᠭᠡᠨ ᠪᠤᠢᠯᠠᠭ᠎ᠠ ᠨᠢ ᠭᠡᠭᠡᠯᠵᠡᠵᠦ ᠡᠵᠢ ᠳ᠋ᠦ᠍ ᠪᠠᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠡ ᠴᠢᠨᠠᠳᠤ ᠶ᠋ᠢᠨ ᠠᠯᠤᠰ ᠠ᠋ᠴᠠ ᠴᠤ᠌ ᠢᠷᠡᠵᠦ ᠯᠠ ᠰᠠᠭᠤᠬᠤ ᠶ᠋ᠢᠨ ᠬᠦᠰᠡᠯᠡᠩ ᠲᠡᠢ
ᠭᠣᠪᠢ ᠱᠠᠩᠬᠤ ᠶ᠋ᠢᠨ ᠨᠤᠲᠤᠭ ᠳᠠ
ᠡᠨᠡ ᠮᠢᠨᠦ ᠨᠤᠲᠤᠭ ᠠ᠋
ᠡᠨᠡ ᠮᠢᠨᠦ ᠯᠡ ᠨᠤᠲᠤᠭ ᠠ᠋
ᠦᠰᠦᠭ ᠠᠮᠢᠯᠠᠭᠤᠯᠤᠭᠴᠢ᠄ ᠠᠩᠴᠢᠨ
ᠦᠰᠦᠭ ᠬᠠᠲᠠᠭᠴᠢ᠄ ᠠᠩᠴᠢᠨ
ᠦᠰᠦᠭ ᠬᠢᠨᠠᠭᠴᠢ᠄ ᠢᠷᠡᠭᠡᠳᠦᠢ᠂ ᠪᠠᠶᠠᠷᠴᠡᠴᠡᠭ
