ᠡᠵᠢ ᠲᠠᠨ ᠳ᠋ᠤ᠌ ᠎ᠪᠠᠨ ᠪᠠᠶᠠᠷᠯᠠᠯ᠎ᠠ - ᠪᠣᠬᠢᠰᠢᠷᠭ᠎ᠠ᠂ ᠳᠠᠸᠠᠳᠠᠯᠠᠢЭэж тандаа баярлалаа-Bohisharga Davaadalai - Ijii Tandaa Bayrlalaa ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠲᠠᠨ ᠳ᠋ᠤ᠌ ᠎ᠪᠠᠨ ᠪᠠᠶᠠᠷᠯᠠᠯ᠎ᠠ - ᠪᠣᠬᠢᠰᠢᠷᠭ᠎ᠠ᠂ ᠳᠠᠸᠠᠳᠠᠯᠠᠢЭэж тандаа баярлалаа-Bohisharga Davaadalai - Ijii Tandaa Bayrlalaa

ᠡᠵᠢ ᠲᠠᠨ ᠳ᠋ᠤ᠌ ᠎ᠪᠠᠨ ᠪᠠᠶᠠᠷᠯᠠᠯ᠎ᠠ - ᠪᠣᠬᠢᠰᠢᠷᠭ᠎ᠠ᠂ ᠳᠠᠸᠠᠳᠠᠯᠠᠢЭэж тандаа баярлалаа-Bohisharga Davaadalai - Ijii Tandaa Bayrlalaa

ᠠᠩᠭᠢᠯᠠᠯ:ᠳᠠᠭᠤᠤ ᠬᠥᠭᠵᠢᠮ
2025-03-06

835

ᠡᠵᠢ ᠲᠠᠨ ᠳ᠋ᠤ᠌ ᠎ᠪᠠᠨ ᠪᠠᠶᠠᠷᠯᠠᠯ᠎ᠠ


     ᠦᠭᠡ ᠂ ᠠᠶ᠎ᠠ᠄ ᠦ᠊•ᠪᠤᠬᠢᠰᠢᠷᠭ᠎ᠠ   
     ᠳᠠᠭᠤᠴᠢᠨ᠄ ᠦ᠊• ᠪᠤᠬᠢᠰᠢᠷᠭ᠎ᠠ ᠂ ᠭ•ᠳᠠᠸᠠᠳᠠᠯᠠᠢ    

ᠡᠵᠢ ᠮᠢᠨᠢ ᠰᠠᠷᠠ ᠰᠢᠭ᠋ ᠮᠦᠰᠢᠶᠡᠬᠦ ᠳ᠋ᠦ᠍   
ᠡᠩᠭᠡᠷ ᠲᠦ᠍ ᠨᠢ ᠪᠢ ᠳᠡᠯᠡᠬᠡᠢ ᠰᠢᠭ ᠡᠷᠬᠡᠯᠡᠳᠡᠭ      
ᠡᠵᠢ ᠮᠢᠨᠢ ᠨᠠᠷᠠ ᠰᠢᠭ᠋ ᠬᠡᠷᠡᠯᠳᠦᠬᠦ ᠳ᠋ᠦ᠍   
ᠡᠪᠦᠷ ᠲᠦ᠍ ᠨᠢ ᠪᠢ ᠴᠡᠴᠡᠭ ᠰᠢᠭ᠋ ᠳᠡᠯᠪᠡᠭᠡᠯᠡᠳᠡᠭ᠃   
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ᠃

ᠡᠵᠢ ᠮᠢᠨᠢ ᠡᠭᠦᠯᠡ ᠰᠢᠭ ᠨᠡᠭᠦᠬᠦ ᠳ᠋ᠦ᠍
ᠴᠡᠴᠡᠭᠡᠰ ᠦ᠋ᠨ ᠰᠢᠭᠦᠳᠡᠷᠢ ᠰᠠᠯᠬᠢᠨ ᠳ᠋ᠤ᠌ ᠪᠥᠩᠵᠢᠭᠡᠨᠡᠭᠡᠳ
ᠡᠵᠢ ᠮᠢᠨᠢ ᠳᠠᠭᠤᠤ ᠰᠢᠭ᠋ ᠤᠶᠠᠩᠭᠠᠯᠠᠬᠤ ᠳ᠋ᠤ᠌
ᠡᠷᠭᠢᠬᠦ ᠳᠡᠯᠡᠬᠡᠢ ᠪᠦᠪᠡᠢ ᠳ᠋ᠦ᠍ ᠨᠢ ᠠᠮᠤᠭᠤᠯᠠᠩ᠃
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ᠃

ᠡᠵᠢ ᠮᠢᠨᠢ ᠲᠩᠷᠢ ᠰᠢᠭ ᠴᠡᠯᠮᠡᠬᠦ ᠳ᠋ᠦ᠍
ᠢᠬᠡᠷ᠎ᠡ ᠰᠠᠮᠪᠠᠷᠤ ᠬᠣᠣᠰ ᠢ᠋ᠶ᠋ᠠᠷ ᠢ᠋ᠶ᠋ᠠᠨ ᠳᠡᠯᠭᠡᠷᠡᠳᠡᠭ
ᠡᠵᠢ ᠮᠢᠨᠢ ᠮᠥᠷᠡᠨ ᠰᠢᠭ ᠤᠷᠤᠰᠬᠤ ᠳ᠋ᠤ᠌
ᠡᠩᠭᠡᠷ ᠴᠡᠭᠡᠵᠢᠨ ᠳ᠋ᠦ᠍ ᠨᠢ ᠦᠷ᠎ᠡ ᠨᠢ ᠡᠷᠬᠡᠯᠡᠨ᠎ᠡ᠃
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ
ᠡᠵᠢ ᠠ᠋ ᠭᠡᠵᠦ ᠬᠥᠮᠦᠨ ᠤᠤᠯᠭ᠎ᠠ ᠠᠯᠳᠠᠳᠠᠭ
ᠡᠨᠡᠬᠡᠨ ᠳᠡᠯᠡᠬᠡᠢ ᠶ᠋ᠢᠨ ᠲᠠᠷᠨᠢ ᠡᠵᠢ ᠮᠢᠨᠢ
ᠡᠵᠢ ᠲᠠᠨ ᠳ᠋ᠠᠭᠠᠨ ᠦᠷ᠎ᠡ ᠨᠢ ᠪᠠᠶᠠᠷᠯᠠᠯ᠎ᠠ᠃
 
      ᠦᠰᠦᠭ ᠠᠮᠢᠯᠠᠭᠤᠯᠤᠭᠴᠢ᠄ ᠤᠤᠭᠠᠨᠵᠢᠳ  
      ᠬᠢᠨᠠᠭᠴᠢ᠄ ᠮᠡᠷᠭᠡᠨᠪᠢᠯᠢᠭ