ᠮᠥᠩᠭᠥᠨ ᠭᠣᠣᠯ -ᠤᠷᠭ᠎ᠠ᠂ ᠷᠢᠨᠴᠢᠩᠬᠤᠸᠠᠷМөнгөн гол-Уурга,Рэнчинхувр Möngön gol-Uurga,Renchinkhuvr
ᠮᠥᠩᠭᠥᠨ ᠭᠣᠣᠯ
ᠦᠭᠡ᠄ ᠭᠣᠮᠪᠣᠵᠠᠪ
ᠠᠶ᠎ᠠ᠄ ᠳᠦᠩᠪᠦ
ᠳᠠᠭᠤᠴᠢᠨ᠄ ᠤᠷᠭ᠎ᠠ᠂ ᠷᠢᠨᠴᠢᠩᠬᠤᠸᠠᠷ
ᠬᠤᠨ ᠴᠠᠭᠠᠨ ᠬᠣᠨᠢᠨ ᠰᠦᠷᠦᠭ ᠦ᠋ᠨ ᠳᠡᠭᠡᠭᠦᠷ
ᠬᠥᠪᠥᠩ ᠴᠠᠭᠠᠨ ᠡᠭᠦᠯᠡᠰ ᠬᠥᠪᠦᠯᠵᠡᠨ ᠨᠡᠭᠦᠨ᠎ᠡ ᠠᠢ ᠬᠦ
ᠨᠣᠭᠣᠭᠠᠨ ᠲᠠᠯ᠎ᠠ ᠶ᠋ᠢ ᠪᠦᠷᠬᠦᠭᠰᠡᠨ ᠬᠣᠨᠢᠨ ᠰᠦᠷᠦᠭ ᠦ᠋ᠳ ᠮᠢᠨᠢ
ᠡᠷᠳᠡᠨᠢ ᠶ᠋ᠢᠨ ᠮᠥᠩᠭᠥᠨ ᠰᠤᠪᠤᠳ ᠤ᠋ᠳ ᠰᠢᠭ᠋ ᠢᠷᠠᠯᠵᠠᠵᠤ ᠪᠠᠢᠨ᠎ᠠ ᠬᠦ᠃
ᠠᠭᠤᠯᠠᠨ ᠠ᠋ᠴᠠ ᠣᠨᠳᠣᠷᠤᠭᠰᠠᠨ ᠮᠥᠩᠭᠥᠨ ᠭᠣᠣᠯ
ᠠᠭᠤᠳᠠᠮ ᠲᠠᠯ᠎ᠠ ᠶ᠋ᠢᠨ ᠳᠤᠮᠳᠠᠭᠤᠷ ᠱᠤᠤᠭᠢᠨ ᠤᠷᠤᠰᠤᠨ᠎ᠠ ᠠᠢ ᠬᠦ
ᠠᠷᠢᠭᠤᠨ ᠴᠠᠭᠠᠨ ᠰᠦ ᠰᠢᠭ ᠮᠡᠯᠮᠡᠯᠵᠡᠨ ᠤᠷᠤᠰᠤᠭᠠᠳ
ᠥᠷᠭᠡᠨ ᠳᠡᠯᠭᠡᠷ ᠪᠡᠯᠴᠢᠭᠡᠷ ᠢ᠋ ᠮᠢᠨᠢ ᠠᠮᠢᠯᠠᠭᠤᠯᠵᠤ ᠪᠠᠢᠨ᠎ᠠ᠂ ᠠᠮᠢᠯᠠᠭᠤᠯᠵᠤ ᠪᠠᠢᠨ᠎ᠠ᠃
ᠮᠥᠩᠭᠥᠨ ᠭᠣᠣᠯ ᠤ᠋ᠨ ᠲᠤᠩᠭᠠᠯᠠᠭ ᠤᠷᠤᠰᠬᠠᠯ
ᠮᠠᠨ ᠤ᠋ ᠣᠷᠣᠨ ᠢ᠋ᠶ᠋ᠠᠷ ᠲᠣᠭᠣᠷᠢᠨ ᠤᠷᠤᠰᠤᠨ᠎ᠠ ᠠᠢ ᠬᠦ
ᠦᠷᠡᠵᠢᠯᠲᠦ ᠮᠠᠯ ᠤ᠋ᠨ ᠰᠦᠷᠦᠭ ᠢ᠋ ᠮᠢᠨᠢ ᠤᠮᠳᠠᠯᠠᠵᠤ
ᠮᠠᠯᠴᠢᠨ ᠲᠦᠮᠡᠨ ᠪᠢᠳᠡ ᠨᠠᠷ ᠢ᠋ ᠪᠠᠶᠠᠰᠬᠠᠨ ᠵᠢᠷᠭᠠᠭᠤᠯᠵᠤ ᠪᠠᠢᠨ᠎ᠠ
ᠦᠷᠡᠵᠢᠯᠲᠦ ᠮᠠᠯ ᠤ᠋ᠨ ᠰᠦᠷᠦᠭ ᠢ᠋ ᠮᠢᠨᠢ ᠤᠮᠳᠠᠯᠠᠵᠤ
ᠮᠠᠯᠴᠢᠨ ᠲᠦᠮᠡᠨ ᠪᠢᠳᠡ ᠨᠠᠷ ᠢ᠋ ᠪᠠᠶᠠᠰᠬᠠᠨ ᠵᠢᠷᠭᠠᠭᠤᠯᠵᠤ ᠪᠠᠢᠨ᠎ᠠ᠃
ᠦᠰᠦᠭ ᠠᠮᠢᠯᠠᠭᠤᠯᠤᠭᠴᠢ᠄ ᠴᠡᠴᠡᠭ
ᠦᠰᠦᠭ ᠬᠠᠳᠠᠭᠴᠢ᠄ ᠴᠡᠴᠡᠭ
ᠵᠢᠭᠠᠨ ᠵᠢᠯᠣᠭᠣᠳᠤᠭᠴᠢ᠄ ᠠᠶᠤᠰᠢ᠂ ᠦᠨᠢᠮᠦᠩᠬᠡ᠂ ᠪᠢᠮᠪᠠ
ᠬᠢᠨᠠᠭᠴᠢ᠄ ᠤᠳᠬᠠᠨᠰᠣ᠎ᠠ
