ᠢᠵᠢᠯ ᠮᠥᠷᠡᠨ- ᠪᠤᠤ ᠯᠦᠩИжил мөрөн-Боо лүнIjil mörön-Boo lün ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠵᠢᠯ ᠮᠥᠷᠡᠨ- ᠪᠤᠤ ᠯᠦᠩИжил мөрөн-Боо лүнIjil mörön-Boo lün

ᠢᠵᠢᠯ ᠮᠥᠷᠡᠨ- ᠪᠤᠤ ᠯᠦᠩИжил мөрөн-Боо лүнIjil mörön-Boo lün

ᠠᠩᠭᠢᠯᠠᠯ:ᠳᠠᠭᠤᠤ ᠬᠥᠭᠵᠢᠮ
2025-03-05

1562

ᠢᠵᠢᠯ ᠮᠥᠷᠡᠨ

   ᠦᠭᠡ᠄ ᠷᠢ᠊· ᠰᠡᠴᠡᠨᠴᠣᠭᠲᠤ 
   ᠠᠶ᠎ᠠ᠄ ᠷᠢ᠊· ᠰᠡᠴᠡᠨᠪᠠᠭᠠᠲᠤᠷ 
   ᠬᠥᠭᠵᠢᠮ᠄ ᠰᠣᠶᠣᠯ 
   ᠳᠠᠭᠤᠴᠢᠨ᠄ ᠪᠤᠤ ᠯᠦᠩ 

ᠴᠠᠩ ᠰᠠᠪᠰᠠᠭᠤᠯᠤᠨ ᠥᠨᠳᠡᠯᠵᠡᠭᠰᠡᠨ 
ᠴᠠᠰᠤ ᠲᠠᠢ ᠠᠯᠲᠠᠢ ᠪᠠᠨ ᠰᠠᠨᠠᠯ᠎ᠠ 
ᠴᠠᠢ ᠪᠠᠨ ᠰᠠᠮᠤᠷᠤᠨ ᠬᠦᠯᠢᠶᠡᠭᠰᠡᠨ 
ᠴᠠᠭᠠᠨ ᠪᠤᠭᠤᠷᠤᠯ ᠡᠵᠢ ᠪᠡᠨ ᠰᠠᠨᠠᠯ᠎ᠠ 

ᠳᠣᠷᠣᠨ᠎ᠠ ᠶ᠋ᠢᠨ ᠰᠠᠷᠠ ᠶ᠋ᠢ ᠮᠡᠯᠲᠡᠯᠵᠡᠭᠦᠯᠦᠭᠰᠡᠨ 
ᠲᠣᠭᠰᠢᠨ ᠡᠷᠴᠢᠰ ᠢ᠋ᠶ᠋ᠡᠨ ᠰᠠᠨᠠᠯ᠎ᠠ 
ᠣᠮᠣᠭᠯᠠᠩ ᠮᠣᠷᠢᠳ ᠨᠢ ᠳᠠᠪᠬᠢᠯᠳᠤᠭᠰᠠᠨ 
ᠳᠣᠮᠣᠭᠲᠤ ᠰᠢᠷ᠎ᠠ ᠲᠠᠯ᠎ᠠ ᠪᠠᠨ ᠰᠠᠨᠠᠯ᠎ᠠ
ᠬᠠᠷᠢᠶ᠎ᠠ ᠠ᠋ ᠬᠠᠷᠢᠶ᠎ᠠ ᠭᠡᠬᠦᠯᠡᠷ ᠠᠨᠳᠠ ᠮᠢᠨᠢ
ᠬᠣᠯᠠ ᠶ᠋ᠢᠨ ᠮᠥᠷᠡᠨ ᠬᠥᠯᠳᠡᠭᠰᠡᠨ ᠦᠭᠡᠢ
ᠶᠠᠪᠤᠶ᠎ᠠ ᠠ᠋ ᠶᠠᠪᠤᠶ᠎ᠠ ᠭᠡᠬᠦᠯᠡᠷ ᠠᠪᠤ ᠮᠢᠨᠢ
ᠶᠡᠬᠡ ᠮᠥᠷᠡᠨ ᠬᠥᠯᠳᠡᠭᠰᠡᠨ ᠦᠭᠡᠢ

ᠬᠤᠷ᠎ᠠ ᠨᠠᠷᠠᠨ ᠠᠰᠬᠠᠷᠠᠭᠰᠠᠨ
ᠬᠤᠷᠠᠭᠠᠨ ᠤ᠋ ᠪᠠᠨ ᠪᠡᠯᠴᠢᠭᠡᠷ ᠢ᠋ ᠰᠠᠨᠠᠯ᠎ᠠ
ᠬᠤᠭᠤᠷ ᠴᠤᠭᠤᠷ ᠬᠦᠩᠭᠢᠨᠡᠭᠦᠯᠦᠭᠰᠡᠨ
ᠲᠤᠤᠯᠢᠴᠢ ᠮᠡᠷᠭᠡᠨ ᠠᠪᠤ ᠶ᠋ᠢ ᠪᠡᠨ ᠰᠠᠨᠠᠯ᠎ᠠ

ᠣᠩᠭᠣᠨ ᠬᠦᠯᠦᠭ ᠦ᠋ᠨ ᠳᠠᠯᠠᠨ ᠳᠡᠭᠡᠭᠦᠷ
ᠣᠳᠣ ᠲᠠᠢ ᠰᠥᠨᠢ ᠶ᠋ᠢᠨ ᠲᠤᠶᠠᠭᠠᠨ ᠳᠣᠭᠤᠤᠷ
ᠣᠯᠠᠨ ᠪᠠᠭᠠᠲᠤᠷ ᠤ᠋ᠨ ᠴᠢᠰᠤᠨ ᠳᠤᠮᠳᠠᠭᠤᠷ
ᠤᠪᠠᠰᠢ ᠬᠠᠭᠠᠨ ᠨᠤᠲᠤᠭ ᠢ᠋ᠶ᠋ᠠᠨ ᠵᠣᠷᠢᠯ᠎ᠠ
ᠢᠷᠡᠶ᠎ᠡ ᠠ᠋ ᠢᠷᠡᠶ᠎ᠡ ᠭᠡᠬᠦᠯᠡᠷ ᠨᠤᠲᠤᠭ ᠮᠢᠨᠢ
ᠢᠵᠢᠯ ᠮᠥᠷᠡᠨ ᠬᠥᠯᠳᠡᠭᠰᠡᠨ ᠦᠭᠡᠢ
ᠪᠤᠴᠠᠶ᠎ᠠ ᠠ᠋ ᠪᠤᠴᠠᠶ᠎ᠠ ᠭᠡᠬᠦᠯᠡᠷ ᠡᠵᠢ ᠮᠢᠨᠢ
ᠪᠤᠭᠤᠷᠤᠯ ᠮᠥᠷᠡᠨ ᠬᠥᠯᠳᠡᠭᠰᠡᠨ ᠦᠭᠡᠢ
ᠪᠤᠭᠤᠷᠤᠯ ᠮᠥᠷᠡᠨ ᠬᠥᠯᠳᠡᠭᠰᠡᠨ ᠦᠭᠡᠢ

   ᠦᠰᠦᠭ ᠠᠮᠢᠯᠠᠭᠤᠯᠤᠭᠴᠢ᠄ ᠪᠤᠤ ᠰᠠᠷᠠᠨ᠎ᠠ
   ᠦᠰᠦᠭ ᠬᠠᠳᠠᠭᠴᠢ᠄ ᠪᠤᠤ ᠰᠠᠷᠠᠨ᠎ᠠ
   ᠬᠢᠨᠠᠭᠴᠢ᠄ ᠣᠳᠬᠠᠨᠰᠣ᠎ᠠ