ᠪᠣᠳᠣᠯ ᠤᠨ ᠳᠤᠷᠠᠰᠤᠮᠵᠢ – ᠲᠥᠷᠥᠮᠠᠨᠳᠤᠬᠤ ᠳᠠᠭᠤᠯᠠᠪᠠ Бодлын дурсамж – Төрмандах дуулав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠤᠨ ᠳᠤᠷᠠᠰᠤᠮᠵᠢ – ᠲᠥᠷᠥᠮᠠᠨᠳᠤᠬᠤ ᠳᠠᠭᠤᠯᠠᠪᠠ Бодлын дурсамж – Төрмандах дуулав

ᠪᠣᠳᠣᠯ ᠤᠨ ᠳᠤᠷᠠᠰᠤᠮᠵᠢ – ᠲᠥᠷᠥᠮᠠᠨᠳᠤᠬᠤ ᠳᠠᠭᠤᠯᠠᠪᠠ Бодлын дурсамж – Төрмандах дуулав

ᠠᠩᠭᠢᠯᠠᠯ:ᠳᠠᠭᠤᠤ ᠬᠥᠭᠵᠢᠮ
2025-03-04

1122

ᠪᠣᠳᠣᠯ ᠤᠨ ᠳᠤᠷᠠᠰᠤᠮᠵᠢ


 ᠲᠣᠷᠭᠠᠨ ᠤ᠋ ᠬᠡ ᠰᠢᠭ ᠨᠣᠭᠣᠭᠠᠨ ᠲᠠᠯ᠎ᠠ ᠶ᠋ᠢ 
 ᠳᠠᠨᠠᠨ ᠴᠠᠭᠠᠨ ᠭᠡᠷ ᠢ᠋ᠶ᠋ᠡᠷ ᠲᠠᠮᠠᠭᠠᠯᠠᠵᠤ 
 ᠲᠣᠭᠣᠨᠣᠲᠤ ᠰᠠᠢᠬᠠᠨ ᠥᠷᠭᠥᠭᠡ ᠭᠡᠷ ᠲᠡᠭᠡᠨ 
 ᠠᠪᠤ ᠶ᠋ᠢᠨ ᠭᠣᠯᠣᠮᠲᠠ ᠶ᠋ᠢᠨ ᠭᠠᠯ ᠢ᠋ ᠪᠠᠳᠠᠷᠠᠭᠤᠭᠠᠳ  
    ᠢᠩᠭᠡᠨ ᠪᠤᠢᠯᠠᠭᠠᠨ ᠤ᠋ ᠤᠶᠠᠩᠭ᠎ᠠ ᠨᠢ 
    ᠮᠣᠷᠢᠨ ᠬᠤᠭᠤᠷ ᠤ᠋ᠨ ᠠᠶᠠᠯᠭᠤ ᠲᠠᠢ 
    ᠪᠣᠳᠣᠯ ᠤ᠋ᠨ ᠰᠠᠢᠬᠠᠨ ᠳᠤᠷᠠᠰᠤᠮᠵᠢ ᠮᠢᠨᠢ 
    ᠵᠢᠷᠦᠬᠡᠨ ᠦ᠌ ᠭᠦᠨ ᠳ᠋ᠦ᠍ ᠤᠶᠠᠭᠠᠲᠠᠢ  

 ᠨᠡᠭᠦᠳᠡᠯ ᠦ᠋ᠨ ᠰᠢᠪᠠᠭᠤᠳ ᠨᠠᠭᠤᠷ ᠲᠤ᠌ ᠨᠢ ᠴᠤᠭᠯᠠᠵᠤ 
 ᠨᠤᠲᠤᠭ ᠤ᠋ᠨ ᠠᠭᠤᠯᠠᠰ ᠳᠠᠭᠤᠨ ᠳ᠋ᠤ᠌ ᠨᠢ ᠪᠡᠶᠡᠰᠴᠦ 
 ᠨᠢᠭᠤᠴᠠᠬᠠᠨ ᠦᠯᠡᠳᠡᠭᠰᠡᠨ ᠠᠩᠬᠠᠨ ᠤ᠋ ᠬᠠᠢᠷ᠎ᠠ 
 ᠨᠠᠭᠤᠷ ᠤ᠋ᠨ ᠮᠠᠨᠳᠠᠯ ᠳ᠋ᠤ᠌ ᠡᠭᠡᠨᠡᠭᠰᠢᠨ ᠬᠦᠯᠢᠶᠡᠨ᠎ᠡ  
    ᠢᠩᠭᠡᠨ ᠪᠤᠢᠯᠠᠭᠠᠨ ᠤ᠋ ᠤᠶᠠᠩᠭ᠎ᠠ ᠨᠢ 
    ᠮᠣᠷᠢᠨ ᠬᠤᠭᠤᠷ ᠤ᠋ᠨ ᠠᠶᠠᠯᠭᠤ ᠲᠠᠢ 
    ᠪᠣᠳᠣᠯ ᠤ᠋ᠨ ᠰᠠᠢᠬᠠᠨ ᠳᠤᠷᠠᠰᠤᠮᠵᠢ ᠮᠢᠨᠢ 
    ᠵᠢᠷᠦᠬᠡᠨ ᠦ᠌ ᠭᠦᠨ ᠳ᠋ᠦ᠍ ᠤᠶᠠᠭᠠᠲᠠᠢ  

 ᠲᠣᠣᠷᠠᠢ ᠶ᠋ᠢᠨ ᠲᠦᠭᠡᠯ ᠦ᠋ᠨ ᠨᠣᠭᠣᠭᠠᠨ ᠨᠠᠪᠴᠢᠰ 
 ᠰᠠᠯᠬᠢᠨ ᠤ᠋ ᠴᠠᠭᠠᠨ ᠬᠡ ᠪᠡᠷ ᠡᠷᠬᠡᠯᠡᠵᠦ 
 ᠲᠣᠮᠣᠭ᠎ᠠ ᠦᠭᠡᠢ ᠪᠠᠭ᠎ᠠ ᠶ᠋ᠢᠨ ᠭᠡᠭᠡᠨ ᠳᠤᠷᠠᠯᠠᠯ 
 ᠲᠣᠳᠣ ᠠ᠋ᠴᠠ ᠲᠣᠳᠣᠬᠠᠨ ᠴᠢᠮ᠎ᠠ ᠪᠠᠨ ᠦᠭᠡᠢᠯᠡᠨ᠎ᠡ  
    ᠢᠩᠭᠡᠨ ᠪᠤᠢᠯᠠᠭᠠᠨ ᠤ᠋ ᠤᠶᠠᠩᠭ᠎ᠠ ᠨᠢ 
    ᠮᠣᠷᠢᠨ ᠬᠤᠭᠤᠷ ᠤ᠋ᠨ ᠠᠶᠠᠯᠭᠤ ᠲᠠᠢ 
    ᠪᠣᠳᠣᠯ ᠤ᠋ᠨ ᠰᠠᠢᠬᠠᠨ ᠳᠤᠷᠠᠰᠤᠮᠵᠢ ᠮᠢᠨᠢ 
    ᠵᠢᠷᠦᠬᠡᠨ ᠦ᠌ ᠭᠦᠨ ᠳ᠋ᠦ᠍ ᠤᠶᠠᠭᠠᠲᠠᠢ 
    ᠢᠩᠭᠡᠨ ᠪᠤᠢᠯᠠᠭᠠᠨ ᠤ᠋ ᠤᠶᠠᠩᠭ᠎ᠠ ᠨᠢ 
    ᠮᠣᠷᠢᠨ ᠬᠤᠭᠤᠷ ᠤ᠋ᠨ ᠠᠶᠠᠯᠭᠤ ᠲᠠᠢ 
    ᠪᠣᠳᠣᠯ ᠤ᠋ᠨ ᠰᠠᠢᠬᠠᠨ ᠳᠤᠷᠠᠰᠤᠮᠵᠢ ᠮᠢᠨᠢ 
    ᠵᠢᠷᠦᠬᠡᠨ ᠦ᠌ ᠭᠦᠨ ᠳ᠋ᠦ᠍ ᠤᠶᠠᠭᠠᠲᠠᠢ 
    ᠵᠢᠷᠦᠬᠡᠨ ᠦ᠌ ᠭᠦᠨ ᠳ᠋ᠦ᠍ ᠤᠶᠠᠭᠠᠲᠠᠢ  

       ᠦᠰᠦᠭ ᠠᠮᠢᠯᠠᠭᠤᠯᠤᠭᠴᠢ᠄ ᠪᠦᠷᠢᠨ᠎ᠡ 
         ᠬᠢᠨᠠᠭᠴᠢ᠄ ᠪᠦᠷᠢᠨ᠎ᠡ