ᠰᠠᠢᠨ ᠵᠦᠩ ᠊ᠤᠨ ᠮᠢᠨᠢ ᠨᠤᠲᠤᠭ- ᠡᠷᠳᠡᠨᠢᠴᠢᠮᠡᠭ Сайн жүнгийн минь нутаг-Эрдэнчимгээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠵᠦᠩ ᠊ᠤᠨ ᠮᠢᠨᠢ ᠨᠤᠲᠤᠭ- ᠡᠷᠳᠡᠨᠢᠴᠢᠮᠡᠭ Сайн жүнгийн минь нутаг-Эрдэнчимгээ

ᠰᠠᠢᠨ ᠵᠦᠩ ᠊ᠤᠨ ᠮᠢᠨᠢ ᠨᠤᠲᠤᠭ- ᠡᠷᠳᠡᠨᠢᠴᠢᠮᠡᠭ Сайн жүнгийн минь нутаг-Эрдэнчимгээ

ᠠᠩᠭᠢᠯᠠᠯ:ᠳᠠᠭᠤᠤ ᠬᠥᠭᠵᠢᠮ
2025-03-04

1526

ᠰᠠᠢᠨ ᠵᠦᠩ ᠊ᠤᠨ ᠮᠢᠨᠢ ᠨᠤᠲᠤᠭ

   ᠦᠭᠡ ᠄ ᠰᠡᠴᠠᠨᠪᠠᠲᠤ 
   ᠠᠶ᠎ᠠ ᠄ ᠰᠠᠴᠠᠨᠴᠤᠭᠲᠤ 
   ᠳᠠᠭᠤᠴᠢᠨ ᠄ ᠡᠷᠳᠡᠨᠢᠴᠢᠮᠡᠭ 

ᠨᠣᠮᠢᠨ ᠮᠠᠨᠳᠠᠯ ᠲᠠᠢ ᠨᠤᠲᠤᠭ ᠤᠨ ᠮᠢᠨᠢ ᠥᠷᠣᠴᠡᠨ ᠳᠤ ᠨᠢ 
ᠨᠡᠭᠦᠳᠡᠯᠴᠢᠨ ᠰᠢᠪᠠᠭᠤᠳ ᠤᠨ ᠴᠣᠪᠤᠭᠠᠨ ᠲᠠᠢ ᠪᠢᠯᠡ 
ᠨᠠᠷᠮᠠᠢ ᠠᠭᠤᠳᠠᠮᠠᠬᠠ  ᠬᠣᠷᠸ᠎ᠠ ᠶᠢᠨ ᠪᠠᠭᠤᠴᠠᠨ ᠳᠤ ᠨᠢ 
ᠨᠤᠲᠤᠭ ᠮᠢᠨᠢ ᠲᠠᠢᠪᠤᠭᠤᠬᠠᠨ  ᠡᠩᠬᠦᠷᠡᠶ᠋ᠢᠬᠡᠨ ᠪᠢᠯᠠ  
ᠠᠢ ᠭᠦ᠋ 
ᠰᠠᠨᠠᠵᠤ ᠪᠣᠳᠣᠬᠤ ᠶᠢᠨ ᠬᠢᠵᠠᠭᠠᠷ ᠦᠭᠡᠢ 
ᠰᠠᠢᠨ ᠵᠦᠩ ᠤᠨ ᠮᠢᠨᠢ ᠨᠤᠳᠤᠭ ᠪᠢᠯᠡ 
ᠰᠠᠨᠠᠭ᠎ᠠ ᠵᠠᠶᠠᠭᠠᠨ ᠤ ᠳᠠᠪᠢᠯᠠᠩ ᠠᠴᠠ ᠮᠢᠨᠢ 
ᠰᠠᠯᠬᠤ ᠶᠢᠨ ᠠᠷᠭ᠎ᠠ ᠦᠭᠡᠢ ᠣᠷᠣᠨ ᠪᠢᠯᠡ 

ᠠᠭᠤᠯᠠ ᠠᠭᠤᠯᠠ ᠶ᠋ᠢᠨ ᠮᠢᠨᠢ ᠨᠣᠶᠠᠨ ᠰᠠᠷᠢᠳᠠᠭ ᠲᠤ᠌ ᠨᠢ 
ᠡᠪᠦᠭᠡᠳ ᠦ᠋ᠨ ᠮᠢᠨᠢ ᠬᠡᠢᠮᠣᠷᠢ ᠶ᠋ᠢᠨ ᠳᠠᠷᠴᠤᠭ ᠲᠠᠢ ᠪᠢᠯᠡ 
ᠤᠰᠤ ᠤᠰᠤᠨ ᠤ᠋ ᠮᠢᠨᠢ ᠪᠤᠷᠭᠢᠭ᠎ᠠ ᠡᠬᠢᠨ ᠳ᠋ᠦ᠍ ᠨᠢ 
ᠡᠮᠡᠭᠡᠳ ᠦ᠋ᠨ ᠮᠢᠨᠢ ᠠᠷᠢᠭᠤᠬᠠᠨ ᠰᠠᠴᠤᠯᠢ ᠲᠠᠢ ᠪᠢᠯᠡ 
ᠠᠢ ᠬᠥ 
ᠰᠠᠨᠠᠵᠤ ᠪᠣᠳᠣᠬᠤ ᠶ᠋ᠢᠨ ᠬᠢᠵᠠᠭᠠᠷ ᠦᠭᠡᠢ 
ᠰᠠᠢᠨ ᠵᠦᠩ ᠦ᠋ᠨ ᠮᠢᠨᠢ ᠨᠤᠲᠤᠭ ᠪᠢᠯᠡ 
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ 
ᠰᠠᠯᠬᠤ ᠶ᠋ᠢᠨ ᠠᠷᠭ᠎ᠠ ᠦᠭᠡᠢ ᠣᠷᠣᠨ ᠪᠢᠯᠡ

ᠳᠣᠷᠳᠤᠩ ᠵᠡᠷᠭᠡᠯᠭᠡᠨ ᠲᠠᠢ ᠭᠣᠪᠢ ᠬᠠᠩᠭᠠᠢ ᠳᠤ ᠮᠢᠨᠢ
ᠳᠠᠭᠤᠷᠢᠰᠤᠯ ᠠᠯᠲᠠᠷ ᠤᠨ ᠮᠢᠨᠢ ᠰᠦᠯᠲᠡ ᠲᠠᠢ ᠪᠢᠯᠡ
ᠳᠠᠭᠤᠯᠠᠭᠠᠳ ᠲᠤᠭᠤᠯᠤᠭᠠᠳ ᠪᠠᠷᠠᠰᠢ ᠦᠭᠡᠢ
ᠲᠤᠯᠠᠭᠠᠬᠠᠨ ᠥᠯᠣᠭᠡᠢ ᠨᠤᠲᠤᠭ ᠮᠢᠨᠢ ᠪᠢᠯᠡ
ᠠᠢ ᠭᠦ᠋
ᠰᠠᠨᠠᠵᠤ ᠪᠣᠳᠣᠬᠤ ᠶᠢᠨ ᠬᠢᠵᠠᠭᠠᠷ ᠦᠭᠡᠢ
ᠰᠠᠢᠨ ᠵᠦᠩ ᠤᠨ ᠮᠢᠨᠢ ᠨᠤᠳᠤᠭ ᠪᠢᠯᠡ
ᠰᠠᠨᠠᠭ᠎ᠠ ᠵᠠᠶᠠᠭᠠᠨ ᠤ ᠳᠠᠪᠢᠯᠠᠩ ᠠᠴᠠ ᠮᠢᠨᠢ
ᠰᠠᠯᠬᠤ ᠶᠢᠨ ᠠᠷᠭ᠎ᠠ ᠦᠭᠡᠢ ᠣᠷᠣᠨ ᠪᠢᠯᠡ

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ