ᠴᠤᠤᠲᠠᠢ ᠮᠣᠩᠭᠣᠯ ᠪᠢᠴᠢᠭ- ᠲ‍᠂ ᠪᠠᠶᠠᠨᠵᠢᠷᠭᠠᠯ-Цуутай Монгол бичиг. Т.Баянжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠤᠤᠲᠠᠢ ᠮᠣᠩᠭᠣᠯ ᠪᠢᠴᠢᠭ- ᠲ‍᠂ ᠪᠠᠶᠠᠨᠵᠢᠷᠭᠠᠯ-Цуутай Монгол бичиг. Т.Баянжаргал

ᠴᠤᠤᠲᠠᠢ ᠮᠣᠩᠭᠣᠯ ᠪᠢᠴᠢᠭ- ᠲ‍᠂ ᠪᠠᠶᠠᠨᠵᠢᠷᠭᠠᠯ-Цуутай Монгол бичиг. Т.Баянжаргал

ᠠᠩᠭᠢᠯᠠᠯ:ᠳᠠᠭᠤᠤ ᠬᠥᠭᠵᠢᠮ
2025-03-02

962

ᠴᠤᠤᠲᠠᠢ ᠮᠣᠩᠭᠣᠯ ᠪᠢᠴᠢᠭ

          ᠦᠭᠡ᠄ ᠪᠠ᠊· ᠡᠩᠬᠡᠪᠠᠶᠠᠷ          
          ᠠᠶ᠎ᠠ᠄ ᡀ·ᠪᠠᠯᡁᠠᠵᠢᠪ          
          ᠳᠠᠭᠤᠴᠢᠨ᠄ ᠲ· ᠪᠠᠶᠠᠨᠵᠢᠷᠭᠠᠯ  

ᠴᠠᠭ ᠢ᠋ ᠡᠵᠡᠯᠡᠭᠰᠡᠨ ᠬᠠᠭᠠᠳ ᠤ᠋ᠨ ᠵᠠᠷᠯᠢᠭ ᠲᠠᠢ 
ᠴᠠᠯᠮᠠᠳᠠᠵᠤ ᠳᠡᠯᠡᠬᠡᠢ ᠶ᠋ᠢᠨ ᠳᠠᠢᠳᠤ ᠶ᠋ᠢ ᠬᠤᠷᠢᠶᠠᠭᠰᠠᠨ ᠠᠢ ᠬᠦ 
ᠴᠠᠯᠭᠢᠭᠰᠠᠨ ᠶᠡᠬᠡ ᠲᠡᠦᠬᠡ ᠶ᠋ᠢ ᠬᠡᠯᠬᠢᠭᠰᠡᠨ 
ᠴᠤᠤᠲᠠᠢ ᠮᠣᠩᠭᠣᠯ ᠪᠢᠴᠢᠭ ᠮᠢᠨᠦ ᠵᠧ᠃ 

ᠬᠤᠷᠮᠤᠰᠲᠠ ᠲᠩᠷᠢ ᠡᠴᠡ ᠠᠶᠤᠩᠭᠠᠯᠠᠨ ᠪᠠᠭᠤᠭᠰᠠᠨ 
ᠬᠠᠳᠠᠲᠤ ᠠᠭᠤᠯᠠᠰ ᠤ᠋ᠨ ᠵᠤᠯᠠᠢ ᠳ᠋ᠤ᠌ ᠲᠡᠷᠯᠡᠭᠰᠡᠨ ᠠᠢ ᠬᠦ
ᠲᠠᠯ᠎ᠠ ᠶ᠋ᠢᠨ ᠡᠩ ᠢ᠋ᠶ᠋ᠡᠷ ᠲᠠᠲᠠᠯᠭᠠᠨ ᠳᠡᠭᠦᠯᠢᠭᠰᠡᠨ 
ᠲᠠᠩᠰᠤᠭ ᠵᠢᠷᠤᠯᠭ᠎ᠠ ᠲᠠᠢ ᠪᠢᠴᠢᠭ ᠮᠢᠨᠦ ᠵᠧ᠃ 

ᠴᠠᠯᠭᠢᠯᠠᠬᠤ ᠲᠩᠷᠢ ᠶ᠋ᠢᠨ ᠭᠢᠯᠪᠠᠭ᠎ᠠ ᠶ᠋ᠢ ᠪᠠᠭᠤᠯᠭᠠᠭᠰᠠᠨ 
ᠴᠡᠷᠡᠳ ᠢ᠋ᠶ᠋ᠡᠷ ᠲᠡᠷᠯᠡᠭᠰᠡᠨ ᠪᠣᠰᠤᠭ᠎ᠠ ᠪᠢᠴᠢᠭ ᠮᠢᠨᠦ ᠬᠤᠷᠤᠢ ᠬᠤᠷᠤᠢ 
ᠴᠠᠯᠭᠢᠭᠰᠠᠨ ᠶᠡᠬᠡ ᠲᠡᠦᠬᠡ ᠶ᠋ᠢ ᠬᠡᠯᠬᠢᠭᠰᠡᠨ 
ᠴᠤᠤᠲᠠᠢ ᠮᠣᠩᠭᠣᠯ ᠪᠢᠴᠢᠭ ᠮᠢᠨᠦ ᠵᠧ 

ᠴᠠᠯᠭᠢᠯᠠᠬᠤ ᠲᠩᠷᠢ ᠶ᠋ᠢᠨ ᠭᠢᠯᠪᠠᠭ᠎ᠠ ᠶ᠋ᠢ ᠪᠠᠭᠤᠯᠭᠠᠭᠰᠠᠨ 
ᠴᠡᠷᠡᠳ ᠢ᠋ᠶ᠋ᠡᠷ ᠲᠡᠷᠯᠡᠭᠰᠡᠨ ᠪᠣᠰᠤᠭ᠎ᠠ ᠪᠢᠴᠢᠭ ᠮᠢᠨᠦ ᠬᠤᠷᠤᠢ ᠬᠤᠷᠤᠢ 
ᠴᠠᠯᠭᠢᠭᠰᠠᠨ ᠶᠡᠬᠡ ᠲᠡᠦᠬᠡ ᠶ᠋ᠢ ᠬᠡᠯᠬᠢᠭᠰᠡᠨ 
ᠴᠤᠤᠲᠠᠢ ᠮᠣᠩᠭᠣᠯ ᠪᠢᠴᠢᠭ ᠮᠢᠨᠦ ᠵᠧ᠃

ᠡᠴᠢᠭᠡ ᠡᠪᠦᠭᠡᠳ ᠦ᠋ᠨ ᠠᠷᠢᠭᠤᠨ ᠰᠤᠷᠭᠠᠯ ᠢ᠋  
ᠡᠮᠲᠡᠷᠡᠰᠢ ᠦᠭᠡᠢ ᠠᠯᠲᠠᠨ ᠦᠰᠦᠭ ᠢ᠋ᠶ᠋ᠡᠷ ᠰᠡᠢᠯᠦᠭᠰᠡᠨ ᠠᠢ ᠬᠦ 
ᠡᠭᠡᠨᠡᠭᠲᠡ ᠣᠷᠣᠰᠢᠬᠤ ᠤᠯᠤᠰ ᠤ᠋ᠨ ᠢ᠋ᠶ᠋ᠠᠨ ᠠᠯᠳᠠᠷ ᠢ᠋ 
ᠡᠵᠡᠨ ᠪᠢᠳᠡᠨ ᠳ᠋ᠡᠭᠡᠨ ᠳᠠᠭᠠᠳᠬᠠᠭᠰᠠᠨ ᠪᠢᠴᠢᠭ ᠮᠢᠨᠦ ᠵᠧ᠃ 

ᠴᠠᠯᠭᠢᠯᠠᠬᠤ ᠲᠩᠷᠢ ᠶ᠋ᠢᠨ ᠭᠢᠯᠪᠠᠭ᠎ᠠ ᠶ᠋ᠢ ᠪᠠᠭᠤᠯᠭᠠᠭᠰᠠᠨ 
ᠴᠡᠷᠡᠳ ᠢ᠋ᠶ᠋ᠡᠷ ᠲᠡᠷᠯᠡᠭᠰᠡᠨ ᠪᠣᠰᠤᠭ᠎ᠠ ᠪᠢᠴᠢᠭ ᠮᠢᠨᠦ ᠬᠤᠷᠤᠢ ᠬᠤᠷᠤᠢ
ᠴᠠᠯᠭᠢᠭᠰᠠᠨ ᠶᠡᠬᠡ ᠲᠡᠦᠬᠡ ᠶ᠋ᠢ ᠬᠡᠯᠬᠢᠭᠰᠡᠨ 
ᠴᠤᠤᠲᠠᠢ ᠮᠣᠩᠭᠣᠯ ᠪᠢᠴᠢᠭ ᠮᠢᠨᠦ ᠵᠧ 

ᠴᠠᠯᠭᠢᠯᠠᠬᠤ ᠲᠩᠷᠢ ᠶ᠋ᠢᠨ ᠭᠢᠯᠪᠠᠭ᠎ᠠ ᠶ᠋ᠢ ᠪᠠᠭᠤᠯᠭᠠᠭᠰᠠᠨ
ᠴᠡᠷᠡᠳ ᠢ᠋ᠶ᠋ᠡᠷ ᠲᠡᠷᠯᠡᠭᠰᠡᠨ ᠪᠣᠰᠤᠭ᠎ᠠ ᠪᠢᠴᠢᠭ ᠮᠢᠨᠦ ᠬᠤᠷᠤᠢ ᠬᠤᠷᠤᠢ 
ᠴᠠᠯᠭᠢᠭᠰᠠᠨ ᠶᠡᠬᠡ ᠲᠡᠦᠬᠡ ᠶ᠋ᠢ ᠬᠡᠯᠬᠢᠭᠰᠡᠨ 
ᠴᠤᠤᠲᠠᠢ ᠮᠣᠩᠭᠣᠯ ᠪᠢᠴᠢᠭ ᠮᠢᠨᠦ ᠵᠧ 
ᠴᠤᠤᠲᠠᠢ ᠮᠣᠩᠭᠣᠯ ᠪᠢᠴᠢᠭ ᠮᠢᠨᠦ ᠵᠧ᠃  

      ᠦᠰᠦᠭ ᠠᠮᠢᠯᠠᠭᠤᠯᠤᠭᠴᠢ᠄ ᠤᠤᠭᠠᠨᠵᠢᠳ 
      ᠬᠢᠨᠠᠭᠴᠢ᠄ ᠳᠠᠯᠠᠨᠲᠠᠢ