ᠴᠠᠭᠠᠨ ᠰᠠᠷ᠎ᠠ-ᠡᠩᠬᠡᠲᠠᠢᠪᠤᠩ Enkhtaivan - Tsagaan sar _ Энхтайван - Цагаан сар
ᠴᠠᠭᠠᠨ ᠰᠠᠷ᠎ᠠ
ᠰᠢᠯᠦᠭ᠄ᠰ ᠣᠳᠬᠣᠨᠴᠢᠮᠡᠭ
ᠠᠶ᠎ᠠ᠄ ᠪ· ᠡᠩᠬᠡᠲᠠᠢᠪᠤᠩ
ᠳᠠᠭᠤᠴᠢᠨ᠄ ᠡᠩᠬᠡᠲᠠᠢᠪᠤᠩ
ᠥᠷᠯᠥᠭᠡ ᠶ᠋ᠢᠨ ᠨᠠᠷᠠ ᠶ᠋ᠢ ᠲᠣᠰᠴᠤ ᠵᠣᠯᠭᠠᠭᠠᠳ
ᠥᠩ ᠲᠡᠢ ᠰᠠᠢᠬᠠᠨ ᠡᠪᠦᠯᠵᠢᠯ᠎ᠡ ᠭᠡᠳ
ᠥᠨᠳᠥᠷ ᠲᠩᠷᠢ ᠳ᠋ᠡᠭᠡᠨ ᠰᠦᠰᠦᠭᠯᠡᠨ ᠵᠠᠯᠪᠠᠷᠢᠭᠠᠳ
ᠡᠪᠦᠭᠡ ᠳᠡᠭᠡᠳᠦᠰ ᠲᠡᠭᠡᠨ ᠳᠡᠭᠡᠵᠢ ᠪᠡᠨ ᠡᠷᠭᠦᠪᠡ ᠦᠦ
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠣᠪᠣᠭ᠎ᠠ ᠬᠠᠢᠷᠬᠠᠨ ᠳ᠋ᠠᠭᠠᠨ ᠰᠥᠭᠥᠳᠦᠨ ᠮᠥᠷᠭᠥᠭᠡᠳ
ᠣᠨ ᠳ᠋ᠠᠭᠠᠨ ᠡᠩᠬᠡ ᠮᠡᠨᠳᠦ ᠣᠷᠣᠯ᠎ᠠ ᠭᠡᠳ
ᠣᠳᠣᠳ ᠲᠩᠷᠢ ᠳ᠋ᠡᠭᠡᠨ ᠰᠢᠪᠰᠢᠨ ᠵᠠᠯᠪᠠᠷᠢᠭᠠᠳ
ᠣᠯᠠᠨ ᠲᠦᠮᠡᠨ ᠦᠷᠡᠰ ᠢ᠋ᠶ᠋ᠡᠨ ᠳᠠᠭᠠᠳᠬᠠᠪᠠ ᠤᠤ?
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠠᠬᠠᠨ ᠳᠡᠭᠦᠦᠰ ᠠᠢᠯᠴᠢᠨ ᠭᠡᠢᠴᠢᠨ ᠦ᠌
ᠠᠯᠠᠭ᠎ᠠ ᠶ᠋ᠢ ᠨᠢ ᠳᠦᠭᠦᠷᠭᠡᠵᠦ ᠵᠢᠷᠭᠠᠯ ᠢᠷᠥᠭᠡᠭᠡᠳ
ᠠᠶᠠᠨ ᠤ᠋ ᠳᠥᠷᠥᠭᠡ ᠶ᠋ᠢ ᠰᠦ ᠪᠡᠷ ᠮᠢᠯᠢᠶᠠᠭᠠᠳ
ᠠᠮᠤᠭᠤᠯᠠᠩ ᠰᠡᠳᠬᠢᠯ ᠢ᠋ᠶ᠋ᠡᠷ ᠦᠳᠡᠨ ᠮᠣᠷᠳᠠᠭᠤᠯᠪᠠ ᠤᠤ
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ?
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠦᠰᠦᠭ ᠠᠮᠢᠯᠠᠭᠤᠯᠵᠤ ᠬᠠᠲᠠᠭᠰᠠᠨ ᠨᠢ᠄ ᠮᠥᠩᠭᠥᠨ
ᠬᠢᠨᠠᠭᠴᠢ ᠪᠠᠭᠰᠢ᠄ ᠲᠣᠳᠣᠭᠡᠷᠡᠯ
