ᠠᠯᠲᠠᠨ ᠲᠤᠭᠤᠷᠠᠢᠲᠤ ᠬᠥᠯᠥᠭ -ᠠᠨᠠᠷАлтан туурайт хөлөг-АнарAnar - Altan Tuurt Huleg ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠲᠤᠭᠤᠷᠠᠢᠲᠤ ᠬᠥᠯᠥᠭ -ᠠᠨᠠᠷАлтан туурайт хөлөг-АнарAnar - Altan Tuurt Huleg

ᠠᠯᠲᠠᠨ ᠲᠤᠭᠤᠷᠠᠢᠲᠤ ᠬᠥᠯᠥᠭ -ᠠᠨᠠᠷАлтан туурайт хөлөг-АнарAnar - Altan Tuurt Huleg

ᠠᠩᠭᠢᠯᠠᠯ:ᠳᠠᠭᠤᠤ ᠬᠥᠭᠵᠢᠮ
2025-02-28

1007

ᠠᠯᠲᠠᠨ ᠲᠤᠭᠤᠷᠠᠢᠲᠦ ᠬᠥᠯᠥᠭ


         ᠰᠢᠯᠦᠭ᠄ ᠴ· ᠴᠠᠭᠨᠠᠳᠣᠷᠵᠢ 
          ᠠᠶᠠᠯᠭᠤ᠄ ᠨ· ᠪᠠᠰᠠᠩᠳᠣᠷᠵᠢ 
          ᠪᠣᠷᠤᠬᠦᠦ ᠶ᠋ᠢᠨ ᠠᠨᠠᠷ ᠳᠠᠭᠤᠯᠠᠨ᠎ᠠ  

 ᠠᠮᠠᠭᠠᠢ ᠱᠠᠷᠭᠢᠶᠠᠨ ᠭᠠᠵᠠᠷ ᠲᠣᠪᠴᠢᠯᠠᠭᠰᠠᠨ 
 ᠠᠷᠢᠭᠤᠨ ᠡᠪᠡᠰᠦᠨ ᠳ᠋ᠦ᠍ ᠳᠥᠷᠥᠭᠡ ᠱᠦᠷᠭᠦᠭᠦᠯᠦᠭᠰᠡᠨ 
 ᠬᠠᠷᠢᠶᠠᠴᠠᠢ ᠰᠢᠪᠠᠭᠤ ᠭᠦᠢᠴᠡᠵᠦ ᠦᠵᠡᠭᠡ ᠦᠭᠡᠢ 
 ᠬᠠᠨᠳᠠᠭᠠᠢ ᠬᠢᠴᠡᠲᠡᠢ ᠬᠤᠷᠳᠤᠨ ᠬᠦᠯᠦᠭ ᠮᠢᠨᠢ 
 ᠠᠷᠠᠳ ᠤ᠋ᠨ ᠳᠠᠭᠤᠤ ᠲᠠᠢ ᠡᠷᠲᠡᠨ ᠦ᠌ ᠨᠤᠲᠤᠭ ᠢ᠋ᠶ᠋ᠠᠷ 
 ᠠᠯᠴᠢᠭᠤᠷ ᠬᠡᠢᠰᠬᠡᠨ ᠬᠠᠲᠠᠷᠢᠭᠠᠳ ᠣᠳᠤᠯ᠎ᠠ 
 ᠠᠢ ᠮᠢᠨᠦ ᠲᠩᠷᠢ ᠶ᠋ᠢᠨ ᠠᠵᠢᠨᠠᠢ 
 ᠠᠯᠲᠠᠨ ᠲᠤᠭᠤᠷᠠᠢᠲᠤ ᠬᠤᠷᠳᠤᠨ ᠬᠦᠯᠦᠭ ᠮᠢᠨᠢ 

 ᠬᠥᠬᠥᠯ ᠰᠡᠭᠦᠯ ᠨᠢ ᠰᠠᠯᠬᠢᠨ ᠳ᠋ᠤ᠌ ᠨᠠᠮᠢᠷᠠᠭᠰᠠᠨ 
 ᠬᠥᠨᠳᠡᠢ ᠶ᠋ᠢᠨ ᠰᠠᠯᠬᠢ ᠶ᠋ᠢ ᠵᠦᠰᠦᠨ ᠬᠠᠲᠠᠷᠢᠭᠰᠠᠨ 
 ᠮᠣᠷᠢᠨ ᠬᠤᠭᠤᠷ ᠤ᠋ᠨ ᠠᠶᠠᠯᠭᠤᠨ ᠳ᠋ᠤ᠌ ᠢᠨᠴᠠᠭᠠᠭᠰᠠᠨ 
 ᠮᠣᠯᠣᠷ ᠡᠷᠳᠡᠨᠢ ᠶ᠋ᠢᠨ ᠬᠤᠷᠳᠤᠨ ᠬᠦᠯᠦᠭ ᠮᠢᠨᠢ 
 ᠠᠷᠠᠳ ᠤ᠋ᠨ ᠳᠠᠭᠤᠤ ᠲᠠᠢ ᠡᠷᠲᠡᠨ ᠦ᠌ ᠨᠤᠲᠤᠭ ᠢ᠋ᠶ᠋ᠠᠷ 
 ᠠᠯᠴᠢᠭᠤᠷ ᠬᠡᠢᠰᠬᠡᠨ ᠬᠠᠲᠠᠷᠢᠭᠠᠳ ᠣᠳᠤᠯ᠎ᠠ 
 ᠠᠢ ᠮᠢᠨᠦ ᠲᠩᠷᠢ ᠶ᠋ᠢᠨ ᠠᠵᠢᠨᠠᠢ 
 ᠠᠯᠲᠠᠨ ᠲᠤᠭᠤᠷᠠᠢᠲᠤ ᠬᠤᠷᠳᠤᠨ ᠬᠦᠯᠦᠭ ᠮᠢᠨᠢ 

 ᠴᠤᠯᠪᠤᠭᠤᠷ ᠬᠤᠢᠯᠠᠷᠠᠭᠤᠯᠵᠤ ᠭᠥᠯᠢᠮ ᠳᠡᠷᠪᠡᠭᠦᠯᠦᠭᠰᠡᠨ 
 ᠴᠤᠤᠷᠢᠶᠠᠲᠤ ᠠᠭᠤᠯᠠᠰ ᠤ᠋ᠨ ᠪᠠᠯ ᠢ᠋ᠶ᠋ᠠᠷ ᠶᠥᠷᠭᠡᠭᠦᠯᠦᠭᠰᠡᠨ 
 ᠴᠤᠭᠤᠷ ᠤ᠋ᠨ ᠡᠭᠡᠰᠢᠭ ᠲᠦ᠍ ᠡᠪᠰᠢᠶᠡᠨ ᠲᠦᠬᠦᠯᠵᠡᠭᠰᠡᠨ 
 ᠴᠤᠤᠲᠠᠢ ᠬᠤᠷᠳᠤᠨ ᠠᠵᠢᠨᠠᠢ ᠬᠦᠯᠦᠭ ᠮᠢᠨᠢ 
 ᠠᠷᠠᠳ ᠤ᠋ᠨ ᠳᠠᠭᠤᠤ ᠲᠠᠢ ᠡᠷᠲᠡᠨ ᠦ᠌ ᠨᠤᠲᠤᠭ ᠢ᠋ᠶ᠋ᠠᠷ 
 ᠠᠯᠴᠢᠭᠤᠷ ᠬᠡᠢᠰᠬᠡᠨ ᠬᠠᠲᠠᠷᠢᠭᠠᠳ ᠣᠳᠤᠯ᠎ᠠ 
 ᠠᠢ ᠮᠢᠨᠦ ᠲᠩᠷᠢ ᠶ᠋ᠢᠨ ᠠᠵᠢᠨᠠᠢ 
 ᠠᠯᠲᠠᠨ ᠲᠤᠭᠤᠷᠠᠢᠲᠤ ᠬᠤᠷᠳᠤᠨ ᠬᠦᠯᠦᠭ ᠮᠢᠨᠢ 
 ᠠᠷᠠᠳ ᠤ᠋ᠨ ᠳᠠᠭᠤᠤ ᠲᠠᠢ ᠡᠷᠲᠡᠨ ᠦ᠌ ᠨᠤᠲᠤᠭ ᠢ᠋ᠶ᠋ᠠᠷ 
 ᠠᠯᠴᠢᠭᠤᠷ ᠬᠡᠢᠰᠬᠡᠨ ᠬᠠᠲᠠᠷᠢᠭᠠᠳ ᠣᠳᠤᠯ᠎ᠠ 
 ᠠᠢ ᠮᠢᠨᠦ ᠲᠩᠷᠢ ᠶ᠋ᠢᠨ ᠠᠵᠢᠨᠠᠢ 
 ᠠᠯᠲᠠᠨ ᠲᠤᠭᠤᠷᠠᠢᠲᠤ ᠬᠤᠷᠳᠤᠨ ᠬᠦᠯᠦᠭ ᠮᠢᠨᠢ 
 ᠠᠢ ᠮᠢᠨᠦ ᠲᠩᠷᠢ ᠶ᠋ᠢᠨ ᠠᠵᠢᠨᠠᠢ 
 ᠠᠯᠲᠠᠨ ᠲᠤᠭᠤᠷᠠᠢᠲᠤ ᠬᠤᠷᠳᠤᠨ ᠬᠦᠯᠦᠭ ᠮᠢᠨᠢ  

      ᠦᠰᠦᠭ ᠠᠮᠢᠯᠠᠭᠤᠯᠤᠭᠴᠢ᠄ ᠶ· ᠣᠶᠤᠨᠴᠡᠴᠡᠭ 
         ᠬᠢᠨᠠᠭᠴᠢ᠄ ᠳᠠᠭᠤᠤ ᠶ᠋ᠢᠨ ᠬᠣᠯᠪᠣᠭ᠎ᠠ