ᠵᠠᠯᠠᠭᠤ ᠨᠠᠰᠤ07-ᠷ ∙ ᠴᠣᠢᠨᠣᠮ-ᠨᠠᠢᠷᠠᠭᠯᠠᠯЗалуу нас-Р.Чойном Zaluu nas-R.Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤ ᠨᠠᠰᠤ07-ᠷ ∙ ᠴᠣᠢᠨᠣᠮ-ᠨᠠᠢᠷᠠᠭᠯᠠᠯЗалуу нас-Р.Чойном Zaluu nas-R.Choinom

ᠵᠠᠯᠠᠭᠤ ᠨᠠᠰᠤ07-ᠷ ∙ ᠴᠣᠢᠨᠣᠮ-ᠨᠠᠢᠷᠠᠭᠯᠠᠯЗалуу нас-Р.Чойном Zaluu nas-R.Choinom

2025-02-27

1052

ᠵᠠᠯᠠᠭᠤ ᠨᠠᠰᠤ07

    ᠷ᠂ ᠴᠤᠢᠨᠥᠮ 
ᠳᠣᠯᠣᠳᠤᠭᠠᠷ ᠪᠦᠯᠦᠭ 

         1

ᠡᠷᠡᠰᠯᠡᠵᠦ ᠨᠢᠭᠡ ᠰᠡᠳᠬᠢᠭᠡᠳ 
ᠡᠷᠭᠢ ᠶ᠋ᠢᠨ ᠢᠷᠮᠡᠭ ᠲᠦ᠍ ᠣᠴᠢᠭᠰᠠᠨ 
ᠡᠪᠡᠢ ᠲᠡᠭᠦᠨ ᠦ᠌ ᠪᠡᠨ ᠲᠤᠬᠠᠢ 
ᠡᠷᠭᠢᠵᠦ ᠣᠳᠣ ᠬᠠᠷᠠᠬᠤ ᠤᠤ ᠳᠠ᠃

ᠬᠣᠷᠢᠨ ᠨᠢᠭᠡᠬᠡᠨ ᠵᠢᠯ ᠳ᠋ᠡᠭᠡᠨ 
ᠬᠣᠷᠸ᠎ᠠ ᠳᠡᠭᠡᠭᠦᠷ ᠭᠢᠰᠬᠢᠵᠦ 
ᠢᠳᠡ ᠭᠢᠯᠠᠯᠵᠠᠬᠤ ᠴᠠᠭ ᠲᠠᠭᠠᠨ 
ᠢᠩᠭᠢᠵᠦ ᠨᠥᠭᠴᠢᠯ᠎ᠡ ᠭᠡᠵᠦ ᠤᠤ? 

ᠬᠠᠮᠢᠭ᠎ᠠ ᠨᠢᠭᠡᠲᠡᠢ ᠭᠠᠵᠠᠷ ᠤ᠋ᠨ 
ᠬᠠᠲᠠᠭᠤ ᠬᠦᠢᠲᠡᠨ ᠬᠥᠷᠥᠰᠥᠨ ᠳ᠋ᠦ᠍
ᠬᠠᠢᠷᠠᠨ ᠰᠠᠢᠬᠠᠨ ᠴᠣᠭᠴᠠᠰ ᠨᠢ
ᠬᠠᠪ ᠬᠠᠷᠠᠩᠭᠤᠢ ᠳ᠋ᠤ᠌ ᠬᠡᠪᠲᠡᠨ᠎ᠡ ᠤᠤ?

ᠶᠢᠷᠲᠢᠨᠴᠦ ᠶ᠋ᠢᠨ ᠲᠡᠷᠡᠬᠡᠨ ᠬᠡᠰᠡᠭ ᠲᠦ᠍
ᠪᠢᠲᠡᠭᠦᠬᠡᠨ ᠭᠤᠨᠢᠭ ᠣᠨᠳᠣᠷᠣᠭᠰᠠᠭᠠᠷ
ᠶᠡᠷᠦ ᠶ᠋ᠢᠨ ᠨᠢᠭᠡᠨ ᠪᠦᠰᠡᠭᠦᠢ ᠦᠷ᠎ᠡ
ᠪᠢᠳᠡᠨ ᠡᠴᠡ ᠲᠡᠭᠡᠵᠦ ᠬᠠᠭᠠᠴᠠᠭᠰᠠᠨ ᠪᠣᠯ

ᠭᠤᠸ᠎ᠠ ᠪᠡᠶ᠎ᠡ ᠶ᠋ᠢᠨ ᠬᠢᠨᠢ ᠳᠤᠷᠠᠰᠬᠠᠯ ᠪᠣᠯᠭᠠᠵᠤ
ᠭᠤᠷᠪᠠᠨ ᠲᠣᠬᠣᠢ ᠴᠢᠯᠠᠭᠤ ᠪᠤᠰᠬᠠᠬᠤ ᠰᠠᠨ
ᠭᠠᠷ ᠢ᠋ᠶ᠋ᠠᠨ ᠬᠠᠢᠷᠠᠯᠠᠯ ᠦᠭᠡᠢ᠂ ᠡᠷᠬᠢᠮ ᠨᠡᠷ᠎ᠡ ᠶ᠋ᠢ ᠨᠢ
ᠭᠠᠩ ᠴᠦᠴᠡ ᠪᠡᠷ ᠰᠡᠢᠯᠬᠦ ᠶᠤᠮᠰᠠᠨ᠃

ᠬᠥᠭᠡᠷᠦᠬᠦᠢ ᠪᠦᠰᠡᠭᠦᠢ ᠂ ᠭᠡᠪᠡᠴᠦ
ᠬᠥᠰᠢᠶ᠎ᠡ ᠳᠤᠷᠠᠰᠬᠠᠯ ᠪᠤᠰᠬᠠᠭᠤᠯᠬᠤ
ᠪᠡᠶᠡᠲᠡᠢ ᠴᠣᠬᠣᠮ ᠶᠠᠭᠤ ᠬᠢᠪᠡ?
ᠪᠢᠳᠡᠨ ᠳ᠋ᠦ᠍ ᠦᠯᠡᠳᠡᠭᠡᠭᠰᠡᠨ ᠶᠠᠭᠤ ᠪᠠᠢᠨ᠎ᠠ?

ᠠᠮᠢᠳᠤᠷᠠᠨ ᠰᠠᠭᠤᠭᠰᠠᠨ ᠭᠠᠵᠠᠷ ᠲᠠᠭᠠᠨ
ᠠᠵᠤ ᠲᠥᠷᠥᠭᠰᠡᠨ ᠨᠡᠢᠭᠡᠮ ᠳ᠋ᠡᠭᠡᠨ
ᠪᠦᠲᠦᠭᠡᠭᠰᠡᠨ ᠪᠦᠲᠦᠭᠡᠯ ᠦᠯᠡᠳᠡᠭᠡᠬᠦ ᠨᠢ
ᠪᠦᠭᠦᠳᠡ ᠬᠥᠮᠦᠨ ᠦ᠌ ᠡᠭᠦᠷᠭᠡ ᠪᠠᠢᠨ᠎ᠠ᠃

ᠡᠷᠬᠢᠮ ᠤᠩᠰᠢᠭᠴᠢ ᠲᠠ ᠴᠦ᠍
ᠡᠭᠡᠯ ᠰᠢᠯᠦᠭᠴᠢ ᠪᠢ ᠴᠦ᠍
ᠡᠷᠲᠡ ᠣᠷᠣᠢ ᠬᠡᠵᠢᠶ᠎ᠡ ᠴᠦ᠍
ᠡᠨᠡ ᠳᠡᠯᠡᠬᠡᠢ ᠶ᠋ᠢ ᠣᠷᠬᠢᠬᠤ ᠪᠠᠢᠨ᠎ᠠ᠃

ᠦᠬᠦᠨ᠎ᠡ ᠭᠡᠳᠡᠭ ᠶᠢᠷᠲᠢᠨᠴᠦ ᠶ᠋ᠢᠨ
ᠦᠨᠡᠨ ᠡᠴᠡ ᠦᠨᠡᠨ ᠬᠠᠤᠯᠢ ᠶᠤᠮ᠂
ᠦᠯᠡᠳᠡᠭᠡᠨ᠎ᠡ ᠭᠡᠳᠡᠭ᠂ ᠬᠥᠮᠦᠨ ᠦ᠌
ᠦᠬᠦᠯ ᠡᠴᠡ ᠬᠦᠴᠦᠲᠡᠢ ᠵᠦᠢᠯ ᠶᠤᠮ!

ᠡᠪᠦᠭᠡ ᠳᠡᠭᠡᠳᠦᠰ ᠪᠢᠳᠡᠨ ᠳ᠋ᠦ᠍
ᠡᠴᠢᠨᠡᠭᠡᠨ ᠵᠦᠢᠯ ᠢ᠋ ᠦᠯᠡᠳᠡᠭᠡᠵᠦ
ᠥᠨᠥ ᠦᠶ᠎ᠡ ᠶ᠋ᠢᠨ ᠬᠥᠭᠵᠢᠯ ᠦ᠋ᠨ
ᠥᠷᠭᠡᠨ ᠳᠣᠪᠵᠢᠶ᠎ᠠ ᠶ᠋ᠢ ᠪᠣᠰᠬᠠᠵᠤ

ᠡᠨᠡ ᠦᠶ᠎ᠡ ᠶ᠋ᠢᠨ ᠬᠡᠦᠬᠡᠳ ᠢ᠋ᠶ᠋ᠡᠨ
ᠡᠷᠬᠡ ᠴᠢᠯᠥᠭᠡᠲᠡᠢ ᠶᠠᠪᠤᠭ ᠭᠡᠵᠦ
ᠤᠳᠠᠭᠠᠨ ᠲᠡᠮᠡᠴᠡᠯ ᠦ᠋ᠨ ᠲᠡᠦᠬᠡ ᠪᠡᠨ
ᠤᠯᠠᠭᠠᠨ ᠴᠢᠰᠤ ᠪᠠᠷ ᠢ᠋ᠶ᠋ᠠᠨ ᠪᠢᠴᠢᠭᠰᠡᠨ!

ᠬᠣᠵᠢᠮ ᠬᠡᠦᠬᠡᠳ ᠲᠡᠭᠡᠨ ᠪᠢᠳᠡ ᠴᠦ᠍
ᠬᠣᠣᠰ ᠦᠭᠡᠢ ᠶᠡᠬᠡ ᠥᠷᠢᠲᠡᠢ ᠪᠠᠢᠨ᠎ᠠ
ᠬᠣᠲᠠᠯᠠ ᠣᠯᠠᠨ ᠢ᠋ᠶ᠋ᠠᠷ ᠢ᠋ᠶ᠋ᠠᠨ ᠨᠢᠭᠡᠳᠦᠭᠡᠳ
ᠠᠰᠢᠭᠦᠢ ᠶᠡᠬᠡ ᠪᠠᠶᠠᠷᠲᠠᠢ ᠪᠠᠢᠨ᠎ᠠ᠃

ᠡᠢᠮᠦ ᠴᠠᠭ ᠲᠤ᠌ ᠬᠥᠳᠡᠯᠮᠦᠷᠢᠯᠡᠭᠡ ᠦᠭᠡᠢ
ᠢᠳᠡᠷ ᠨᠠᠰᠤ ᠪᠠᠷ ᠶᠠᠭᠤ ᠪᠠᠨ ᠬᠢᠬᠦ ᠪᠣᠢ⁈
ᠢᠳᠡᠵᠦ ᠤᠨᠲᠠᠭᠰᠠᠭᠠᠷ ᠨᠠᠰᠤ ᠶ᠋ᠢ ᠪᠠᠷᠠᠬᠤ
ᠢᠯᠡᠭᠦᠳᠡᠯ ᠬᠥᠮᠦᠨ ᠢ᠋ᠶ᠋ᠡᠷ ᠶᠠᠭᠤ ᠪᠠᠨ ᠬᠢᠬᠦ ᠪᠣᠢ!᠁

ᠪᠢ ᠨᠢᠭᠡ ᠶᠠᠷᠢᠬᠤ ᠪᠠᠷ ᠢ᠋ᠶ᠋ᠠᠨ
ᠪᠢᠴᠢᠬᠦ ᠵᠦᠢᠯ ᠡᠴᠡ ᠪᠡᠨ ᠬᠠᠳᠤᠤᠷᠠᠬᠤ ᠶᠤᠮ᠃
ᠲᠦᠷᠭᠡᠬᠡᠨ ᠶᠠᠷᠢᠶᠠᠨ ᠳ᠋ᠠᠭᠠᠨ ᠣᠷᠣᠶ᠎ᠠ
ᠲᠦᠷᠦᠭᠦᠦ ᠶᠠᠭᠤ ᠭᠡᠳ ᠣᠷᠬᠢᠯ᠎ᠠ ᠳᠠ?

ᠠᠯᠠᠭ ᠨᠢᠳᠦᠨ ᠦ᠌ ᠵᠣᠪᠬᠢ
ᠠᠭᠠᠵᠢᠮ ᠰᠤᠯᠠᠬᠠᠨ ᠨᠡᠬᠡᠬᠡᠬᠳᠡᠪᠡ᠂
ᠠᠶᠤᠵᠤ ᠭᠠᠢᠬᠠᠭᠰᠠᠨ ᠬᠠᠷᠠᠴᠠ
ᠠᠵᠢᠨ ᠳᠥᠵᠢᠨ ᠭᠥᠯᠢᠷᠡᠪᠡ᠁

ᠲᠦᠨᠡᠷ ᠬᠠᠷᠠᠯᠠᠬᠤ ᠡᠭᠦᠯᠡᠰ
ᠲᠦᠷᠭᠡᠨ ᠭᠣᠣᠯ ᠤ᠋ᠨ ᠤᠷᠤᠰᠬᠠᠯ
ᠵᠢᠬᠡᠭᠦᠨ ᠢ᠋ᠶ᠋ᠡᠷ ᠦᠯᠢᠶᠡᠬᠦ ᠰᠠᠯᠬᠢ
ᠵᠢᠭᠲᠡᠢ ᠲᠦᠷᠭᠡᠨ ᠨᠠᠮᠳᠠᠬᠤ ᠰᠢᠭ᠋

ᠠᠨᠢᠷ ᠲᠠᠢᠪᠤᠩ ᠪᠠᠢᠳᠠᠯ ᠳ᠋ᠤ᠌
ᠠᠩᠬᠢᠯ ᠪᠦᠰᠡᠭᠦᠢ ᠰᠡᠷᠭᠦᠵᠦ᠂
ᠠᠶᠤᠮᠠᠷ ᠵᠢᠭᠠᠬᠠᠨ ᠵᠢᠷᠦᠬᠡ ᠨᠢ
ᠠᠮᠢᠳᠤᠷᠠᠯ ᠢ᠋ ᠮᠡᠳᠡᠷᠡᠨ ᠴᠣᠬᠢᠯᠠᠪᠠ᠃

ᠲᠡᠭᠡᠵᠦ ᠵᠠᠮᠪᠠᠭ᠎ᠠ ᠶᠢᠷᠲᠢᠨᠴᠦ ᠶ᠋ᠢᠨ
ᠲᠡᠨᠢᠭᠦᠨ ᠠᠮᠢᠳᠤᠷᠠᠯ ᠳ᠋ᠤ᠌ ᠡᠷᠭᠢᠵᠦ
ᠲᠡᠭᠰᠢ ᠬᠦᠦ ᠶ᠋ᠢᠨ ᠨᠢᠭᠤᠷ ᠢ᠋
ᠲᠡᠪᠡᠳᠡᠨ ᠬᠠᠷᠠᠨ ᠲᠠᠨᠢᠯ᠎ᠠ᠃

ᠰᠠᠢᠨ ᠰᠠᠢᠬᠠᠨ ᠪᠦᠬᠦᠨ ᠢ᠋ᠶ᠋ᠡᠷ
ᠰᠠᠭᠠᠳᠤᠨ ᠰᠠᠭᠤᠭᠰᠠᠨ ᠥᠷᠥᠭᠡᠨ ᠳ᠋ᠡᠭᠡᠨ
ᠳᠠᠰᠤᠯ ᠪᠣᠯᠤᠭᠰᠠᠨ ᠣᠷᠣ ᠳᠡᠭᠡᠷ᠎ᠡ ᠪᠡᠨ
ᠳᠠᠩᠴᠤ ᠲᠠᠢᠪᠤᠩ ᠬᠡᠪᠲᠡᠵᠦ

ᠡᠵᠢ ᠨᠢ ᠮᠠᠩᠨᠠᠢ ᠳᠡᠭᠡᠷ᠎ᠡ ᠨᠢ
ᠡᠩᠬᠦᠷᠡᠢ ᠭᠠᠷ ᠢ᠋ᠶ᠋ᠠᠨ ᠲᠠᠯᠪᠢᠵᠤ
ᠡᠷᠲᠡᠨ ᠦ᠌ ᠲᠠᠨᠢᠯ ᠲᠡᠭᠰᠢ
ᠡᠨᠳᠡ ᠪᠠᠰᠠ ᠰᠠᠭᠤᠬᠤ ᠳ᠋ᠤᠨᠢ

ᠬᠡᠷᠬᠢᠨ ᠶᠠᠭᠤ ᠰᠡᠳᠦᠭᠡᠳ
ᠬᠡᠵᠢᠶ᠎ᠡ ᠭᠠᠷᠴᠤ ᠶᠠᠪᠤᠭᠰᠠᠨ ᠢ᠋ᠶ᠋ᠠᠨ
ᠬᠡᠳᠦᠨ ᠬᠣᠷᠣᠮ ᠳ᠋ᠤ᠌ ᠪᠣᠳᠣᠭᠠᠳ
ᠬᠡᠮᠵᠢᠶ᠎ᠡ ᠦᠭᠡᠢ ᠶᠡᠬᠡ ᠭᠠᠢᠬᠠᠯ᠎ᠠ᠁

ᠡᠮᠡᠭᠡᠨ ᠬᠣᠩᠭᠣᠷ ᠡᠵᠢ ᠨᠢ
ᠡᠷᠡᠰᠯᠡᠵᠦ ᠲᠡᠭᠦᠨ ᠢ᠋ ᠰᠢᠷᠳᠡᠭᠡᠳ
ᠳᠣᠭᠣᠯᠠᠩ ᠨᠢᠯᠪᠤᠰᠤ ᠭᠠᠷᠭᠠᠵᠤ
ᠳᠣᠲᠣᠨᠣ ᠵᠥᠭᠡᠯᠡᠨ ᠳᠠᠭᠤ ᠪᠠᠷ

|《ᠲᠠᠢᠪᠤᠰᠢᠷᠠ᠂ ᠮᠢᠨᠦ ᠥᠬᠢᠨ
ᠲᠠᠢᠯᠪᠤᠷᠢᠯᠠᠵᠤ ᠣᠢᠯᠠᠭᠠᠵᠤ ᠠᠪ
ᠲᠠᠩᠬᠢᠯ ᠵᠠᠯᠠᠭᠤ ᠬᠥᠮᠦᠨ ᠢ᠋
ᠲᠠᠨᠢᠨ ᠮᠡᠳᠡᠵᠦ ᠶᠠᠪᠤ!

ᠡᠨᠡ ᠰᠠᠢᠬᠠᠨ ᠪᠡᠶ᠎ᠡ ᠶ᠋ᠢ ᠴᠢᠨᠢ
ᠡᠵᠢ ᠨᠢ ᠵᠦᠭᠡᠷ ᠣᠯᠭᠣᠭ᠎ᠠ ᠦᠭᠡᠢ ᠶᠤᠮ᠂
ᠡᠬᠡ ᠰᠠᠢᠬᠠᠨ ᠣᠷᠣᠨ ᠳ᠋ᠠᠭᠠᠨ
ᠢᠷᠭᠡᠨ ᠪᠣᠯᠭᠠᠵᠤ ᠥᠰᠬᠡᠭᠰᠡᠨ ᠶᠤᠮ!᠁

ᠠᠮᠢᠳᠤᠷᠠᠯ ᠭᠡᠳᠡᠭ ᠡᠴᠡ ᠬᠥᠮᠦᠨ
ᠠᠶᠤᠵᠤ ᠤᠬᠤᠷᠢᠵᠤ ᠪᠣᠯᠳᠠᠭ ᠦᠭᠡᠢ ᠶᠤᠮ
ᠦᠨᠡᠨᠴᠢ ᠶᠠᠪᠤᠭᠰᠠᠨ ᠢ᠋ᠶ᠋ᠠᠨ ᠬᠥᠮᠦᠨ
ᠦᠬᠦᠵᠦ ᠬᠣᠬᠢᠷᠠᠵᠤ ᠬᠠᠷᠠᠭᠤᠯᠳᠠᠭ ᠦᠭᠡᠢ ᠶᠤᠮ᠃

ᠬᠦᠢᠲᠡᠨ ᠰᠠᠨᠠᠭᠠᠲᠠᠨ ᠤ᠋ ᠥᠭᠡᠳᠡ ᠡᠴᠡ
ᠬᠠᠯᠠᠭᠤᠨ ᠠᠵᠢᠯ ᠢ᠋ᠶ᠋ᠠᠨ ᠬᠠᠷᠠᠭᠤᠯᠬᠤ ᠶ᠋ᠢ
ᠬᠦᠨᠳᠦ ᠪᠡᠷᠬᠡ ᠶ᠋ᠢᠨ ᠤᠷᠢᠳᠤ ᠡᠴᠡ
ᠬᠠᠨᠴᠤᠢ ᠰᠢᠮᠠᠯᠠᠨ ᠣᠷᠣᠬᠤ ᠶ᠋ᠢ

ᠰᠤᠤᠲᠤ ᠬᠥᠮᠦᠰ ᠰᠤᠷᠭᠠᠳᠠᠭ ᠪᠢᠰᠢ ᠤᠤ?
ᠰᠤᠳᠤᠷ ᠨᠣᠮ ᠴᠤ᠌ ᠭᠡᠷᠡᠴᠢᠯᠡᠳᠡᠭ ᠪᠢᠰᠢ ᠤᠤ?
ᠡᠴᠢᠭᠡ ᠴᠢᠨᠢ ᠬᠠᠯᠬ᠎ᠠ ᠶ᠋ᠢᠨ ᠭᠣᠣᠯ ᠳ᠋ᠤ᠌
ᠡᠨᠡ ᠶ᠋ᠢᠨ ᠲᠥᠯᠥᠭᠡ ᠨᠥᠭᠴᠢᠭᠰᠡᠨ ᠪᠢᠰᠢ ᠤᠤ?

ᠬᠢᠯᠢ ᠪᠡᠨ ᠬᠠᠮᠠᠭᠠᠯᠠᠵᠤ ᠮᠣᠷᠳᠠᠬᠤ ᠳ᠋ᠤᠨᠢ
ᠬᠡᠪᠡᠯᠢ ᠳ᠋ᠦ᠍ ᠦᠯᠡᠳᠡᠭᠰᠡᠨ ᠦᠷ᠎ᠡ ᠨᠢ ᠴᠢ
ᠨᠥᠭᠴᠢᠭᠰᠡᠨ ᠴᠡᠷᠢᠭ ᠦ᠋ᠨ ᠠᠮᠢᠳᠤᠷᠠᠯ ᠢ᠋
ᠨᠥᠬᠥᠨ ᠪᠦᠲᠦᠭᠡᠬᠦ ᠶᠣᠰᠣᠲᠠᠢ!᠁》

ᠵᠠᠩᠭᠢᠷᠠᠨ ᠭᠠᠷᠤᠭᠰᠠᠨ ᠨᠢᠯᠪᠤᠰᠤ ᠨᠢ
ᠵᠠᠮᠪᠠᠭ᠎ᠠ ᠶ᠋ᠢᠨ ᠳᠤᠬᠤᠨ ᠳᠡᠭᠡᠷ᠎ᠡ ᠲᠤᠰᠪᠠ᠂
《ᠵᠠ ᠡᠵᠢ ᠮᠢᠨᠢ 》ᠭᠡᠳ
ᠵᠠᠮᠪᠠᠭ᠎ᠠ ᠴᠤ᠌ ᠪᠠᠰᠠ ᠤᠬᠢᠯᠠᠴᠢᠬᠠᠪᠠ᠃

ᠡᠬᠡ ᠥᠬᠢᠨ ᠬᠣᠶᠠᠷ ᠢ᠋
ᠡᠪᠲᠡᠢ ᠵᠥᠭᠡᠯᠡᠨ ᠲᠠᠢᠪᠤᠰᠢᠷᠠᠭᠤᠯᠵᠤ
ᠪᠠᠶᠠᠷᠲᠠᠢ ᠭᠡᠳ ᠲᠡᠭᠰᠢ
ᠪᠠᠢᠰᠢᠩ ᠡᠴᠡ ᠠᠯᠭᠤᠷ ᠭᠠᠷᠤᠯ᠎ᠠ᠁

ᠪᠦᠬᠦᠯᠢ ᠠᠮᠢᠳᠤᠷᠠᠯ ᠢ᠋ ᠨᠢ ᠠᠪᠤᠷᠠᠭᠰᠠᠨ
ᠪᠦᠷᠦᠭ ᠲᠣᠮᠣᠭᠠᠲᠠᠢ ᠵᠠᠯᠠᠭᠤ ᠳ᠋ᠤ᠌
ᠵᠠᠮᠪᠠᠭ᠎ᠠ ᠲᠠᠯᠠᠷᠬᠠᠬᠤ ᠭᠡᠪᠡᠴᠦ
ᠵᠠᠩᠭᠢᠷᠠᠨ ᠤᠬᠢᠯᠠᠭᠠᠳ ᠴᠢᠳᠠᠭᠰᠠᠨ ᠦᠭᠡᠢ᠁

ᠬᠥᠭᠡᠷᠦᠬᠦᠢ ᠵᠠᠮᠪᠠᠭ᠎ᠠ ᠬᠡᠦᠬᠡᠨ ᠦ᠌
ᠬᠥᠨᠳᠡᠭᠦᠷ ᠪᠣᠯᠤᠭᠰᠠᠨ ᠰᠡᠳᠬᠢᠯ ᠳ᠋ᠦ᠍
ᠵᠤᠷᠪᠤᠰ ᠪᠢᠴᠢᠭ ᠢ᠋ ᠨᠢ ᠤᠩᠰᠢᠭᠰᠠᠨ
ᠵᠤᠨ ᠤ᠋ ᠦᠳᠡᠰᠢ ᠰᠠᠨᠠᠭᠳᠠᠵᠠᠢ᠁

ᠲᠡᠷᠡ ᠦᠳᠡᠰᠢ ᠡᠴᠡ ᠬᠣᠢᠰᠢ
ᠡᠪᠦᠯ ᠵᠤᠨ ᠰᠣᠯᠢᠭᠳᠠᠪᠠᠴᠤ
ᠲᠡᠭᠰᠢ ᠬᠦᠦ ᠶ᠋ᠢᠨ ᠰᠡᠳᠬᠢᠯ
ᠥᠨᠥ ᠪᠣᠯᠲᠠᠯ᠎ᠠ ᠬᠤᠪᠢᠷᠠᠭ᠎ᠠ ᠦᠭᠡᠢ᠂

ᠴᠣᠩᠬᠣ ᠪᠠᠷ ᠬᠠᠶᠠ ᠬᠠᠷᠠᠭᠰᠠᠭᠠᠷ
ᠴᠣᠮᠣᠷᠯᠢᠭ ᠰᠡᠳᠬᠦᠯ ᠢ᠋ᠶ᠋ᠡᠨ ᠤᠩᠰᠢᠭᠰᠠᠭᠠᠷ
ᠵᠠᠮᠪᠠᠭ᠎ᠠ ᠶ᠋ᠢᠨ ᠶᠠᠪᠤᠴᠢᠬᠠᠬᠤ ᠶ᠋ᠢ ᠬᠠᠷᠠᠭᠠᠳ
ᠵᠠᠶᠠᠭ᠎ᠠ ᠵᠣᠯ ᠢ᠋ ᠨᠢ ᠠᠪᠤᠷᠠᠵᠠᠢ᠁

2

ᠮᠠᠷᠭᠠᠰᠢ ᠥᠷᠯᠥᠭᠡᠨ ᠦ᠌ ᠨᠠᠷᠠᠨ
ᠮᠠᠨᠳᠤᠵᠤ ᠭᠡᠢᠭᠦᠯᠬᠦ ᠦᠶ᠎ᠡ ᠳ᠋ᠦ᠍
ᠲᠩᠷᠢ ᠴᠡᠯᠮᠡᠬᠦ ᠶᠠᠩᠵᠤ ᠲᠠᠢ
ᠲᠡᠨᠳᠡ ᠡᠨᠳᠡ ᠪᠡᠨ ᠡᠭᠦᠯᠡ ᠲᠡᠢ

ᠰᠠᠯᠬᠢ ᠴᠤ᠌ ᠠᠷᠠᠢ ᠵᠥᠭᠡᠯᠡᠨ ᠢ᠋ᠶ᠋ᠡᠷ
ᠰᠠᠨᠠᠭ᠎ᠠ ᠠᠯᠳᠠᠬᠤ ᠰᠢᠭ᠋ ᠦᠯᠢᠶᠡᠵᠦ
ᠠᠯᠤᠰ ᠡᠴᠡ ᠭᠣᠣᠯ ᠤ᠋ᠨ ᠤᠰᠤ
ᠠᠢᠬᠤᠪᠲᠤᠷ ᠬᠠᠷᠠᠯᠠᠨ ᠭᠢᠯᠠᠯᠵᠠᠨ᠎ᠠ᠁

ᠬᠦᠨᠳᠦ ᠨᠣᠢᠷ ᠳᠣᠣᠷ᠎ᠠ ᠡᠴᠡ ᠪᠠᠨ
ᠬᠡᠦᠬᠡᠨ ᠵᠠᠮᠪᠠᠭ᠎ᠠ ᠰᠡᠷᠢᠭᠡᠳ
ᠱᠦᠩᠭᠢᠨᠡᠬᠦ ᠰᠠᠯᠬᠢ ᠶ᠋ᠢ ᠴᠢᠩᠨᠠᠵᠤ
ᠰᠡᠭᠦᠷᠡᠰᠦ ᠠᠯᠲᠠᠨ ᠥᠨᠳᠡᠢᠪᠡ᠃

ᠭᠡᠭᠡᠨ ᠨᠠᠷᠠᠨ ᠤ᠋ ᠲᠤᠶᠠᠭ᠎ᠠ
ᠭᠡᠭᠡᠪᠴᠢ ᠴᠣᠩᠬᠣ ᠪᠠᠷ ᠱᠠᠭᠠᠢᠨ᠎ᠠ᠂
ᠭᠡᠨᠡᠨ ᠵᠠᠯᠠᠭᠤ ᠪᠦᠰᠡᠭᠦᠢ ᠳ᠋ᠦ᠍
ᠣᠷᠴᠢᠯᠠᠩ ᠤ᠋ᠨ ᠮᠡᠨᠳᠦ ᠶ᠋ᠢ ᠬᠦᠷᠭᠡᠨ᠎ᠡ᠃

ᠪᠣᠰᠬᠤ ᠮᠥᠷᠲᠡᠭᠡᠨ ᠵᠠᠮᠪᠠᠭ᠎ᠠ
ᠴᠣᠩᠬᠣ ᠪᠠᠷ ᠶᠠᠭᠠᠷᠠᠨ ᠱᠠᠭᠠᠢᠨ᠎ᠠ᠂
ᠪᠣᠳᠣᠯᠭ᠎ᠠ ᠶᠡᠬᠡᠲᠡᠢ ᠨᠢᠳᠦᠨ ᠳ᠋ᠦ᠍ᠨᠢ
ᠴᠣᠭ ᠵᠢᠪᠬᠤᠭ᠎ᠠ ᠮᠡᠳᠡᠭᠳᠡᠨ᠎ᠡ᠁

ᠳᠤᠷ᠎ᠠ ᠪᠤᠯᠢᠶᠠᠮ᠎ᠠ ᠠᠮᠢᠳᠤᠷᠠᠯ ᠤ᠋ᠨ
ᠵᠢᠷ ᠦ᠋ᠨ ᠡᠳᠦᠷ ᠡᠬᠢᠯᠡᠬᠦ ᠳ᠋ᠦ᠍
ᠳᠤᠭᠤᠢ ᠴᠠᠭᠠᠷᠢᠭ ᠥᠩᠬᠥᠷᠢᠭᠦᠯᠵᠦ
ᠵᠢᠵᠢᠭᠬᠡᠨ ᠬᠡᠦᠬᠡᠳ ᠦ᠋ᠳ ᠨᠠᠭᠠᠳᠤᠨ᠎ᠠ᠃

ᠰᠣᠷᠭᠣᠭ ᠰᠠᠢᠬᠠᠨ ᠬᠥᠪᠴᠢ ᠡᠴᠡ
ᠰᠣᠨᠢᠨ ᠴᠤᠤᠷᠢᠶ᠎ᠠ ᠳᠡᠭᠳᠡᠵᠦ᠂
ᠠᠯᠤᠰ ᠬᠥᠨᠳᠡᠢ ᠶ᠋ᠢᠨ ᠵᠡᠷᠭᠡᠯᠭᠡᠨ ᠳ᠋ᠦ᠍
ᠠᠳᠤᠭᠤ ᠮᠠᠯ ᠲᠣᠷᠣᠯᠵᠠᠨ᠎ᠠ᠃

ᠨᠠᠷᠠ ᠬᠥᠭᠡᠷᠬᠦ ᠳ᠋ᠦ᠍᠂ ᠲᠩᠷᠢ
ᠨᠠᠮᠳᠠᠭᠤᠨ ᠰᠠᠢᠬᠠᠨ ᠪᠣᠯᠤᠯ᠎ᠠ᠂
ᠰᠢᠯᠢ ᠭᠠᠵᠠᠷ ᠤ᠋ᠨ ᠠᠯᠤᠰ ᠲᠤ᠌
ᠰᠢᠩᠭᠡᠨ ᠮᠠᠨᠠᠨ ᠲᠠᠲᠠᠯ᠎ᠠ᠃

ᠤᠯᠠᠭᠠᠨ ᠲᠤᠤᠵᠠ ᠲᠠᠢ ᠥᠬᠢᠨ
ᠤᠷᠲᠤ ᠬᠥᠯ ᠢ᠋ᠶ᠋ᠡᠷ ᠠᠯᠬᠤᠨ᠎ᠠ᠂
ᠬᠦᠯᠢᠶᠡᠵᠦ ᠪᠠᠢ ᠯᠠ ᠳᠠ ᠭᠡᠵᠦ
ᠬᠡᠦᠬᠡᠳ ᠨᠠᠢᠵᠠ ᠨᠢ ᠬᠠᠰᠬᠢᠷᠤᠨ᠎ᠠ.᠃

ᠥᠷᠭᠡᠨ ᠴᠡᠯᠡᠭᠡᠷ ᠭᠤᠳᠤᠮᠵᠢᠨ ᠤ᠋
ᠥᠨᠴᠥᠭ ᠪᠤᠯᠤᠩ ᠤ᠋ᠨ ᠣᠷᠴᠢᠮ ᠳ᠋ᠤ᠌
ᠢᠳᠡᠷᠬᠡᠨ ᠬᠣᠶᠠᠷ ᠠᠭᠤᠯᠵᠠᠭᠠᠳ
ᠢᠨᠢᠶᠡᠵᠦ ᠪᠠᠢᠭ᠎ᠠ ᠬᠠᠷᠠᠭᠳᠠᠨ᠎ᠠ᠁

ᠬᠣᠷᠸ᠎ᠠ ᠭᠡᠳᠡᠭ ᠡᠨᠡ ᠳᠡ ᠭᠡᠵᠦ
ᠬᠣᠩᠭᠣᠷ ᠵᠠᠮᠪᠠᠭ᠎ᠠ ᠰᠡᠳᠬᠢᠨ᠎ᠡ᠂
ᠬᠣᠭᠣᠰᠣᠨ ᠴᠤ᠌ ᠶᠠᠭᠤᠮ᠎ᠠ ᠪᠢᠰᠢ ᠳᠡ ᠭᠡᠵᠦ
ᠬᠣᠶᠠᠷ ᠭᠤᠷᠪᠠ ᠳᠠᠪᠲᠠᠨ᠎ᠠ᠃

ᠣᠷᠣᠢ ᠪᠣᠯᠬᠤ ᠳ᠋ᠤ᠌ ᠵᠠᠮᠪᠠᠭ᠎ᠠ
ᠣᠳᠣᠨ ᠤ᠋ ᠲᠦᠷᠦᠭᠦᠴᠢ ᠶ᠋ᠢ ᠰᠢᠷᠲᠡᠭᠰᠡᠭᠡᠷ
ᠣᠯᠠᠨ ᠵᠦᠢᠯ ᠢ᠋ ᠪᠣᠳᠣᠵᠤ
ᠣᠷᠣ ᠪᠠᠨ ᠳᠥᠰᠢᠨ ᠵᠣᠭᠰᠣᠬᠤ ᠳ᠋ᠠᠭᠠᠨ

《ᠵᠠᠮᠪᠠᠯ ᠡᠳᠦᠢ ᠳ᠋ᠦ᠍ ᠨᠡᠢᠰᠯᠡᠯ ᠳ᠋ᠦ᠍
ᠵᠢᠷᠭᠠᠵᠤ ᠰᠠᠭᠤᠭ᠎ᠠ ᠪᠠᠢᠬ᠎ᠠ ᠳᠠ
ᠨᠠᠮᠠᠶ᠋ᠢ ᠡᠳᠦᠢ ᠳ᠋ᠦ᠍ ᠮᠠᠷᠲᠠᠭᠠᠳ
ᠨᠠᠷᠭᠢᠵᠤ ᠪᠠᠢᠭ᠎ᠠ ᠪᠢᠵᠡ ᠳᠡ 》

ᠭᠡᠵᠦ ᠪᠢᠲᠡᠭᠦᠬᠡᠨ ᠭᠤᠨᠢᠬᠠᠷᠠᠬᠤ ᠳ᠋ᠤ᠌
ᠭᠡᠨᠡᠳᠲᠡ ᠶ᠋ᠢᠨ ᠠᠶᠤᠳᠠᠰᠤ ᠲᠥᠷᠥᠨ᠎ᠡ
ᠶᠠᠪᠤᠭᠤᠯᠤᠭᠰᠠᠨ ᠵᠠᠬᠢᠳᠠᠯ ᠢ᠋ᠶ᠋ᠠᠨ ᠪᠣᠳᠣᠭᠠᠳ
ᠶᠠᠩᠭᠢᠨᠠᠵᠤ ᠵᠢᠷᠦᠬᠡ ᠨᠢ ᠡᠪᠡᠳᠦᠨ᠎ᠡ᠁

《ᠬᠡᠳᠦ ᠶ᠋ᠢᠨ ᠶᠠᠪᠤᠳᠠᠯ ᠢ᠋ ᠮᠡᠳᠡᠭᠡ ᠦᠭᠡᠢ
ᠬᠡᠲᠦᠷᠬᠡᠢ ᠲᠡᠨᠡᠭ ᠰᠡᠳᠬᠢᠯ ᠮᠢᠨᠢ
ᠬᠡᠷᠡᠭ ᠦᠭᠡᠢ ᠭᠡᠰᠡᠨ ᠬᠥᠮᠦᠨ ᠢ
ᠬᠡᠵᠢᠶ᠎ᠡ ᠪᠣᠯᠲᠠᠯ᠎ᠠ ᠮᠥᠷᠥᠭᠡᠳᠬᠦ ᠨᠢ ᠪᠣᠢ⁈ 》

ᠵᠠᠷᠢᠮ ᠳ᠋ᠠᠭᠠᠨ ᠢᠩᠭᠢᠵᠦ ᠪᠣᠳᠣᠭᠠᠳ
ᠵᠠᠮᠪᠠᠭ᠎ᠠ ᠥᠪᠡᠷ ᠢ᠋ ᠪᠡᠨ ᠵᠢᠮᠡᠯᠡᠨ᠎ᠡ᠂
ᠢᠨᠠᠭᠯᠠᠨ ᠳᠠᠰᠤᠭᠰᠠᠨ ᠶᠠᠭᠤᠮ᠎ᠠ ᠶ᠋ᠢ ᠴᠢᠨᠢ
ᠶᠠᠭᠠᠬᠢᠶ᠎ᠠ ᠭᠡᠬᠦᠪ ᠭᠡᠵᠦ ᠴᠤ᠌ ᠪᠣᠳᠣᠨ᠎ᠠ.᠁

      3

ᠲᠡᠰᠦᠨ᠎ᠡ ᠭᠡᠳᠡᠭ ᠡᠴᠡ ᠢᠯᠡᠭᠦᠦ ᠶᠠᠭᠤᠮ᠎ᠠ
ᠳᠠᠶᠠᠩ ᠳᠡᠯᠡᠬᠡᠢ ᠳ᠋ᠦ᠍ ᠪᠠᠢᠭ᠎ᠠ ᠦᠭᠡᠢ ᠴᠦ᠍
ᠬᠦᠰᠡᠨ᠎ᠡ ᠭᠡᠳᠡᠭ ᠡᠴᠡ ᠬᠦᠴᠦᠲᠡᠢ ᠶᠠᠭᠤᠮ᠎ᠠ
ᠬᠥᠮᠦᠨ ᠦ᠌ ᠰᠡᠳᠬᠢᠯ ᠳ᠋ᠦ᠍ ᠪᠠᠢᠳᠠᠭ ᠦᠭᠡᠢ ᠭᠡᠨ᠎ᠡ᠃

《᠁ ᠬᠢᠯᠢ ᠪᠡᠨ ᠬᠠᠮᠠᠭᠠᠯᠠᠵᠤ ᠮᠣᠷᠳᠠᠬᠤ ᠳ᠋ᠤᠨᠢ
ᠬᠡᠪᠡᠯᠢ ᠳ᠋ᠦ᠍ ᠦᠯᠡᠳᠡᠭᠰᠡᠨ ᠥᠬᠢᠨ ᠨᠢ
ᠨᠥᠭᠴᠢᠭᠰᠡᠨ ᠴᠡᠷᠢᠭ ᠦ᠋ᠨ ᠠᠮᠢᠳᠤᠷᠠᠯ ᠢ᠋
ᠨᠥᠬᠥᠵᠦ ᠪᠦᠲᠦᠭᠡᠬᠦ ᠶᠣᠰᠣᠲᠠᠢ! 》

ᠬᠠᠯᠠᠭᠤᠨ ᠵᠠᠯᠠᠭᠤ ᠰᠡᠳᠬᠢᠯ ᠦ᠋ᠨ
ᠬᠠᠯᠭᠢᠨ ᠴᠣᠬᠢᠯᠠᠬᠤ ᠵᠢᠷᠦᠬᠡᠨ ᠦ
ᠬᠠᠮᠢᠭ᠎ᠠ ᠬᠡᠵᠢᠶ᠎ᠡ ᠴᠦ᠍ ᠰᠠᠭᠠᠲᠠᠰᠢ ᠦᠭᠡᠢ
ᠬᠠᠮᠤᠭ ᠤ᠋ᠨ ᠨᠠᠨᠳᠢᠨ ᠮᠥᠷᠥᠭᠡᠳᠦᠯ

ᠠᠮᠢᠳᠤᠷᠠᠯ ᠤ᠋ᠨ ᠣᠯᠠᠨ ᠨᠤᠭᠤᠯᠤᠭ᠎ᠠ ᠶ᠋ᠢ
ᠠᠮᠰᠠᠨ ᠲᠤᠭᠤᠯᠵᠤ ᠭᠠᠷᠬᠤ ᠶ᠋ᠢ
ᠠᠵᠢᠯ ᠤ᠋ᠨ ᠵᠣᠷᠢᠮᠠᠭ ᠠᠯᠬᠤᠭ᠎ᠠ ᠪᠠᠷ
ᠠᠯᠳᠠᠭᠠᠳ ᠤᠨᠤᠵᠤ ᠰᠤᠷᠬᠤ ᠶ᠋ᠢ

ᠵᠠᠬ᠎ᠠ ᠦᠭᠡᠢ ᠳᠠᠯᠠᠢ ᠰᠢᠭ ᠬᠦᠰᠡᠯ ᠢ᠋ᠶ᠋ᠡᠷ
ᠵᠠᠮᠪᠠᠭ᠎ᠠ ᠣᠳᠣ ᠬᠦᠰᠡᠵᠦ ᠪᠠᠢᠨ᠎ᠠ
ᠵᠠᠯᠠᠭᠤ ᠴᠣᠭᠲᠠᠢ ᠨᠢᠳᠦ ᠪᠡᠷ ᠢ᠋ᠶ᠋ᠡᠨ
ᠵᠠᠶᠠᠭ᠎ᠠ ᠵᠣᠯ ᠢ᠋ᠶ᠋ᠠᠷ ᠢ᠋ᠶ᠋ᠠᠨ ᠬᠠᠷᠠᠵᠤ ᠪᠠᠢᠨ᠎ᠠ᠃

ᠠᠯᠠᠭ ᠴᠡᠴᠡᠭ ᠲᠡᠢ ᠲᠠᠯ᠎ᠠ ᠰᠢᠭ᠋
ᠠᠯᠤᠰ ᠤ᠋ᠨ ᠴᠡᠩᠬᠡᠷ ᠠᠭᠤᠯᠠᠰ ᠰᠢᠭ᠋
ᠠᠮᠤᠭᠤᠯᠠᠩ ᠲᠡᠭᠷᠢ ᠶ᠋ᠢᠨ ᠣᠳᠣ ᠰᠢᠭ᠋
ᠢᠷᠡᠭᠡᠳᠦᠢ ᠨᠢ ᠲᠡᠭᠡᠵᠦ ᠬᠠᠷᠠᠭᠳᠠᠨ᠎ᠠ᠃

ᠣᠳᠣᠨ ᠡᠴᠡ ᠲᠣᠳᠣᠬᠠᠨ ᠭᠢᠯᠠᠯᠵᠠᠬᠤ
ᠦᠦᠷ ᠦ᠋ᠨ ᠴᠠᠭᠠᠨ ᠴᠣᠯᠮᠣᠨ ᠰᠢᠭ᠋
ᠮᠣᠳᠣᠨ ᠡᠴᠡ ᠲᠣᠳᠣᠬᠠᠨ ᠬᠠᠷᠠᠭᠳᠠᠬᠤ
ᠵᠠᠭᠤᠨ ᠨᠠᠰᠤᠲᠤ ᠴᠠᠷᠠᠰᠤ ᠰᠢᠭ᠋

ᠪᠦᠰᠡᠭᠦᠢ ᠲᠡᠭᠦᠨ ᠦ᠌ ᠮᠡᠷᠭᠡᠵᠢᠯ
ᠪᠦᠲᠦᠭᠡᠵᠦ ᠦᠯᠡᠳᠡᠭᠡᠬᠦ ᠠᠵᠢᠯ
ᠳᠤᠷᠠᠯᠠᠯ ᠤ᠋ᠨ ᠢᠯᠳᠠᠮ ᠢᠷᠮᠡᠯᠲᠡ ᠰᠢᠭ
ᠳᠠᠭᠤᠳᠠᠵᠤ ᠪᠠᠢᠭ᠎ᠠ ᠶ᠋ᠢ ᠮᠡᠳᠡᠯ᠎ᠡ᠃

ᠠᠯᠳᠠᠷᠲᠤ ᠴᠤᠤᠲᠤ ᠬᠥᠳᠡᠯᠮᠦᠷᠢ ᠶ᠋ᠢᠨ ᠬᠢᠨᠢ
ᠠᠩᠬᠠᠨ ᠤ᠋ ᠬᠡᠴᠡᠭᠦᠦ ᠠᠯᠬᠤᠮ
ᠠᠶ᠎ᠠ ᠳᠠᠭᠤᠤ ᠶ᠋ᠢᠨ ᠲᠡᠮᠳᠡᠭ ᠦ᠋ᠳ
ᠠᠷᠤ ᠥᠪᠥᠷ ᠦᠭᠡᠢ ᠪᠢᠴᠢᠭᠰᠡᠨ

ᠵᠤᠵᠠᠭᠠᠨ ᠡᠴᠡ ᠵᠤᠵᠠᠭᠠᠨ ᠳᠡᠪᠲᠡᠷ
ᠵᠠᠮᠪᠠᠭ᠎ᠠ ᠶ᠋ᠢᠨ ᠤᠷᠢᠳᠤ ᠲᠠᠯᠪᠢᠭᠠᠰᠤᠲᠠᠢ
ᠤᠳᠠᠭᠠᠨ ᠡᠴᠡ ᠤᠳᠠᠭᠠᠨ ᠰᠢᠷᠳᠡᠭᠡᠳ
ᠵᠠᠮᠪᠠᠭ᠎ᠠ ᠶᠠᠭᠤᠮ᠎ᠠ ᠪᠣᠳᠣᠵᠤ ᠪᠠᠢᠨ᠎ᠠ᠃

《ᠶᠡᠷᠦ ᠶ᠋ᠢᠨ ᠪᠣᠯᠪᠠᠴᠤ ᠪᠢ
ᠶᠢᠷᠲᠢᠨᠴᠦ ᠶ᠋ᠢᠨ ᠨᠢᠭᠡ ᠢᠷᠭᠡᠨ!
ᠳᠠᠷᠬᠠᠨ ᠠᠮᠢᠳᠤᠷᠠᠯ ᠤ᠋ᠨ ᠬᠠᠤᠯᠢ ᠶ᠋ᠢ
ᠳᠠᠭᠠᠬᠤ ᠭᠡᠵᠦ ᠲᠥᠷᠥᠭᠰᠡᠨ ᠥᠬᠢᠨ!

ᠡᠷᠢᠨ ᠭᠠᠯᠪᠠ ᠶ᠋ᠢ ᠨᠥᠭᠴᠢᠭᠡᠭᠰᠡᠨ
ᠡᠬᠡ ᠰᠠᠢᠬᠠᠨ ᠳᠡᠯᠡᠬᠡᠢ ᠮᠢᠨᠢ
ᠡᠷᠡᠮᠡᠬᠡᠢ ᠲᠡᠮᠡᠴᠡᠯ ᠢ᠋ ᠲᠤᠭᠤᠯᠤᠭᠰᠠᠨ
ᠡᠨᠡ ᠮᠣᠩᠭᠣᠯ ᠣᠷᠣᠨ ᠮᠢᠨᠢ

ᠬᠥᠮᠦᠨ ᠦ᠌ ᠬᠠᠯᠠᠭᠤᠨ ᠬᠥᠳᠡᠯᠮᠦᠷᠢ ᠪᠡᠷ
ᠬᠦᠷᠳᠦᠨ ᠳᠤᠭᠤᠢ ᠪᠠᠨ ᠡᠷᠭᠢᠭᠦᠯᠦᠭᠰᠡᠨ
ᠬᠦᠰᠡᠯ ᠵᠣᠷᠢᠭ ᠤ᠋ᠨ ᠲᠡᠮᠡᠦᠯᠦᠯ ᠢ᠋ᠶ᠋ᠡᠷ
ᠬᠦᠨᠳᠦᠲᠦ ᠲᠡᠦᠬᠡ ᠪᠡᠨ ᠪᠢᠴᠢᠭᠦᠯᠦᠭᠰᠡᠨ

ᠥᠨᠢᠷ ᠪᠠᠶᠠᠨ ᠬᠥᠷᠥᠰᠥ ᠶ᠋ᠢ ᠨᠢ
ᠥᠯᠮᠡᠢ ᠳᠣᠣᠷ᠎ᠠ ᠪᠠᠨ ᠭᠢᠰᠬᠢᠵᠦ
ᠡᠳᠦᠢ ᠬᠦᠷᠦᠭᠰᠡᠨ ᠦ᠌ ᠭᠠᠪᠢᠶ᠎ᠠ
ᠥᠴᠦᠬᠡᠨ ᠨᠡᠮᠡᠷᠢ ᠪᠡᠨ ᠦᠯᠡᠳᠡᠭᠡᠬᠦ!

ᠭᠠᠭᠴᠠᠬᠠᠨ ᠡᠭᠦᠨ ᠦ᠌ ᠲᠥᠯᠥᠭᠡ
ᠭᠠᠷ ᠢ᠋ᠶ᠋ᠠᠨ ᠬᠣᠮᠬᠢᠯ ᠦᠭᠡᠢ ᠵᠢᠳᠬᠦᠶ᠎ᠡ
ᠡᠷᠡᠮᠳᠡᠭ ᠭᠡᠭᠳᠡᠭᠰᠡᠨ ᠪᠡᠶ᠎ᠡ ᠶ᠋ᠢᠨ ᠢ᠋ᠶ᠋ᠡᠨ
ᠡᠷᠴᠢ ᠴᠢᠳᠠᠯ ᠢ᠋ ᠨᠢ ᠬᠠᠷᠠᠭᠤᠯᠤᠶ᠎ᠠ

ᠡᠨᠡ ᠰᠠᠢᠬᠠᠨ ᠪᠡᠶ᠎ᠡ ᠶ᠋ᠢ
ᠡᠵᠢ ᠮᠢᠨᠢ ᠵᠦᠭᠡᠷ ᠣᠯᠭᠣᠭ᠎ᠠ ᠦᠭᠡᠢ
ᠡᠬᠡ ᠰᠠᠢᠬᠠᠨ ᠣᠷᠣᠨ ᠳ᠋ᠠᠭᠠᠨ
ᠢᠷᠭᠡᠨ ᠪᠣᠯᠭᠠᠵᠤ ᠥᠭᠭᠦᠭᠰᠡᠨ ᠶᠤᠮ!》

ᠢᠩᠭᠢᠵᠦ ᠵᠠᠮᠪᠠᠭ᠎ᠠ ᠰᠡᠳᠬᠢᠭᠡᠳ
ᠢᠲᠡᠭᠡᠯ ᠳᠦᠭᠦᠷᠡᠩ ᠣᠷᠣᠯᠳᠣᠯ᠎ᠠ
ᠢᠳᠡᠷ ᠪᠠᠭᠠᠬᠠᠨ ᠵᠢᠷᠦᠬᠡᠨ ᠳ᠋ᠦ᠍ᠨᠢ
ᠬᠤᠪᠢ ᠶ᠋ᠢᠨ ᠬᠤᠪᠢᠰᠬᠠᠯ ᠮᠠᠨᠳᠤᠯ᠎ᠠ

ᠬᠠᠪᠤᠷ ᠤ᠋ᠨ ᠰᠠᠢᠬᠠᠨ ᠳᠡᠯᠡᠬᠡᠢ ᠶ᠋ᠢ
ᠬᠠᠷᠠᠨ ᠬᠠᠷᠠᠨ ᠪᠡᠶᠡᠰᠴᠦ
ᠭᠠᠷ ᠲᠠᠭᠠᠨ ᠨᠣᠮ ᠪᠠᠷᠢᠭᠠᠳ
ᠭᠠᠳᠠᠭ᠎ᠠ ᠰᠠᠭᠤᠳᠠᠭ ᠪᠣᠯᠤᠯ᠎ᠠ᠁

      4

ᠵᠠᠮᠪᠠᠭ᠎ᠠ ᠶ᠋ᠢᠨ ᠵᠢᠷᠦᠬᠡᠨ ᠳᠣᠲᠣᠷ᠎ᠠ
ᠵᠠᠮᠪᠠᠯ ᠲᠡᠭᠰᠢ ᠬᠣᠶᠠᠷ ᠤ᠋ᠨ
ᠠᠯᠢ ᠨᠢ ᠥᠨᠥᠳᠥᠷ ᠦ᠋ᠨ ᠬᠤᠪᠢ ᠳ᠋ᠤ᠌
ᠠᠷᠠᠢ ᠢᠯᠡᠭᠦᠦ ᠰᠠᠨᠠᠭᠳᠠᠨ᠎ᠠ ᠪᠣᠢ⁈

ᠶᠠᠮᠠᠷ ᠴᠤ᠌ ᠭᠡᠰᠡᠨ᠂ ᠰᠡᠳᠬᠢᠯ
ᠢᠨᠠᠭᠯᠠᠵᠤ ᠨᠢᠭᠡ ᠶ᠋ᠢ ᠳᠤᠷᠠᠰᠬᠤ ᠳ᠋ᠤ᠌
ᠳᠠᠰᠤᠭᠰᠠᠨ ᠠᠮᠠᠷᠠᠭ ᠡᠴᠡ ᠢᠯᠡᠭᠦᠦ ᠶᠠᠭᠤᠮ᠎ᠠ
ᠳᠠᠶᠠᠩ ᠳᠡᠯᠡᠬᠡᠢ ᠳ᠋ᠦ᠍ ᠪᠠᠢᠳᠠᠭ ᠦᠭᠡᠢ ᠶᠤᠮ᠁

ᠭᠡᠳ ᠠᠮᠢᠳᠤᠷᠠᠯ ᠤ᠋ᠨ ᠤᠷᠲᠤ ᠳ᠋ᠤ᠌
ᠭᠡᠨᠡᠳᠲᠡ ᠶ᠋ᠢᠨ ᠶᠠᠪᠤᠳᠠᠯ ᠤᠴᠠᠷᠠᠬᠤ ᠶ᠋ᠢ
ᠠᠭᠠᠵᠢᠮ ᠪᠣᠯᠪᠠᠴᠤ ᠳᠠᠰᠬᠤ ᠶ᠋ᠢ
ᠠᠯᠢ ᠶ᠋ᠢ ᠲᠡᠷᠡ ᠭᠡᠬᠦ ᠪᠣᠢ⁈

ᠬᠥᠮᠦᠨ ᠦ᠌ ᠠᠮᠢᠳᠤᠷᠠᠯ ᠭᠡᠳᠡᠭ
ᠡᠷᠭᠢ ᠦᠭᠡᠢ ᠲᠠᠩᠭᠢᠰ ᠶᠤᠮ
ᠬᠦᠰᠡᠯ ᠮᠥᠷᠥᠭᠡᠳᠦᠯ ᠭᠡᠳᠡᠭ
ᠡᠪᠳᠡᠷᠡᠯ ᠦᠭᠡᠢ ᠣᠩᠭᠣᠴᠠ ᠶᠤᠮ

ᠲᠠᠩᠭᠢᠰ ᠳᠣᠭᠰᠢᠷᠠᠨ ᠦᠢᠮᠡᠵᠦ
ᠲᠡᠷᠡ ᠣᠩᠭᠣᠴᠠ ᠶ᠋ᠢ ᠭᠡᠮᠲᠦᠭᠡᠪᠡᠴᠦ
ᠰᠢᠨᠡᠬᠡᠨ ᠰᠢᠷᠤᠭ ᠮᠣᠳᠣ ᠶ᠋ᠢ
ᠰᠢᠢᠳᠪᠦᠷᠢ ᠵᠣᠷᠢᠭ ᠢ᠋ᠶ᠋ᠠᠷ ᠪᠤᠰᠬᠠᠳᠠᠭ ᠶᠤᠮ᠃

ᠥᠨᠥᠳᠥᠷ ᠲᠡᠭᠰᠢ ᠢᠷᠡᠬᠦ ᠪᠣᠯ ᠤᠤ ᠭᠡᠵᠦ
ᠥᠷᠯᠥᠭᠡ ᠨᠢ ᠵᠠᠮᠪᠠᠭ᠎ᠠ ᠰᠡᠳᠬᠢᠨ᠎ᠡ
ᠤᠷᠢᠳᠤ ᠶ᠋ᠢᠨ ᠶᠠᠪᠤᠳᠠᠯ ᠢ᠋ ᠪᠣᠳᠣᠬᠤ ᠡᠴᠡ
ᠤᠶᠠᠬᠠᠨ ᠵᠢᠷᠦᠬᠡᠨ ᠳ᠋ᠡᠭᠡᠨ ᠭᠡᠮᠰᠢᠨ᠎ᠡ᠃

ᠲᠡᠭᠡᠪᠡᠴᠦ ᠲᠡᠭᠦᠨ ᠦ᠌ ᠪᠣᠳᠣᠭᠰᠠᠨ ᠢ᠋ᠶ᠋ᠠᠷ
ᠲᠡᠭᠰᠢ ᠢᠷᠡᠬᠦ ᠦᠭᠡᠢ ᠯᠡ ᠪᠠᠢᠯ᠎ᠠ᠂
ᠲᠡᠭᠡᠬᠦ ᠲᠣᠰᠤᠮ ᠯᠠ ᠵᠠᠮᠪᠠᠭ᠎ᠠ
ᠤᠢᠳᠬᠠᠷ ᠰᠡᠮᠬᠡᠨ ᠲᠥᠷᠥᠭᠰᠡᠭᠡᠷ᠁

《ᠢᠷᠡᠬᠦ ᠦᠭᠡᠢ ᠠ᠋᠁ ᠲᠡᠷᠡ ᠢᠷᠡᠬᠦ ᠦᠭᠡᠢ
ᠡᠢᠮᠦ ᠬᠥᠮᠦᠨ ᠳ᠋ᠦ᠍ ᠬᠡᠨ ᠢᠷᠡᠬᠦ ᠪᠣᠢ》ᠭᠡᠵᠦ
ᠬᠠᠯᠠ ᠦᠵᠡᠭᠰᠡᠨ ᠵᠢᠷᠦᠬᠡ ᠨᠢ
ᠬᠠᠯᠠᠭᠤ ᠣᠷᠬᠢᠨ ᠰᠢᠮᠰᠢᠷᠡᠨ᠎ᠡ᠁

ᠦᠶᠡᠯᠵᠡᠭᠦᠷ ᠭᠣᠣᠯ ᠤ᠋ᠨ ᠵᠠᠬ᠎ᠠ ᠡᠴᠡ
ᠦᠳᠡᠰᠢ ᠶ᠋ᠢᠨ ᠰᠠᠢᠬᠠᠨ ᠳ᠋ᠤ᠌ ᠳᠠᠭᠤᠯᠠᠭᠰᠠᠨ
ᠦᠨᠡᠨ ᠳᠤᠷᠠᠯᠠᠯ ᠤ᠋ᠨ ᠳᠠᠭᠤᠤ ᠪᠣᠯ
ᠴᠠᠭ ᠦᠶ᠎ᠡ ᠶ᠋ᠢᠨ ᠳᠠᠭᠤᠯᠠᠯ ᠪᠠᠢᠭᠰᠠᠨ᠁

ᠴᠠᠭ᠂ ᠨᠠᠰᠤ ᠬᠣᠶᠠᠷ ᠢ᠋
ᠴᠠᠭᠳᠠᠵᠤ ᠵᠣᠭᠰᠣᠭᠠᠵᠤ ᠪᠣᠯᠳᠠᠭ ᠦᠭᠡᠢ᠂
ᠴᠠᠭᠠᠰᠢ ᠪᠠᠨ ᠥᠩᠭᠡᠷᠡᠭᠰᠡᠨ ᠮᠥᠴᠡ ᠶ᠋ᠢ
ᠡᠷᠭᠢᠭᠦᠯᠵᠦ ᠠᠪᠴᠢᠷᠠᠵᠤ ᠪᠣᠯᠳᠠᠭ ᠦᠭᠡᠢ᠃

ᠠᠮᠢᠳᠤᠷᠠᠯ ᠳ᠋ᠠᠭᠠᠨ ᠬᠥᠮᠦᠨ ᠲᠡᠭᠡᠵᠦ
ᠠᠩᠵᠠᠭᠠᠷᠠᠰᠢ ᠦᠭᠡᠢ ᠪᠠᠭ᠎ᠠ ᠶᠠᠭᠤᠮᠠᠨ ᠡᠴᠡ
ᠠᠢᠬᠤᠪᠲᠤᠷ ᠶᠡᠬᠡ ᠠᠯᠳᠠᠳᠠᠭ ᠪᠠᠢᠨ᠎ᠠ ᠭᠡᠵᠦ
ᠠᠩᠬᠢᠯ ᠵᠠᠮᠪᠠᠭ᠎ᠠ ᠰᠡᠳᠬᠢᠪᠡ᠁


ᠲᠡᠭᠡᠲᠡᠯ᠎ᠡ ᠨᠢᠭᠡ ᠣᠷᠣᠢ
ᠲᠡᠭᠰᠢ ᠣᠷᠣᠭᠠᠳ ᠢᠷᠡᠯ᠎ᠡ᠁
ᠲᠡᠪᠡᠳᠡᠭᠰᠡᠨ ᠳᠥᠷᠪᠡᠨ ᠨᠢᠳᠦ
ᠲᠡᠩᠬᠡᠭᠡ ᠮᠡᠳᠡᠨ ᠰᠢᠷᠲᠡᠯᠴᠡᠯ᠎ᠡ᠁

ᠡᠷᠢᠶᠡᠨ ᠬᠤᠯᠳᠠᠭᠠᠰᠤ ᠪᠦᠲᠡᠭᠡᠯᠭᠡ ᠲᠡᠢ
ᠡᠩ ᠦ᠋ᠨ ᠵᠢᠵᠢᠭ ᠰᠢᠷᠡᠭᠡᠨ ᠳ᠋ᠦ᠍
ᠴᠠᠢ᠂ ᠲᠠᠯᠬ᠎ᠠ ᠲᠠᠯᠪᠢᠵᠤ
ᠴᠠᠭᠠᠨ᠎ᠠ ᠨᠠᠭᠠᠨ᠎ᠠ ᠨᠢ ᠰᠠᠭᠤᠵᠠᠭᠠᠪᠠ᠃

ᠬᠥᠭᠵᠢᠮ ᠢ᠋ᠶ᠋ᠡᠨ ᠨᠢᠭᠡ ᠳᠤᠤᠭᠠᠷᠭᠠᠭᠠᠴᠢ ᠭᠡᠵᠦ
ᠵᠠᠮᠪᠠᠭ᠎ᠠ ᠡᠴᠡ ᠲᠡᠭᠰᠢ ᠬᠦᠰᠡᠯ᠎ᠡ
ᠬᠥᠭᠵᠢᠯᠲᠡᠢ ᠴᠢᠷᠠᠢ ᠭᠠᠷᠭᠠᠭᠠᠳ
| ᠵᠠ ᠭᠡᠯ᠎ᠡ ᠵᠠᠮᠪᠠᠭ᠎ᠠ᠂

ᠣᠢᠷ᠎ᠠ ᠳᠤ ᠪᠠᠨ ᠶᠡᠷᠦ ᠳ᠋ᠡᠭᠡᠨ ᠳᠤᠤᠭᠠᠷᠭᠠᠯ ᠦᠭᠡᠢ
ᠣᠷᠣ ᠶ᠋ᠢᠨ ᠬᠥᠨᠳᠡᠢ ᠳ᠋ᠦ᠍ ᠬᠡᠪᠲᠡᠭᠰᠡᠨ
ᠡᠷᠢᠶᠡᠨ ᠴᠢᠮᠡᠭ ᠲᠡᠢ ᠬᠤᠭᠤᠷ ᠢ᠋ ᠨᠢ
ᠡᠵᠢ ᠨᠢ ᠠᠪᠤᠭᠠᠳ ᠥᠭᠭᠦᠯ᠎ᠡ᠁

ᠬᠠᠭᠤᠴᠢᠨ ᠰᠠᠢᠬᠠᠨ ᠲᠠᠨᠢᠯ ᠰᠢᠭ᠋
ᠬᠤᠭᠤᠷ ᠶ᠋ᠢᠠᠨ ᠵᠠᠮᠪᠠᠭ᠎ᠠ ᠢᠯᠪᠢᠪᠡ 
ᠣᠭᠣᠰᠣᠷ ᠢ ᠨᠢ ᠮᠥᠷᠥᠨ ᠳᠡᠬᠡᠨ ᠤᠭᠯᠠᠵᠤ  
ᠣᠴᠢᠲᠠᠢ ᠨᠢᠳᠦ ᠨᠢ ᠭᠢᠯᠠᠯᠵᠠᠪᠠ᠁ 

ᠨᠠᠷᠢᠨ ᠴᠠᠭᠠᠨ ᠬᠤᠷᠤᠭᠤ ᠨᠤᠭᠤᠳ ᠨᠢ 
ᠪᠠᠶ᠋ᠢᠷᠢ ᠪᠠᠨ ᠡᠵᠡᠯᠡᠨ ᠵᠡᠭᠡᠵᠦ
ᠨᠠᠢᠷᠠᠭ ᠬᠥᠭ ᠢ ᠨᠢ ᠰᠢᠯᠭᠠᠵᠤ
ᠪᠠᠭ᠎ᠠ ᠵᠡᠷᠭᠡ ᠳᠤᠤᠭᠠᠷᠭᠠᠭᠠᠳ

ᠰᠡᠭᠦᠯ ᠦᠨ ᠬᠡᠳᠦᠨ ᠬᠣᠨᠣᠭ ᠤᠨ
ᠰᠦᠷᠡᠬᠡᠢ ᠶᠠᠪᠤᠳᠠᠯ ᠤᠳ ᠮᠠᠷᠲᠠᠭᠳᠠᠵᠤ 
ᠰᠦᠷᠯᠢᠭ ᠵᠠᠯᠠᠭᠤ ᠨᠠᠰᠤᠨ ‍ᠤ ᠬᠢᠨᠢ 
ᠰᠦᠯᠳᠡ ᠳᠠᠭᠤᠤ ᠨᠤᠭᠤᠳ ᠬᠠᠩᠭᠢᠨᠠᠯ᠎ᠠ᠁

ᠲᠡᠭᠦᠰᠬᠡᠯ

ᠬᠠᠶ᠋ᠢᠷᠠᠲᠤ ᠴᠢᠮ᠎ᠠ ᠳᠤ ᠮᠢᠨᠢ ᠬᠦᠷᠲᠡᠭᠡᠯ ᠪᠣᠯᠤᠭ 
ᠬᠠᠯᠠᠭᠤᠨ ᠵᠠᠯᠠᠭᠤᠰ  ᠲᠤ ᠰᠤᠷᠭᠠᠮᠵᠢ  ᠪᠣᠯᠣᠭ 
ᠭᠡᠵᠦ ᠡᠭᠦᠨ ᠊ᠢ ᠣᠷᠣᠯᠳᠤᠨ ᠪᠢᠴᠢᠯ᠎ᠡ᠂ 
ᠭᠡᠨᠡᠨ  ᠵᠠᠮᠪᠠᠭ᠎ᠠ ᠶ᠋ᠢ ᠰᠠᠨᠠᠵᠤ ᠶᠠᠪᠤᠭᠠᠷᠠᠢ! 

ᠶᠠᠭ ᠡᠶ᠋ᠢᠮᠦᠷᠬᠦ ᠤᠴᠠᠷᠠᠯ
ᠶᠠᠪ ᠴᠠᠪ ᠲᠣᠬᠢᠶᠠᠯᠳᠤᠬᠤ ᠦᠭᠡᠢ ᠴᠦ᠍ 
ᠢᠨᠠᠭ ‍ᠤᠨ ᠬᠣᠷᠸ᠎ᠠ ᠪᠠᠶᠠᠨ ᠲᠤᠯᠠ 
ᠶᠠᠭᠠᠬᠢᠵᠤ ᠮᠡᠳᠡᠬᠦ ᠪᠣᠢ ᠨᠥᠬᠥᠳ ᠮᠢᠨᠢ!

ᠡᠭᠡᠯ ᠬᠥᠮᠦᠨ ᠦ᠌ ᠵᠢᠷᠭᠠᠯ ᠢ᠋
ᠡᠯᠢᠭᠡ ᠵᠢᠷᠦᠬᠡᠨ ᠦ᠌ ᠵᠣᠪᠠᠯᠠᠩ ᠢ᠋
ᠡᠬᠢᠨ ᠡᠴᠡ ᠨᠢ ᠠᠪᠤᠭᠠᠳ ᠬᠤᠪᠢᠶᠠᠯᠴᠠᠭᠰᠠᠨ
ᠡᠷᠬᠢᠮ ᠤᠩᠰᠢᠭᠴᠢ ᠮᠢᠨᠢ ᠪᠠᠶᠠᠷᠲᠠᠢ!

ᠵᠠᠯᠠᠭᠤ ᠨᠠᠰᠤᠨ ᠤ᠋ ᠲᠤᠬᠠᠢ
ᠬᠥᠭᠵᠢᠮ ᠦ᠋ᠨ ᠵᠣᠬᠢᠶᠠᠯ ᠢ᠋ᠶ᠋ᠠᠨ ᠳᠠᠭᠤᠰᠬᠤ ᠳ᠋ᠤᠨᠢ
ᠵᠠᠮᠪᠠᠭ᠎ᠠ ᠬᠡᠨ ᠬᠣᠶᠠᠷ ᠤ᠋ᠨ ᠢ᠋ᠶ᠋ᠠᠨ
ᠬᠤᠷᠢᠮ ᠳᠡᠭᠡᠷ᠎ᠡ ᠨᠢ ᠠᠭᠤᠯᠵᠠᠵᠠᠭᠠᠶ᠎ᠠ!

ᠬᠠᠷᠢᠨ ᠬᠡᠨ ᠲᠡᠢ ᠭᠡᠷᠯᠡᠬᠦ ᠶ᠋ᠢ ᠨᠢ
ᠬᠠᠢᠷᠠᠲᠤ ᠤᠩᠰᠢᠭᠴᠢ ᠮᠢᠨᠢ ᠳᠠᠭ᠎ᠠ ᠯᠠ ᠳᠠ
ᠳᠠᠭᠠᠭᠰᠠᠨ ᠲᠡᠷᠡ ᠴᠢᠨᠢ ᠦᠨᠡᠨ ᠪᠠᠢᠨ᠎ᠠ
ᠲᠠ ᠪᠢᠳᠡᠨ ᠦ᠌ ᠪᠣᠳᠣᠯ ᠨᠢᠭᠡ ᠰᠢᠦ ᠳᠡ!

ᠬᠠᠲᠠᠭᠤ ᠰᠡᠳᠬᠢᠯᠲᠦ ᠵᠠᠮᠪᠠᠯ
ᠬᠠᠮᠢᠭ᠎ᠠ ᠴᠤ᠌ ᠶᠠᠪᠤᠵᠤ ᠮᠠᠭᠠᠳ ᠦᠭᠡᠢ᠂
ᠬᠠᠷᠠᠬᠠᠨ ᠨᠢᠳᠦ ᠲᠡᠢ ᠬᠡᠦᠬᠡᠨ ᠨᠦ᠍ᠭᠦᠳ ᠮᠢᠨᠢ
ᠬᠠᠷᠠᠭᠰᠠᠨ ᠳᠣᠣᠷ᠎ᠠ ᠪᠠᠨ ᠲᠠᠨᠢᠭᠠᠷᠠᠢ᠁

1960 ᠣᠨ

      ᠬᠣᠶᠠᠳᠠᠬᠢ ᠬᠡᠪᠯᠡᠯ ᠳ᠋ᠦ᠍ ᠪᠡᠯᠡᠳᠬᠡᠭᠰᠡᠨ ᠨᠢ ᠢᠷᠠᠭᠤ ᠨᠠᠢᠷᠠᠭᠴᠢ ᠪᠡᠭᠽᠠ ᠶ᠋ᠢᠨ
ᠲᠦᠪᠰᠢᠨᠵᠢᠷᠭᠠᠯ᠂ ᠷᠧᠳᠠᠺᠲ᠋ᠣᠷ ᠵ ·ᠪᠠᠲᠤᠳᠤᠯᠭ᠎ᠠ ᠪᠥᠭᠡᠳ ᠲᠤᠰ ᠨᠣᠮ ᠢ᠋1997 ᠣᠨ ᠳ᠋ᠤ᠌ ᠴᠤᠢᠪᠯᠰᠠᠩ
ᠬᠣᠲᠠ ᠡᠴᠡ ᠠᠪᠴᠤ᠂ 1998 ᠣᠨ ᠳ᠋ᠤ᠌ ᠤᠰᠤᠨ ᠪᠢᠷ ᠢ᠋ᠶ᠋ᠡᠷ ᠬᠠᠭᠤᠯᠤᠨ ᠪᠠᠭᠤᠯᠭᠠᠵᠠᠢ᠃ 2000 ᠣᠨ ᠳ᠋ᠤ᠌
ᠣᠶᠤᠲᠤ ᠰᠣᠹᠲ ᠢ᠋ᠶ᠋ᠠᠷ ᠺᠣᠮᠫᠢᠦ᠋ᠲ᠋ᠧᠷᠯᠠᠨ ᠥᠷᠥᠵᠦ᠂ ᠠᠩᠬᠠᠨ ᠤ᠋ ᠬᠠᠷᠭᠤᠭᠤᠯᠭ᠎ᠠ ᠬᠢᠵᠦ᠂ 2009 ᠣᠨ ᠤ᠋
12 ᠰᠠᠷ᠎ᠠ ᠶ᠋ᠢᠨ28 ᠤ᠋ ᠰᠥᠨᠢ ᠡᠴᠦᠰ ᠦ᠋ᠨ ᠬᠠᠷᠭᠤᠭᠤᠯᠭ᠎ᠠ ᠶ᠋ᠢ ᠬᠢᠵᠡᠢ᠃

ᠦᠰᠦᠭ ᠠᠮᠢᠯᠠᠭᠤᠯᠤᠭᠰᠠᠨ᠄ ᠭᠡᠷᠡᠯᠲᠦ ᠂ᠮᠥᠩᠭᠥᠨ᠂ᠠᠯᠲᠠᠨᠪᠠᠭᠠᠲᠤᠷ᠂ ᠰᠡᠴᠡᠨᠴᠢᠮᠡᠭ᠂ ᠭᠤᠸ᠎ᠠ᠂ ᠪᠣᠳᠢᠰᠥ᠋ᠷᠦᠩ᠂ ᠨᠠᠪᠴᠢ᠂ ᠨᠠᠰᠤᠨᠮᠥ᠋ᠩᠬᠡ᠂ᠳᠡᠯᠡᠬᠡᠢ᠂ᠲᠠᠯᠠᠢᠨᠵᠠᠶᠠᠭ᠎ᠠ᠂ᠨᠠᠷᠠᠨ᠂ᠴᠦᠨᠬᠤᠸᠠ᠂ᠰᠡᠴᠡᠨ᠂ᠨᠣᠨ᠎ᠠ᠂ᠳᠠᠯᠠᠨᠪᠠᠶᠠᠷ᠂ ᠤᠷᠠᠨᠪᠢᠯᠢᠭ᠌᠂
ᠰᠡᠴᠡᠨᠮᠠᠨᠳᠤᠯ᠎ᠠ᠂ ᠠᠳᠢᠶ᠎ᠠ᠂ ᠷᠦᠩ ᠰᠢ᠂ ᠵᠣᠭᠰᠣᠭᠠᠯ᠂ ᠠᠮᠤ᠂ᠡᠷᠳᠡᠨᠢᠴᠡᠴᠡᠭ᠂ᠲᠤᠶᠠᠭ᠎ᠠ᠂ ᠵᠢᠪᠵᠡᠨ᠂ ᠪᠠᠢ ᠰᠠᠷᠠᠨ᠎ᠠ᠂ ᠰᠣᠨᠢᠨᠪᠠᠶᠠᠷ᠂ᠤᠶᠤᠨᠭᠡᠷᠡᠯ᠂ ᠵᠠᠮᠤᠬ᠎ᠠ᠂ ᠴᠠᠭᠠᠨᠯᠢᠩᠬᠤ᠎ᠡ᠂ᠠᠯᠠᠭᠦᠢ ᠡᠩᠬᠡᠪᠠᠲᠤ᠂ ᠣᠶ᠋ᠢᠮᠠᠳ ᠊ᠤᠨ ᠠᠯᠢᠶᠠᠬᠥᠤ᠂ ᠰᠠᠷᠠᠨ᠎ᠠ᠂ ᠠᠯᠲᠠalata᠂ᠠᠯᠲᠠᠨᠴᠢᠮᠡᠭ᠂ᠲᠦᠮᠡᠨ

ᠺᠣᠮᠫᠢᠦ᠋ᠲ᠋ᠧᠷ ᠦ᠋ᠨ ᠬᠢᠨᠠᠭᠴᠢ᠄ ᠬᠠᠢ ᠵᠢᠶᠦ᠋ᠨ᠂ ᠠᠵᠠᠵᠠᠶᠠᠭ᠎ᠠ᠂ ᠰ᠂ ᠳᠣᠷᠣᠨ᠎ᠠ