ᠥᠪᠥᠷ ᠮᠣᠩᠭᠣᠯ ᠮᠢᠨᠢ - ᠴᠡᠴᠡᠭᠮ᠎ᠡ Uvertura ᠬᠠᠮᠲᠤᠯᠢᠭ Өвөр монгол минь-Цэцэгм-Uvertura хамтлагÖvör mongol mini
ᠥᠪᠥᠷ ᠮᠣᠩᠭᠣᠯ ᠮᠢᠨᠢ
ᠦᠭᠡ᠄ ᠭᠧ ᠮᠢᠩ᠂ ᠰ᠂ ᠡᠩᠬᠡᠪᠠᠶᠠᠷ
ᠠᠶ᠎ᠠ᠄ ᠰ· ᠡᠩᠬᠡᠪᠠᠶᠠᠷ
ᠳᠠᠭᠤᠴᠢᠨ᠄ ᠴᠡᠴᠡᠭᠮ᠎ᠡ uvertura ᠬᠠᠮᠲᠤᠯᠢᠭ
ᠣᠩᠭᠣᠨ ᠴᠡᠯᠡᠭᠡᠷ ᠲᠠᠯ᠎ᠠ ᠮᠢᠨᠢ
ᠣᠩᠭᠣᠳ ᠲᠡᠮᠡᠭᠡᠳ ᠲᠡᠨᠢᠢᠨ᠎ᠡ ᠳᠡ
ᠣᠷᠣᠢ ᠶ᠋ᠢᠨ ᠳᠡᠭᠡᠳᠦ ᠨᠠᠷᠠᠨ ᠮᠢᠨᠢ
ᠣᠷᠴᠢᠯᠠᠩ ᠢ᠋ ᠡᠭᠡᠭᠡᠭᠡᠳ ᠲᠡᠳᠬᠦᠨ᠎ᠡ ᠳᠡ
ᠬᠥᠪᠴᠢᠨ ᠴᠡᠩᠬᠡᠷ ᠠᠭᠤᠯᠠᠰ ᠮᠢᠨᠢ
ᠬᠥᠭᠯᠡᠢᠵᠦ ᠨᠡᠭᠦᠭᠡᠳ ᠬᠦᠪᠦᠷᠡᠨ᠎ᠡ ᠳᠡ
ᠬᠥᠨᠳᠡᠢ ᠳᠦᠭᠦᠷᠡᠩ ᠠᠰᠬᠠᠷᠠᠭᠰᠠᠨ
ᠪᠤᠶᠠᠨᠲᠤ ᠰᠦᠷᠦᠭ ᠨᠢ ᠨᠠᠯᠠᠢᠨ᠎ᠠ ᠳᠠ
ᠡᠨᠡ ᠪᠣᠯ ᠥᠪᠥᠷ ᠮᠣᠩᠭᠣᠯ
ᠡᠬᠡ ᠣᠷᠣᠨ ᠤ᠋ ᠮᠢᠨᠢ ᠬᠣᠢᠮᠣᠷ
ᠡᠨᠡ ᠪᠣᠯ ᠮᠢᠨᠦ ᠥᠪᠥᠷ ᠮᠣᠩᠭᠣᠯ
ᠡᠭᠡᠨᠡᠭᠲᠡ ᠮᠥᠩᠬᠡ ᠶ᠋ᠢᠨ ᠥᠯᠥᠭᠡᠢ ᠳᠡ
ᠠᠨᠢᠷ ᠴᠢᠩᠨᠠᠬᠤ ᠭᠣᠪᠢ ᠳ᠋ᠤ᠌ ᠮᠢᠨᠢ
ᠠᠯᠲᠠᠨ ᠲᠣᠣᠷᠠᠢ ᠳᠠᠭᠤᠯᠠᠨ᠎ᠠ ᠳᠠ
ᠠᠷᠢᠭᠤᠨ ᠲᠠᠩᠬᠢᠯ ᠨᠠᠭᠤᠷ ᠲᠠᠭᠠᠨ
ᠠᠶᠠᠨ ᠤ᠋ ᠰᠢᠪᠠᠭᠤᠳ ᠠᠮᠠᠷᠠᠨ᠎ᠠ ᠳᠠ
ᠵᠢᠷᠭᠠᠯ ᠵᠣᠪᠠᠯᠠᠩ ᠡᠭᠡᠯᠵᠢᠯᠡᠭᠰᠡᠨ
ᠬᠥᠮᠦᠨ ᠦ᠌ ᠬᠣᠷᠸ᠎ᠠ ᠠᠭᠤᠵᠢᠮ ᠳᠠ
ᠵᠠᠶᠠᠭ᠎ᠠ ᠨᠢ ᠥᠨᠳᠥᠷ ᠲᠦᠮᠡᠨ ᠦ᠌ ᠮᠢᠨᠢ
ᠬᠠᠢᠷ᠎ᠠ ᠶ᠋ᠢᠨ ᠲᠩᠷᠢ ᠣᠷᠣᠨ ᠳᠠ
ᠡᠨᠡ ᠪᠣᠯ ᠥᠪᠥᠷ ᠮᠣᠩᠭᠣᠯ
ᠡᠬᠡ ᠣᠷᠣᠨ ᠤ᠋ ᠮᠢᠨᠢ ᠬᠣᠢᠮᠣᠷ
ᠡᠨᠡ ᠪᠣᠯ ᠥᠪᠥᠷ ᠮᠣᠩᠭᠣᠯ
ᠡᠭᠡᠨᠡᠭᠲᠡ ᠮᠥᠩᠬᠡ ᠶ᠋ᠢᠨ ᠥᠯᠥᠭᠡᠢ ᠳᠡ
ᠡᠨᠡ ᠪᠣᠯ ᠥᠪᠥᠷ ᠮᠣᠩᠭᠣᠯ
ᠡᠬᠡ ᠣᠷᠣᠨ ᠤ᠋ ᠮᠢᠨᠢ ᠬᠣᠢᠮᠣᠷ
ᠡᠨᠡ ᠪᠣᠯ ᠥᠪᠥᠷ ᠮᠣᠩᠭᠣᠯ
ᠡᠭᠡᠨᠡᠭᠲᠡ ᠮᠥᠩᠬᠡ ᠶ᠋ᠢᠨ ᠥᠯᠥᠭᠡᠢ ᠳᠡ
ᠡᠨᠡ ᠪᠣᠯ ᠥᠪᠥᠷ ᠮᠣᠩᠭᠣᠯ
ᠡᠬᠡ ᠣᠷᠣᠨ ᠤ᠋ ᠮᠢᠨᠢ ᠬᠣᠢᠮᠣᠷ
ᠡᠨᠡ ᠪᠣᠯ ᠥᠪᠥᠷ ᠮᠣᠩᠭᠣᠯ ᠡᠭᠡᠨᠡᠭᠲᠡ
ᠮᠥᠩᠬᠡ ᠶ᠋ᠢᠨ ᠥᠯᠥᠭᠡᠢ ᠳᠡ᠂ ᠥᠯᠥᠭᠡᠢ ᠳᠡ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠬᠢᠨᠠᠭᠴᠢ᠄ ᠣᠳᠬᠠᠨᠰᠣ᠎ᠠ
