ᠰᠤᠪᠤᠷᠭ᠎ᠠ ᠰᠠᠢᠬᠠᠨ ᠭᠠᠵᠠᠷ -ᠬᠥᠬᠡ ᠬᠠᠳᠠᠭ ᠬᠠᠮᠲᠤᠯᠢᠭ᠋Суварга сайхан газар--Хөх хадаг Хамтлаг
ᠰᠤᠪᠤᠷᠭ᠎ᠠ ᠰᠠᠢᠬᠠᠨ ᠭᠠᠵᠠᠷ
ᠦᠭᠡ: ᠪᠥᠬᠡ
ᠠᠶ᠎ᠠ: ᠨᠣ᠂ ᠪᠠᠭᠠᠲᠤᠷ᠂ ᠥᠯᠵᠡᠢᠮᠦ᠋ᠷᠡᠨ
ᠳᠠᠭᠤᠴᠢᠨ: ᠬᠥᠬᠡ ᠬᠠᠳᠠᠭ ᠬᠠᠮᠲᠤᠯᠢᠭ
ᠡᠭᠦᠯᠡᠨ ᠳ᠋ᠦ᠍ ᠰᠢᠷᠭᠤᠭᠰᠠᠨ ᠰᠠᠢᠬᠠᠨ ᠬᠠᠨ ᠤ᠋
ᠤᠨᠢᠶᠠᠷ ᠲᠤᠨᠤᠷᠠᠭᠰᠠᠨ ᠴᠡᠩᠬᠡᠷ ᠬᠣᠷᠮᠣᠢ
ᠥᠩᠰᠢᠭ ᠳᠡᠨᠵᠢᠨ ᠳ᠋ᠡᠭᠡᠨ ᠠᠮᠢᠳᠤᠷᠠᠯ ᠨᠢᠷᠠᠢᠯᠠᠭᠰᠠᠨ
ᠡᠵᠢ ᠶ᠋ᠢᠨ ᠮᠢᠨᠢ ᠡᠵᠢ ᠡᠯᠢᠭᠡᠨ ᠨᠤᠲᠤᠭ ᠠ᠋
ᠤᠭᠤᠷᠠᠭ ᠢᠪᠢᠯᠦᠭᠰᠡᠨ ᠴᠠᠭᠠᠨᠮᠥ᠋ᠷᠡᠨ ᠦ᠌
ᠤᠬᠠᠭᠠᠨ ᠲᠥᠯᠵᠢᠭᠰᠡᠨ ᠤᠤᠭᠠᠨ ᠡᠬᠢ ᠠ᠋
ᠤᠷᠭ᠎ᠠ ᠲᠤᠯᠤᠭᠰᠠᠨ ᠮᠣᠷᠢᠲᠠᠢ ᠬᠥᠮᠦᠨ ᠦ᠌
ᠣᠮᠣᠭ ᠢ᠋ ᠬᠥᠭᠰᠡᠭᠡᠬᠦ ᠡᠵᠢ ᠶ᠋ᠢᠨ ᠪᠦᠸᠪᠡᠶ
ᠰᠤᠪᠤᠷᠭ᠎ᠠ ᠰᠠᠢᠬᠠᠨ ᠭᠠᠵᠠᠷ ᠠ᠋
ᠰᠣᠶᠣᠯᠲᠤ ᠪᠠᠭᠠᠷᠢᠨ ᠤ᠋ ᠴᠤᠤᠲᠤ ᠴᠤᠤᠲᠠᠢ ᠣᠷᠣᠨ ᠠ᠋
ᠰᠤᠪᠤᠷᠭ᠎ᠠ ᠰᠠᠢᠬᠠᠨ ᠰᠠᠢᠬᠠᠨ ᠭᠠᠵᠠᠷ ᠠ᠋
ᠣᠳᠣᠨ ᠦᠷᠡᠰ ᠦ᠋ᠨ ᠬᠠᠢᠷ᠎ᠠ ᠶ᠋ᠢᠨ ᠥᠯᠥᠭᠡᠢ
ᠰᠡᠬᠦᠢᠨ ᠰᠦᠨᠳᠡᠷᠯᠡᠭᠰᠡᠨ ᠴᠠᠭᠠᠨ ᠰᠤᠪᠤᠷᠭ᠎ᠠ ᠶ᠋ᠢᠨ
ᠰᠡᠯᠡᠭᠦᠬᠡᠨ ᠢᠨᠢᠶᠡᠭᠰᠡᠨ ᠡᠩᠬᠡ ᠳᠦᠷᠢ ᠠ᠋
ᠰᠡᠳᠬᠢᠯ ᠳ᠋ᠦ᠍ ᠥᠨᠳᠥᠷᠵᠢᠬᠦ ᠰᠠᠢᠬᠠᠨ ᠦᠢᠯᠡᠰ ᠦ᠋ᠨ
ᠰᠡᠪᠢᠯᠡᠵᠦ ᠢᠷᠡᠬᠦ ᠵᠥᠭᠡᠯᠡᠨ ᠤᠶᠠᠩᠭ᠎ᠠ ᠠ᠋
ᠰᠤᠪᠤᠷᠭ᠎ᠠ ᠰᠠᠢᠬᠠᠨ ᠭᠠᠵᠠᠷ ᠠ᠋
ᠰᠣᠶᠣᠯᠲᠤ ᠪᠠᠭᠠᠷᠢᠨ ᠤ᠋ ᠴᠤᠤᠲᠤ ᠴᠤᠤᠲᠠᠢ ᠣᠷᠣᠨ ᠠ᠋
ᠰᠤᠪᠤᠷᠭ᠎ᠠ ᠰᠠᠢᠬᠠᠨ ᠭᠠᠵᠠᠷ ᠠ᠋
ᠰᠣᠳᠣᠨ ᠦᠷᠡᠰ ᠦ᠋ᠨ ᠬᠠᠢᠷ᠎ᠠ ᠶ᠋ᠢᠨ ᠥᠯᠥᠭᠡᠢ
ᠰᠤᠪᠤᠷᠭ᠎ᠠ ᠰᠠᠢᠬᠠᠨ ᠭᠠᠵᠠᠷ ᠠ᠋
ᠰᠣᠶᠣᠯᠲᠤ ᠪᠠᠭᠠᠷᠢᠨ ᠤ᠋ ᠴᠤᠤᠲᠤ ᠴᠤᠤᠲᠠᠢ ᠣᠷᠣᠨ ᠠ᠋
ᠰᠤᠪᠤᠷᠭ᠎ᠠ ᠰᠠᠢᠬᠠᠨ ᠭᠠᠵᠠᠷ ᠠ᠋
ᠰᠣᠳᠣᠨ ᠦᠷᠡᠰ ᠦ᠋ᠨ ᠬᠠᠢᠷ᠎ᠠ ᠶ᠋ᠢᠨ ᠥᠯᠥᠭᠡᠢ
ᠰᠣᠳᠣᠨ ᠦᠷᠡᠰ ᠦ᠋ᠨ ᠬᠠᠢᠷ᠎ᠠ ᠶ᠋ᠢᠨ ᠥᠯᠥᠭᠡᠢ
ᠦᠰᠦᠭ ᠬᠠᠳᠠᠭᠴᠢ: ᠲ᠂ ᠨᠢᠩᠪᠦᠤ
ᠦᠰᠦᠭ ᠠᠮᠢᠯᠠᠭᠤᠯᠤᠭᠴᠢ: ᠲ᠂ ᠨᠢᠩᠪᠦᠤ᠂ ᠨᠤᠮᠤᠴᠢᠨ ᠪᠢᠯᠢᠭ
ᠬᠢᠨᠠᠭᠴᠢ: ᠨᠤᠮᠤᠴᠢᠨ ᠪᠢᠯᠢᠭ
