ᠮᠢᠨᠦ ᠰᠠᠢᠬᠠᠨ ᠨᠠᠢᠵᠠ ᠨᠤᠭᠤᠳ-ᠣ᠊ ∙ ᠭᠠᠩᠰᠤᠪᠤᠳ Миний сайхан найзууд-О.ГансувдGansuvd Minii saikhan naizuud
ᠮᠢᠨᠦ ᠰᠠᠢᠬᠠᠨ ᠨᠠᠢᠵᠠ ᠨᠤᠭᠤᠳ
ᠦᠭᠡ᠄ ᠰᠡᠴᠡᠨᠪᠠᠳᠤ
ᠠᠶ᠎ᠠ᠄ ᠰ᠂ ᠡᠩᠬᠡᠪᠠᠶᠠᠷ
— ᠣ᠂ ᠭᠠᠩᠰᠤᠪᠤᠳ ᠳᠠᠭᠤᠯᠠᠨ᠎ᠠ
ᠰᠠᠨᠠᠭ᠎ᠠ ᠨᠡᠢᠯᠡᠭᠰᠡᠨ ᠦᠢᠯᠡᠰ ᠲᠡᠭᠡᠨ
ᠰᠡᠳᠬᠢᠯ ᠨᠢᠭᠡᠲᠡᠢ ᠨᠠᠢᠵᠠ ᠠ᠋
ᠰᠠᠷ᠎ᠠ ᠲᠠᠢ ᠨᠠᠷᠠ ᠲᠠᠢ ᠬᠣᠷᠸ᠎ᠠ ᠳ᠋ᠠᠭᠠᠨ
ᠢᠲᠡᠭᠡᠯ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠮᠥᠩᠬᠡ ᠲᠩᠷᠢ ᠢᠪᠡᠭᠡᠭᠡᠷᠡᠢ
ᠠᠯᠤᠰ ᠤ᠋ᠨ ᠠᠶᠠᠨ ᠤ᠋ ᠤᠷᠲᠤ ᠳ᠋ᠤ᠌
ᠠᠯᠬᠤᠭ᠎ᠠ ᠨᠢᠭᠡᠲᠡᠢ ᠨᠠᠢᠵᠠ ᠠ᠋
ᠠᠯᠳᠠᠵᠤ ᠤᠨᠤᠭᠰᠠᠨ ᠠᠮᠢᠳᠤᠷᠠᠯ ᠳ᠋ᠠᠭᠠᠨ
ᠠᠮᠢᠰᠬᠤᠭ᠎ᠠ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠮᠥᠩᠬᠡ ᠲᠩᠷᠢ ᠢᠪᠡᠭᠡᠭᠡᠷᠡᠢ
ᠵᠢᠷᠭᠠᠯ ᠵᠣᠪᠠᠯᠠᠩ ᠢ᠋ ᠲᠤᠭᠤᠯᠬᠤ ᠳ᠋ᠤ᠌
ᠵᠠᠶᠠᠭ᠎ᠠ ᠨᠢᠭᠡᠲᠡᠢ ᠨᠠᠢᠵᠠ ᠠ᠋
ᠵᠥᠪ ᠪᠤᠷᠤᠭᠤ ᠲᠠᠢ ᠣᠷᠴᠢᠯᠠᠩ ᠳ᠋ᠠᠭᠠᠨ
ᠵᠢᠷᠦᠬᠡ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠮᠥᠩᠬᠡ ᠲᠩᠷᠢ ᠢᠪᠡᠭᠡᠭᠡᠷᠡᠢ
ᠠᠨᠳᠠ ᠶ᠋ᠢᠨ ᠵᠢᠷᠤᠮ ᠢ᠋ ᠠᠷᠢᠭᠤᠯᠤᠭᠰᠠᠨ
ᠠᠨᠳᠠᠭᠠᠢ ᠨᠢᠭᠡᠲᠡᠢ ᠨᠠᠢᠵᠠ ᠠ᠋
ᠠᠰᠤᠷᠢ ᠲᠡᠭᠷᠢ ᠶ᠋ᠢᠨ ᠠᠭᠤᠳᠠᠮ ᠳ᠋ᠤ᠌
ᠠᠮᠢ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠮᠥᠩᠬᠡ ᠲᠩᠷᠢ ᠢᠪᠡᠭᠡᠭᠡᠷᠡᠢ
ᠮᠢᠨᠦ ᠰᠠᠢᠬᠠᠨ ᠨᠠᠢᠵᠠ ᠨᠤᠭᠤᠳ ᠢ᠋
ᠮᠥᠩᠬᠡ ᠲᠩᠷᠢ ᠢᠪᠡᠭᠡᠭᠡᠷᠡᠢ
ᠦᠰᠦᠭ ᠠᠮᠢᠯᠠᠭᠤᠯᠤᠭᠴᠢ᠄ ᠨᠠᠨᠵᠢᠮᠡ
ᠦᠰᠦᠭ ᠬᠠᠳᠠᠭᠴᠢ᠄ ᠨᠠᠷᠠᠨᠮᠠᠨᠳᠠ
ᠬᠢᠨᠠᠭᠴᠢ᠄ ᠮᠣᠩᠭᠣᠯ ᠰᠦᠨᠡᠰᠦ
