ᠮᠣᠩᠭᠣᠯ ᠡᠮ ᠡᠮᠨᠡᠯᠭᠡ – (ᠳᠥᠷᠪᠡ) Монгол эм эмнэлэг (4)
ᠮᠣᠩᠭᠣᠯ ᠧᠦ᠋ᠷᠣᠫᠠ ᠡᠮᠨᠡᠯᠭᠡ ᠶ᠋ᠢ ᠤᠶᠠᠯᠳᠤᠭᠤᠯᠵᠤ ᠭᠦᠷᠡᠭᠡᠨ ᠰᠤᠳᠠᠯ ᠤ᠋ᠨ ᠲᠣᠯᠪᠣ ᠶ᠋ᠢ ᠡᠮᠴᠢᠯᠡᠭᠰᠡᠨ ᠣᠢᠯᠠᠭᠠᠯᠲᠠ
ᠪᠣᠷᠵᠢᠭᠢᠨ ᠡᠷᠳᠡᠨᠢᠴᠤᠭᠲᠣ
ᠬᠥᠬᠡᠬᠣᠲᠠ ᠶ᠋ᠢᠨ ᠮᠣᠩᠭᠣᠯ ᠬᠢᠲᠠᠳ ᠡᠮᠨᠡᠯᠭᠡ ᠶ᠋ᠢᠨ ᠬᠣᠷᠢᠶ᠎ᠠ ( 010010)
[ ᠵᠠᠩᠭᠢᠯᠠᠭ᠎ᠠ ᠶ᠋ᠢᠨ ᠦᠭᠡᠰ ] ᠭᠦᠷᠡᠭᠡᠨ ᠰᠤᠳᠠᠯ ᠤ᠋ᠨ ᠲᠣᠯᠪᠣ ; ᠡᠪᠡᠳᠴᠢᠨ ᠮᠣᠩᠭᠣᠯ ᠧᠦ᠋ᠷᠣᠫᠠ ᠡᠮᠨᠡᠯᠭᠡ ; ᠡᠮᠴᠢᠯᠡᠭᠡ ; ᠣᠢᠯᠠᠭᠠᠯᠲᠠ ᠭᠦᠷᠡᠭᠡᠨ ᠰᠤᠳᠠᠯ ᠤ᠋ᠨ ᠲᠣᠯᠪᠤ᠋ ᠪᠣᠯ ᠬᠦᠵᠦᠭᠦᠨ ᠦ᠌ ᠯᠤᠭᠰᠢᠭᠤᠨ ᠰᠤᠳᠠᠯ᠂ ᠬᠠᠲᠠᠭᠤᠷᠠᠯ ᠤ᠋ᠨ ᠦᠶ᠎ᠡ ᠳ᠋ᠦ᠍ ᠪᠣᠢ ᠪᠣᠯᠳᠠᠭ ᠪᠥᠭᠡᠳ ᠯᠤᠭᠰᠢᠭᠤᠨ ᠰᠤᠳᠠᠯ ᠤ᠋ᠨ ᠰᠠᠯᠪᠤᠷᠢᠯᠠᠭᠰᠠᠨ ᠬᠡᠰᠡᠭ ᠲᠦ᠍ ᠡᠭᠦᠰᠳᠡᠭ ᠠᠷᠬᠠᠭ ᠴᠢᠨᠠᠷᠲᠠᠢ ᠡᠪᠡᠳᠴᠢᠨ ᠶᠦᠮ᠃ ᠢᠯᠠᠩᠭᠤᠶ᠎ᠠ ᠥᠲᠡᠯᠦᠭᠰᠡᠳ ᠦ᠋ᠨ ᠴᠢᠰᠤᠨ ᠡᠷᠭᠢᠯᠲᠡ ᠤᠳᠠᠭᠠᠰᠢᠷᠠᠵᠤ᠂ ᠲᠠᠷᠢᠬᠢᠨ ᠳ᠋ᠤ᠌ ᠴᠢᠰᠤ ᠳᠤᠲᠠᠬᠤ ᠠ᠋ᠴᠠ ᠪᠣᠯᠳᠠᠭ ᠰᠠ ᠡᠪᠡᠳᠴᠢᠨ ᠲᠡᠢ ᠰᠢᠭᠤᠳ ᠬᠠᠷᠢᠴᠠᠭ᠎ᠠ ᠲᠠᠢ ᠪᠢᠯᠡ᠃ ᠮᠣᠩᠭᠣᠯ ᠠᠨᠠᠭᠠᠬᠤ ᠤᠬᠠᠭᠠᠨ ᠤ᠋ ᠦᠵᠡᠬᠦ ᠪᠡᠷ ᠬᠣᠳᠣᠭᠣᠳᠣᠨ ᠤ᠋ ᠭᠠᠯ ᠤ᠋ᠨ ᠢᠯᠴᠢ ᠳᠣᠷᠣᠢᠲᠠᠨ᠂ ᠲᠤᠩᠭᠠᠯᠠᠭ ᠴᠥᠪ ᠦ᠋ᠨ ᠢᠯᠭᠠᠷᠠᠯᠲᠠ ᠮᠠᠭᠤᠳᠠᠨ᠂ ᠰᠢᠷ᠎ᠠ ᠤᠰᠤ᠂ ᠪᠠᠳᠬᠠᠨ ᠰᠡᠯᠢᠰᠦ ᠨᠢ ᠰᠤᠳᠠᠯ ᠤ᠋ᠨ ᠬᠠᠨ᠎ᠠ ᠳ᠋ᠤ᠌ 《ᠬᠠᠭ ᠮᠡᠲᠦ ᠲᠣᠭᠲᠠᠵᠤ》 ᠰᠤᠳᠠᠯ ᠤ᠋ᠨ ᠬᠠᠨ᠎ᠠ ᠶ᠋ᠢ ᠨᠠᠷᠢᠰᠬᠠᠬᠤ᠂ ᠰᠤᠳᠠᠯ ᠤ᠋ᠨ ᠬᠠᠨ᠎ᠠ ᠶ᠋ᠢ ᠬᠠᠲᠠᠭᠤᠷᠠᠭᠤᠯᠬᠤ᠂ ᠴᠢᠨᠠᠭᠰᠢᠳᠠ ᠪᠦᠷᠢᠨ ᠪᠤᠰᠤ ᠪᠥᠭᠯᠡᠷᠡᠯ ᠡᠭᠦᠰᠬᠡᠵᠦ᠂ ᠴᠢᠰᠤᠨ ᠡᠷᠭᠢᠯᠲᠡ ᠶ᠋ᠢ ᠤᠳᠠᠭᠠᠰᠢᠷᠠᠭᠤᠯᠬᠤ ᠪᠤᠶᠤ ᠲᠠᠷᠢᠬᠢᠨ ᠤ᠋ ᠴᠢᠰᠤᠨ ᠡᠷᠭᠢᠯᠲᠡ ᠪᠠ ᠴᠢᠰᠤᠨ ᠬᠠᠩᠭᠠᠯᠲᠠ ᠶ᠋ᠢ ᠳᠤᠲᠠᠭᠳᠠᠭᠤᠯᠳᠠᠭ ᠣᠨᠴᠠᠯᠢᠭ ᠲᠠᠢ ᠡᠪᠡᠳᠴᠢᠨ ᠪᠣᠯᠤᠨ᠎ᠠ᠃
1 ᠨᠡᠢᠲᠡᠯᠢᠭ ᠵᠢᠱ᠌ᠢᠶ᠎ᠡ
ᠡᠪᠡᠳᠴᠢᠲᠡᠨ ᠪᠣ ** ᠂ ᠡᠷᠡᠭᠲᠡᠢ ᠂ 53 ᠨᠠᠰᠤᠲᠠᠢ ᠂ ᠡᠮᠨᠡᠯᠭᠡ ᠶ᠋ᠢᠨ ᠠᠵᠢᠯᠲᠠᠨ ᠃ 2016 ᠣᠨ ᠤ᠋ 3 ᠰᠠᠷ᠎ᠠ ᠶ᠋ᠢᠨ 26 ᠤ᠋ ᠡᠳᠦᠷ ᠲᠣᠯᠣᠭᠠᠢ ᠡᠷᠭᠢᠬᠦ᠂ ᠲᠣᠯᠣᠭᠠᠢ ᠡᠪᠡᠳᠬᠦ᠂ ᠠᠯᠬᠤᠬᠤ ᠳ᠋ᠤ᠌ ᠠᠷᠤ ᠠ᠋ᠴᠠ ᠴᠢᠩᠭᠠᠭᠠᠵᠤ ᠪᠠᠢᠭ᠎ᠠ ᠰᠢᠭ᠋ ᠰᠠᠨᠠᠭᠳᠠᠵᠤ ᠬᠣᠶᠠᠷ ᠡᠳᠦᠷ ᠪᠣᠯᠵᠤ ᠮᠠᠨ ᠤ᠋ ᠡᠭᠦᠳᠡᠨ ᠡᠮᠨᠡᠯᠭᠡ ᠳ᠋ᠦ᠍ ᠢᠷᠡᠪᠡ᠃ ᠰᠢᠨᠵᠢᠯᠡᠬᠦ ᠳ᠋ᠦ᠍᠄ ᠪᠡᠶ᠎ᠡ ᠪᠢᠯᠳᠠᠷ ᠮᠠᠷᠢᠶᠠᠯᠢᠭ᠂ ᠨᠢᠳᠦᠨ ᠵᠣᠪᠬᠢ ᠪᠠᠨ ᠡᠷᠭᠦᠵᠦ ᠳᠡᠢᠯᠬᠦ ᠦᠭᠡᠢ ᠮᠡᠲᠦ ᠴᠢᠷᠠᠢ ᠨᠢᠭᠤᠷ ᠲᠤ᠌ ᠶᠠᠳᠠᠷᠠᠯ ᠤ᠋ᠨ ᠰᠢᠨᠵᠢ ᠲᠡᠢ᠂ ᠬᠡᠪᠡᠯᠢ ᠶ᠋ᠢᠨ ᠬᠡᠰᠡᠭ᠂ ᠳᠥᠷᠪᠡᠨ ᠮᠥᠴᠢ ᠶ᠋ᠢ ᠬᠦᠷᠦᠯᠴᠡᠬᠦ ᠳ᠋ᠦ᠍ ᠬᠥᠨᠳᠡᠭᠦᠷ ᠦᠭᠡᠢ᠃ ᠰᠤᠳᠠᠯ᠄ ᠨᠠᠷᠢᠨ᠂ ᠰᠤᠯᠠ ᠯᠤᠭᠰᠢᠨ᠎ᠠ᠂ ᠬᠡᠯᠡ ᠴᠠᠢᠪᠤᠷ ᠨᠢᠮᠭᠡᠨ ᠥᠩᠭᠥᠷ ᠲᠡᠢ᠂ ᠰᠢᠭᠡᠰᠦ ᠴᠠᠢᠪᠤᠷ ᠲᠤᠩᠭᠠᠯᠠᠭ᠂ ᠦᠨᠦᠷ ᠶᠡᠬᠡᠲᠡᠢ ᠥᠳᠬᠡᠨ ᠮᠥᠷ ᠰᠢᠷ᠎ᠠ᠂ ᠰᠢᠩᠭᠡᠪᠲᠦᠷ ᠨᠢᠯᠴᠠᠭᠠᠢ᠃ ᠴᠢᠰᠤᠨ ᠳᠠᠷᠤᠯᠲᠠ ᠨᠢ 155/100mmHg; ᠲᠤᠰᠠᠯᠠᠬᠤ ᠪᠠᠢᠴᠠᠭᠠᠯᠲᠠ᠄ ᠰᠢᠭᠡᠰᠦᠨ ᠵᠤᠷᠰᠢᠯ ᠳ᠋ᠤ᠌ ᠬᠢᠲᠠᠳ ᠴᠢᠰᠤᠨ ᠤ᠋ ᠵᠤᠷᠰᠢᠯ ᠳ᠋ᠤ᠌ 潜血(+)草酸钙结晶(+),ᠴᠢᠰᠤᠨ ᠤ᠋ ᠥᠭᠡᠬᠦᠯᠢᠭ ᠡᠳ᠋ ᠦ᠋ᠨ ᠪᠠᠢᠴᠠᠭᠠᠯᠲᠠ 全血粘度切变率( 1/s)23.23mpa.s*全血粘度切变率( 5/s)10.062←(正常值8.01-9.95)。二氧化碳结合力 22.4→(正常值23 —30).血渗透压267.8→(正常值275「305)᠃ ᠬᠦᠵᠦᠭᠦᠨ ᠬᠡᠰᠡᠭ ᠦ᠋ᠨ B ᠬᠡᠳᠦ ᠳᠠᠭᠤᠨ ᠳᠣᠯᠭᠢᠶᠠᠨ ᠤ᠋ ᠵᠢᠷᠤᠭ ᠲᠤ ᠭᠦᠷᠡᠭᠡᠨ ᠰᠤᠳᠠᠯ ᠤ᠋ᠨ ᠬᠠᠨ᠎ᠠ ᠨᠢ ᠵᠤᠵᠠᠭᠠᠷᠠᠵᠤ᠂ ᠪᠠᠷᠠᠭᠤᠨ ᠲᠠᠯ᠎ᠠ ᠶ᠋ᠢᠨ ᠦᠵᠦᠭᠦᠷ ᠬᠡᠰᠡᠭ ᠦ᠋ᠨ ᠠᠷᠤ ᠬᠠᠨ᠎ᠠ ᠳ᠋ᠤᠨᠢ 4᠂1*1᠂ 61mm ᠬᠠᠪᠲᠠᠭᠠᠢ ᠲᠣᠯᠪᠣᠲᠤ ᠬᠡᠰᠡᠭ ᠲᠡᠢ 甘油三酯2.18mmol/L(正常值<1.7mmol/L ᠂ ᠪᠠᠷᠠᠭᠤᠨ ᠡᠭᠡᠮ ᠦ᠋ᠨ ᠶᠠᠰᠤᠨ ᠤ᠋ ᠳᠣᠣᠷᠠᠬᠢ ᠯᠤᠭᠰᠢᠭᠤᠨ ᠰᠤᠳᠠᠯ ᠤ᠋ᠨ ᠡᠬᠢᠯᠡᠭᠰᠡᠨ ᠬᠡᠰᠡᠭ ᠦ᠋ᠨ ᠠᠷᠤ ᠬᠠᠨ᠎ᠠ ᠳ᠋ᠤ᠌ 13᠂ 5mm 1 511 ᠬᠠᠪᠲᠠᠭᠠᠢ ᠲᠣᠯᠪᠣᠲᠤ ᠬᠡᠰᠡᠭ ᠲᠡᠢ ᠭᠡᠵᠦ ᠮᠡᠳᠡᠭᠦᠯᠪᠡ᠃ ᠥᠩᠭᠡᠷᠡᠭᠰᠡᠨ ᠳ᠋ᠦ᠍ ᠴᠢᠰᠤᠨ ᠳᠠᠷᠤᠯᠲᠠ ᠥᠨᠳᠥᠷ ᠡᠪᠡᠳᠴᠢᠨ ᠢ᠋ᠶ᠋ᠡᠷ ᠣᠨᠣᠰᠢᠯᠠᠵᠤ ᠬᠣᠷᠢᠨ ᠬᠡᠳᠦᠨ ᠵᠢᠯ ᠪᠣᠯᠵᠤ ᠦᠷᠭᠦᠯᠵᠢ ᠶ᠋ᠢᠨ ᠴᠢᠨᠠᠷᠲᠠᠢ ᠧᠦ᠋ᠷᠣᠫᠠ ᠡᠮ (ᠡᠮ ᠦ᠋ᠨ ᠨᠡᠷ᠎ᠡ ᠬᠡᠮᠵᠢᠶ᠎ᠡ ᠲᠣᠳᠣ ᠦᠭᠡᠢ) ᠤᠤᠭᠤᠵᠤ ᠴᠢᠰᠤᠨ ᠳᠠᠷᠤᠯᠲᠠ ᠨᠢ ᠲᠣᠭᠲᠠᠪᠤᠷᠢ ᠦᠭᠡᠢ᠃
2 ᠣᠨᠣᠰᠢᠯᠠᠯ
ᠡᠪᠡᠳᠴᠢᠨ ᠦ᠌ ᠲᠡᠦᠬᠡ ᠂ ᠰᠢᠨᠵᠢ ᠢᠯᠡᠷᠡᠯ ᠵᠢᠴᠢ ᠲᠤᠰᠠᠯᠠᠬᠤ ᠪᠠᠢᠴᠠᠭᠠᠯᠲᠠ ᠶ᠋ᠢ ᠳᠡᠮᠵᠢᠵᠦ ᠭᠦᠷᠡᠭᠡᠨ ᠰᠤᠳᠠᠯ ᠤ᠋ᠨ ᠲᠣᠯᠪᠣ ᠡᠪᠡᠳᠴᠢᠨ ᠢ᠋ᠶ᠋ᠡᠷ ᠣᠨᠣᠰᠢᠯᠠᠪᠠ᠃
3 ᠡᠮᠴᠢᠯᠡᠭᠡ
3.1 ᠵᠠᠰᠠᠬᠤ ᠵᠠᠷᠴᠢᠮ᠄ ᠭᠠᠯ ᠤ᠋ᠨ ᠢᠯᠴᠢ ᠶ᠋ᠢ ᠰᠡᠯᠪᠢᠵᠦ᠂ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠰᠠᠢᠵᠢᠷᠠᠭᠤᠯᠤᠨ᠂ ᠢᠯᠵᠠᠷᠠᠭᠰᠠᠨ ᠮᠠᠭᠤ ᠴᠢᠰᠤ ᠶ᠋ᠢ ᠠᠷᠢᠯᠭᠠᠬᠤ ᠪᠠᠷ ᠳᠠᠮᠵᠢᠨ ᠲᠣᠯᠪᠤ᠋ ᠶ᠋ᠢ ᠡᠪᠳᠡᠨ ᠡᠪᠡᠳᠴᠢᠨ ᠦ᠌ ᠪᠣᠳᠠᠲᠤ ᠪᠠᠢᠳᠠᠯ ᠲᠠᠢ ᠲᠣᠬᠢᠷᠠᠭᠤᠯᠤᠨ ᠡᠮᠴᠢᠯᠡᠭᠡ ᠬᠢᠨ᠎ᠡ᠃
3.2 ᠢᠳᠡᠭᠡᠨ ᠤᠮᠳᠠᠭᠠᠨ ᠪᠠ ᠶᠠᠪᠤᠳᠠᠯ ᠮᠥᠷ ᠦ᠋ᠨ ᠲᠠᠯ᠎ᠠ ᠪᠠᠷ ᠰᠢᠩᠭᠡᠭᠡᠬᠦ ᠳ᠋ᠦ᠍ ᠬᠢᠯᠪᠠᠷ ᠢᠳᠡᠭᠡᠨ ᠪᠠ ᠪᠤᠴᠠᠯᠤᠭᠰᠠᠨ ᠤᠰᠤ ᠶ᠋ᠢ ᠢᠯᠡᠭᠦᠦ ᠤᠤᠭᠤᠯᠭᠠᠨ᠂ ᠡᠳᠦᠷ ᠪᠦᠷᠢ ᠵᠣᠬᠢᠰᠲᠠᠢ ᠲᠠᠮᠢᠷ ᠤ᠋ᠨ ᠬᠥᠳᠡᠯᠭᠡᠭᠡᠨ ᠳ᠋ᠦ᠍ ᠣᠷᠣᠯᠴᠠᠭᠤᠯᠵᠤ᠂ ᠡᠳᠦᠷ ᠪᠦᠷᠢ ᠬᠥᠯᠥᠷᠡᠬᠦ ᠶ᠋ᠢᠨ ᠲᠡᠳᠦᠢ ᠠᠯᠬᠤᠯᠠᠭᠤᠯᠤᠨᠠ᠃
3.3 ᠡᠮ᠄ ᠥᠷᠯᠥᠭᠡ ᠬᠣᠭᠣᠯᠠᠨ ᠤ᠋ ᠳᠠᠷᠠᠭ᠎ᠠ ᠲᠤᠩᠭᠠᠯᠠᠭ — 5 ᠶ᠋ᠢ 13 ᠦᠷᠢᠯ ᠪᠤᠴᠠᠯᠤᠭᠰᠠᠨ ᠤᠰᠤ ᠪᠠᠷ ᠳᠠᠷᠤᠭᠤᠯᠤᠨ ᠤᠤᠭᠤᠯᠭᠠᠵᠤ ᠦᠳᠡ ᠪᠠ ᠣᠷᠣᠢ ᠳ᠋ᠤ᠌ ᠮᠢᠨᠦ ᠲᠤᠷᠰᠢᠯᠭᠠᠲᠤ ᠵᠣᠷ ᠴᠢᠴᠠᠷᠭᠠᠨ᠎ᠠ — 6 ᠶ᠋ᠢ 5 ᠭᠷᠠᠮ ᠢ᠋ ᠴᠢᠨᠠᠵᠤ ᠤᠤᠭᠤᠯᠭᠠᠪᠠ ᠃ ᠧᠦ᠋ᠷᠣᠫᠠ ᠡᠮ ᠰᠢᠨ ᠹᠠ ᠲᠠ ᠲᠢᠩ ᠢ᠋ 10mmg ᠶᠢ ᠣᠷᠣᠢ ᠶ᠋ᠢᠨ ᠬᠣᠭᠣᠯᠠᠨ ᠤ᠋ ᠳᠠᠷᠠᠭ᠎ᠠ ᠤᠤᠭᠤᠯᠭᠠᠵᠠᠢ ᠃
3.4 ᠵᠠᠰᠠᠯ᠄ 14 ᠡᠳᠦᠷ ᠢ᠋ᠶ᠋ᠡᠷ ᠦᠶᠡᠯᠡᠯ ᠪᠣᠯᠭᠠᠵᠤ᠂ ᠬᠡᠯᠡᠨ ᠦ᠌ ᠳᠣᠣᠷᠠᠬᠢ ᠰᠤᠳᠠᠯ ᠤ᠋ᠨ ᠪᠠᠯᠴᠢᠷ ᠬᠢᠭᠡᠳ ᠳ᠋ᠠᠭᠽᠠ ( 斑块 ) ᠪᠠᠯᠴᠢᠷ ᠢ᠋ ᠡᠪᠡᠳᠴᠢᠨ ᠦ᠌ ᠠᠭᠤᠷ ᠢ᠋ ᠭᠠᠷᠭᠠᠬᠤ ᠲᠡᠳᠦᠢ ᠡᠭᠡᠯᠵᠢᠯᠡᠨ ᠬᠠᠨᠠᠵᠤ ᠵᠠᠰᠠᠪᠠ᠃
4 ᠦᠷ᠎ᠡ ᠳ᠋ᠦᠩ
ᠲᠤᠰ ᠡᠪᠡᠳᠴᠢᠲᠡᠨ ᠢ᠋ ᠨᠡᠢᠲᠡ 4 ᠰᠠᠷ᠎ᠠ ᠭᠠᠷᠤᠢ ᠡᠮᠴᠢᠯᠡᠪᠡ᠃ ᠲᠦᠷᠦᠭᠦᠦ ᠡᠳᠦᠷ ᠲᠦ᠍ ᠬᠡᠯᠡ ᠳᠣᠣᠷᠠᠬᠢ ᠰᠤᠳᠠᠯ ᠤ᠋ᠨ ᠪᠠᠯᠴᠢᠷ ᠢ᠋ ᠬᠠᠨᠠᠵᠤ ᠵᠠᠰᠠᠯ ᠬᠢᠭᠰᠡᠨ ᠳᠠᠷᠤᠢ ᠳ᠋ᠤᠨᠢ ᠲᠣᠯᠣᠭᠠᠢ ᠡᠷᠭᠢᠬᠦ᠂ ᠲᠣᠯᠣᠭᠠᠢ ᠡᠪᠡᠳᠬᠦ ᠨᠢ ᠨᠠᠮᠵᠢᠪᠠ᠃ ᠡᠮᠴᠢᠯᠡᠭᠡᠨ ᠦ᠌ ᠶᠠᠪᠤᠴᠠ ᠳ᠋ᠤ᠌ ᠡᠪᠡᠳᠴᠢᠨ ᠨᠢ ᠤᠯᠠᠮ ᠠ᠋ᠴᠠ ᠤᠯᠠᠮ ᠰᠠᠢᠵᠢᠷᠠᠯᠲᠠ ᠲᠠᠢ ᠪᠣᠯᠵᠤ᠂ 2016 ᠣᠨ ᠤ᠋ 8 ᠰᠠᠷ᠎ᠠ ᠶ᠋ᠢᠨ 17 ᠳ᠋ᠤ᠌ ᠬᠠᠷᠢᠶᠠᠲᠤ ᠡᠮᠨᠡᠯᠭᠡ ᠶ᠋ᠢᠨ ᠬᠣᠷᠢᠶᠠᠨ ᠳ᠋ᠤ᠌ ᠳᠠᠬᠢᠨ ᠪᠠᠢᠴᠠᠭᠠᠯᠲᠠ ᠬᠢᠭᠰᠡᠨ ᠳ᠋ᠦ᠍᠄ ᠰᠢᠭᠡᠰᠦᠨ ᠦ᠌ ᠪᠠᠢᠴᠠᠭᠠᠯᠲᠠ ᠳ᠋ᠤ᠌ ( 枕骨脉 ) , ᠭᠦᠷᠡᠭᠡᠨ ᠰᠤᠳᠠᠯ ᠤ᠋ᠨ B ᠬᠡᠳᠦ ᠳᠠᠭᠤᠨ ᠳᠣᠯᠭᠢᠶᠠᠨ ᠤ᠋ ᠵᠢᠷᠤᠭ ᠲᠤ᠌ ᠭᠦᠷᠡᠭᠡᠨ ᠰᠤᠳᠠᠯ ᠤ᠋ᠨ ᠳᠣᠲᠣᠷ᠎ᠠ ᠬᠠᠨ᠎ᠠ ᠶ᠋ᠢᠨ ᠵᠤᠵᠠᠭᠠᠷᠠᠯ ᠨᠢ ᠮᠡᠳᠡᠭᠳᠡᠮ᠎ᠡ ᠪᠣᠯᠵᠤ᠂ ᠬᠠᠪᠲᠠᠭᠠᠢ ᠲᠣᠯᠪᠣᠲᠤ ᠬᠡᠰᠡᠭ ᠨᠢ ᠠᠷᠢᠯᠵᠤ᠂ ᠴᠢᠰᠤᠨ ᠡᠷᠭᠢᠯᠲᠡ ᠡᠷᠡᠭᠦᠯ ᠪᠣᠯᠪᠠ᠃
5 ᠶᠠᠷᠢᠯᠴᠠᠭ᠎ᠠ
ᠲᠤᠰ ᠡᠪᠡᠳᠴᠢᠨ ᠢ᠋ ᠮᠣᠩᠭᠣᠯ ᠠᠨᠠᠭᠠᠬᠤ ᠤᠬᠠᠭᠠᠨ ᠤ᠋ 《ᠰᠤᠳᠠᠯ ᠤ᠋ᠨ ᠲᠣᠯᠪᠣ ᠡᠪᠡᠳᠴᠢᠨ》 ᠦ᠌ ᠬᠦᠷᠢᠶ᠎ᠡ ᠬᠡᠪᠴᠢᠶᠡᠨ ᠳ᠋ᠦ᠍ ᠪᠠᠭᠲᠠᠭᠠᠨ᠎ᠠ ᠭᠡᠵᠦ ᠦᠵᠡᠵᠦ ᠪᠣᠢ᠃ 《ᠠᠨᠠᠭᠠᠬᠤ ᠤᠬᠠᠭᠠᠨ ᠤ᠋ ᠳᠥᠷᠪᠡᠨ ᠦᠨᠳᠦᠰᠦ》 ᠳ᠋ᠦ᠍ ᠶᠡᠬᠡ ᠠᠷᠬᠠᠭ ᠲᠣᠯᠪᠣ ᠶ᠋ᠢᠨ ᠰᠢᠯᠲᠠᠭᠠᠨ ᠢ᠋ ᠥᠭᠦᠯᠡᠬᠦ ᠳ᠋ᠡᠭᠡᠨ᠄ ᠡᠰᠡ ᠰᠢᠩᠭᠡᠭᠰᠡᠨ᠂ ᠬᠡᠢ᠂ ᠰᠢᠷ᠎ᠠ᠂ ᠪᠠᠳᠬᠠᠨ᠂ ᠴᠢᠰᠤ᠂ ᠰᠢᠷ᠎ᠠ ᠤᠰᠤ᠂ ᠬᠣᠷᠣᠬᠠᠢ ᠵᠡᠷᠭᠡ ᠡᠴᠡ ᠰᠢᠯᠲᠠᠭᠠᠯᠠᠨ᠎ᠠ᠃ ᠨᠥᠬᠥᠴᠡᠯ ᠨᠢ ᠭᠡᠮᠲᠦᠭᠰᠡᠨ᠂ ᠬᠢᠮᠤᠷᠠᠭᠰᠠᠨ ᠠᠯᠢᠪᠠ ᠨᠥᠬᠥᠴᠡᠯ᠂ ᠮᠡᠰᠡ ᠲᠤᠰᠤᠭᠰᠠᠨ᠂ ᠨᠠᠷᠠᠢᠯᠠᠭᠰᠠᠨ᠂ ᠴᠢᠭᠢᠭ ᠨᠣᠢᠲᠠᠨ ᠠ᠋ᠴᠠ ᠡᠭᠦᠰᠦᠨ᠎ᠡ ᠭᠡᠵᠦ᠃ ᠢᠯᠭᠠᠯ ᠤ᠋ᠨ ᠲᠤᠬᠠᠢ᠄ ᠢᠳᠡᠭᠡᠨ ᠦ᠌ ᠠᠶᠤᠤᠯᠢᠬᠠᠢ᠂ ᠴᠢᠯᠠᠭᠤᠨ᠂ ᠬᠡᠢ ᠵᠠᠩᠭᠢᠷᠠᠭᠰᠠᠨ᠂ ᠴᠢᠰᠤᠨ᠂ ᠰᠥᠰᠥᠨ᠂ ᠰᠤᠳᠠᠯ᠂ ᠦᠰᠦᠨ᠂ ᠬᠣᠷᠣᠬᠠᠢ᠂ ᠤᠰᠤᠨ᠂ ᠦᠭᠡᠷᠢ ᠶ᠋ᠢᠨ ᠲᠣᠯᠪᠣ ᠵᠡᠷᠭᠡ ᠲᠤᠰ ᠲᠤᠰ ᠤ᠋ᠨ ᠲᠣᠯᠪᠣ 11 ᠵᠦᠢᠯ ᠭᠡᠵᠦ ᠢᠯᠭᠠᠪᠤᠷᠢᠯᠠᠪᠠ[1] ᠃ 《ᠠᠨᠠᠭᠠᠬᠤ ᠤᠬᠠᠭᠠᠨ ᠤ᠋ ᠨᠡᠪᠲᠡᠷᠬᠡᠢ ᠲᠣᠯᠢ》 ᠳ᠋ᠤ᠌ ᠰᠤᠳᠠᠯ ᠤ᠋ᠨ ᠲᠣᠯᠪᠣ ᠪᠣᠯ ᠲᠤᠩᠭᠠᠯᠠᠭ ᠡᠰᠡ ᠰᠢᠩᠭᠡᠭᠰᠡᠨ ᠮᠠᠭᠤ ᠴᠢᠰᠤ ᠳᠡᠯᠭᠡᠷᠡᠨ᠂ ᠣᠷᠣᠴᠠ᠂ ᠠᠭᠤᠰᠬᠢ᠂ ᠪᠥᠭᠡᠷ᠎ᠡ ᠬᠣᠲᠣᠷᠢᠩᠬᠠᠢ ᠭᠡᠳᠡᠰᠦ᠂ ᠬᠣᠳᠣᠭᠣᠳᠣᠨ ᠰᠤᠳᠠᠯ ᠢ᠋ᠶ᠋ᠠᠷ ᠳᠡᠮᠵᠢᠵᠦ᠂ ᠨᠢᠭᠡᠯᠡ ᠭᠠᠵᠠᠷ ᠲᠤ᠌ ᠬᠣᠶᠢᠯᠠᠷᠷᠠᠭᠰᠠᠨ ᠠ᠋ᠴᠠ ᠪᠦᠷᠢᠯᠳᠦᠨ᠎ᠡ᠂ ᠪᠠᠰᠠ ᠮᠡᠰᠡ ᠶ᠋ᠢᠨ ᠴᠢᠰᠤ ᠭᠡᠮᠲᠦᠭᠰᠡᠨ ᠡᠴᠡ ᠪᠣᠯᠳᠠᠭ ᠭᠡᠰᠡᠨ ᠪᠢᠯᠡ [2]᠃ ᠧᠦ᠋ᠷᠣᠫᠠ ᠡᠮᠨᠡᠯᠭᠡ ᠶ᠋ᠢᠨ ᠡᠪᠡᠳᠴᠢᠨ ᠡᠭᠦᠰᠬᠡᠬᠦ ᠰᠢᠯᠲᠠᠭᠠᠨ ᠨᠢ ① ᠴᠢᠰᠤᠨ ᠥᠭᠡᠬᠦᠵᠢᠯ ᠥᠨᠳᠥᠷ᠂ ᠴᠢᠰᠤᠨ ᠰᠢᠬᠢᠷ ᠥᠨᠳᠥᠷ᠂ ᠴᠢᠰᠤᠨ ᠳᠠᠷᠤᠯᠲᠠ ᠥᠨᠳᠥᠷ ② ᠵᠢᠷᠠᠨ ᠨᠠᠰᠤ ᠠ᠋ᠴᠠ ᠳᠡᠭᠡᠭᠰᠢ ③ᠡᠷᠡᠭᠲᠡᠢ ᠶ᠋ᠢᠨ ᠲᠠᠮᠠᠬᠢ ᠶ᠋ᠢᠨ ᠰᠢᠨᠤᠯ ᠮᠡᠲᠦᠰ ᠨᠢ ᠰᠤᠳᠠᠯ ᠤ᠋ᠨ ᠲᠣᠯᠪᠤ᠋ ᠡᠪᠡᠳᠴᠢᠨ ᠢ᠋ ᠡᠭᠦᠰᠬᠡᠬᠦ ᠲᠦᠭᠰᠢᠭᠦᠷᠢᠲᠦ ᠰᠢᠯᠲᠠᠭᠠᠨ ᠪᠣᠯᠤᠨ᠎ᠠ ᠭᠡᠪᠡ᠃ ᠡᠪᠡᠳᠴᠢᠨ ᠤᠳᠠᠭᠠᠰᠢᠷᠠᠪᠠᠯ ᠲᠣᠯᠪᠤ᠋ ᠨᠢ ᠲᠣᠮᠣᠷᠠᠵᠤ ᠪᠦᠳᠣᠷᠡᠬᠦ ᠳᠣᠳᠣᠮ ᠰᠤᠳᠠᠯ ᠤ᠋ᠨ ᠬᠠᠨ᠎ᠠ ᠨᠢ ᠵᠤᠵᠠᠭᠠᠷᠠᠵᠤ᠂ ᠰᠤᠳᠠᠯ ᠤ᠋ᠨ ᠬᠥᠨᠳᠡᠢ ᠨᠢ ᠨᠠᠷᠢᠰᠴᠤ᠂ ᠲᠠᠷᠢᠬᠢᠨ ᠤ᠋ ᠯᠤᠭᠰᠢᠭᠤᠨ ᠰᠤᠳᠠᠯ ᠤ᠋ᠨ ᠴᠢᠰᠤᠨ ᠬᠠᠩᠭᠠᠯᠲᠠ ᠪᠠᠭᠠᠰᠬᠤ᠂ ᠴᠢᠨᠠᠭᠰᠢᠳᠠ ᠲᠣᠯᠪᠣ ᠨᠢ ᠬᠣᠪᠬᠣᠷᠠᠨ ᠤᠨᠠᠵᠤ᠂ ᠲᠠᠷᠢᠬᠢᠨ ᠤ᠋ ᠯᠤᠭᠰᠢᠭᠤᠨ ᠰᠤᠳᠠᠯ ᠤ᠋ᠨ ᠲᠦᠭᠵᠢᠷᠡᠯ ᠡᠭᠦᠰᠬᠡᠳᠡᠭ᠃
ᠲᠤᠰ ᠡᠪᠡᠳᠴᠢᠲᠡᠨ ᠪᠣᠯ ᠪᠡᠶ᠎ᠡ ᠪᠢᠯᠳᠠᠷ ᠮᠠᠷᠢᠶᠠᠯᠢᠭ᠂ ᠪᠠᠳᠬᠠᠨ ᠬᠡᠢ ᠶ᠋ᠢᠨ ᠥᠪᠡᠷᠮᠢᠴᠠᠡ ᠴᠢᠨᠠᠷᠲᠠᠨ ᠪᠥᠭᠡᠳ ᠴᠢᠰᠤᠨ ᠳᠠᠷᠤᠯᠲᠠ ᠥᠨᠳᠥᠷ ᠡᠪᠡᠳᠴᠢᠨ ᠢ᠋ᠶ᠋ᠡᠷ ᠬᠣᠷᠢ ᠭᠠᠷᠤᠢ ᠵᠢᠯ ᠧᠦ᠋ᠷᠣᠫᠠ ᠡᠮ ᠤᠤᠭᠤᠭᠰᠠᠨ ᠵᠡᠷᠭᠡ ᠨᠢ ᠰᠤᠳᠠᠯ ᠤ᠋ᠨ ᠲᠣᠯᠪᠣ ᠳ᠋ᠤ᠌ ᠨᠡᠷᠪᠡᠭᠳᠡᠬᠦ ᠰᠢᠯᠲᠠᠭᠠᠨ ᠨᠥᠬᠥᠴᠡᠯ ᠢ᠋ ᠪᠦᠷᠢᠯᠳᠦᠭᠦᠯᠦᠭᠰᠡᠨ ᠶᠦ᠍ᠮ᠃ ᠲᠤᠩᠭᠠᠯᠠᠭ — 5 ᠶ᠋ᠢ ᠥᠷᠯᠥᠭᠡ ᠤᠤᠭᠤᠯᠭᠠᠭᠰᠠᠨ ᠳ᠋ᠤ᠌ ᠭᠠᠯ ᠤ᠋ᠨ ᠢᠯᠴᠢ ᠶ᠋ᠢ ᠰᠡᠯᠪᠢᠵᠦ᠂ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠠᠬᠢᠭᠤᠯᠪᠠ᠃ ᠮᠢᠨᠦ ᠲᠤᠷᠰᠢᠯᠭᠠᠲᠤ ᠵᠣᠷ ᠤ᠋ᠨ ᠳᠣᠲᠣᠷᠠᠬᠢ ᠴᠠᠭᠠᠨ ᠭᠠ᠄ ᠢᠯᠴᠢ ᠶ᠋ᠢ ᠰᠡᠯᠪᠢᠵᠦ᠂ ᠴᠢᠰᠤ ᠶ᠋ᠢ ᠰᠢᠩᠭᠡᠷᠡᠭᠦᠯᠬᠦ ᠴᠢᠳᠠᠯ ᠲᠠᠢ᠂ ᠤᠯᠠᠭᠠᠨ ᠦᠨᠳᠦᠰᠦ᠄ ᠴᠢᠰᠤᠨ ᠬᠠᠯᠠᠭᠤᠨ ᠢ᠋ ᠠᠷᠢᠯᠭᠠᠵᠤ᠂ ᠮᠠᠭᠤ ᠴᠢᠰᠤ ᠶ᠋ᠢ ᠬᠠᠲᠠᠭᠠᠬᠤ ᠴᠢᠳᠠᠯ ᠲᠠᠢ᠂ ᠴᠢᠴᠠᠷᠭᠠᠨ᠎ᠠ᠄ ᠴᠢᠰᠤ ᠶ᠋ᠢ ᠰᠢᠩᠭᠡᠷᠡᠭᠦᠯᠬᠦ᠂ ᠪᠠᠳᠬᠠᠨ ᠪᠣᠷᠣ ᠶ᠋ᠢ ᠳᠠᠷᠤᠬᠤ᠂ ᠲᠣᠯᠪᠣ ᠶ᠋ᠢ ᠡᠪᠳᠡᠬᠦ ᠴᠢᠳᠠᠯ ᠲᠠᠢ᠃ ᠡᠮ ᠦ᠋ᠨ ᠵᠦᠢ ᠶ᠋ᠢᠨ ᠲᠤᠷᠰᠢᠯᠲᠠ ᠶ᠋ᠢ ᠦᠨᠳᠦᠰᠦᠯᠡᠪᠡᠯ᠄ ᠤᠯᠠᠭᠠᠨ ᠦᠨᠳᠦᠰᠦ ᠪᠣᠯ ᠰᠤᠳᠠᠯ ᠥᠭᠡᠬᠦᠵᠢᠨ ᠬᠠᠲᠠᠭᠤᠷᠠᠬᠤ ᠶ᠋ᠢ ᠡᠰᠡᠷᠭᠦᠴᠡᠬᠦ᠂ ᠴᠢᠰᠤ ᠡᠭᠡᠳᠡᠬᠦ ᠪᠣᠯᠤᠨ ᠴᠢᠰᠤᠨ ᠲᠦᠭᠵᠢᠶ᠎ᠡ ᠪᠦᠷᠢᠯᠳᠦᠬᠦ ᠶ᠋ᠢ ᠡᠰᠡᠷᠭᠦᠴᠡᠬᠦ᠂ ᠴᠢᠰᠤᠨ ᠤ᠋ ᠤᠷᠤᠰᠤᠮᠵᠢ ᠶ᠋ᠢᠨ ᠬᠡᠮᠵᠢᠶ᠎ᠡ ᠶ᠋ᠢ ᠨᠡᠮᠡᠭᠳᠡᠭᠦᠯᠦᠨ ᠴᠢᠰᠤ ᠳᠤᠲᠠᠭᠳᠠᠭᠰᠠᠨ ᠢ᠋ ᠰᠠᠢᠵᠢᠷᠠᠭᠤᠯᠬᠤ᠂ ᠴᠢᠰᠤᠨ ᠳᠠᠷᠤᠯᠲᠠ ᠶ᠋ᠢ ᠪᠠᠭᠤᠷᠠᠭᠤᠯᠬᠤ ᠵᠡᠷᠭᠡ ᠦᠢᠯᠡᠳᠦᠯ ᠲᠡᠢ᠃ ᠴᠢᠴᠠᠷᠭᠠᠨ᠎ᠠ ᠪᠣᠯ ᠴᠢᠰᠤ ᠪᠦᠲᠦᠭᠡᠬᠦ ᠠᠵᠢᠯᠯᠠᠭ᠎ᠠ ᠶ᠋ᠢ ᠳᠡᠭᠡᠭᠰᠢᠯᠡᠭᠦᠯᠬᠦ᠂ ᠴᠢᠴᠠᠷᠭᠠᠨ᠎ᠠ ᠶ᠋ᠢᠨ ᠲᠣᠰᠣ ᠪᠣᠯ ᠰᠢᠷᠬᠡᠭᠲᠦ ᠤᠭᠤᠷᠠᠭ ᠤ᠋ᠨ ᠡᠬᠢ ᠶ᠋ᠢ ᠪᠠᠭᠤᠷᠠᠭᠤᠯᠬᠤ᠂ ᠴᠢᠰᠤ ᠪᠦᠯᠦᠩᠨᠡᠬᠦ ᠶ᠋ᠢ ᠰᠡᠷᠭᠡᠢᠯᠡᠬᠦ ᠦᠢᠯᠡᠳᠦᠯ ᠲᠡᠢ᠃ ᠡᠢᠮᠦ ᠡᠴᠡ ᠲᠤᠷᠰᠢᠯᠭᠠᠲᠤ ᠵᠣᠷ ᠴᠢᠴᠠᠷᠭᠠᠨ᠎ᠠ — 6 ᠶ᠋ᠢ ᠬᠡᠷᠡᠭᠯᠡᠭᠰᠡᠨ ᠨᠢ ᠲᠤᠰ ᠡᠪᠡᠳᠴᠢᠨ ᠢ᠋ ᠠᠨᠠᠭᠠᠬᠤ ᠳ᠋ᠤ᠌ ᠨᠡᠯᠢᠶᠡᠳ ᠰᠠᠢᠨ ᠦᠢᠯᠡᠳᠦᠯ ᠲᠡᠢ ᠭᠡᠵᠦ ᠦᠵᠡᠵᠦ ᠪᠠᠢᠨ᠎ᠠ᠃
ᠬᠡᠯᠡᠨ ᠦ᠌ ᠳᠣᠣᠷᠠᠬᠢ ᠰᠤᠳᠠᠯ ᠤ᠋ᠨ ᠪᠠᠯᠴᠢᠷ ᠪᠠ ᠳ᠋ᠠᠭᠽᠠ ᠳ᠋ᠠᠭᠷᠢᠯ ᠢ᠋ ᠬᠠᠨᠠᠬᠤ ᠨᠢ ᠡᠪᠡᠳᠴᠢᠨ ᠦ᠌ ᠤᠷᠬᠠᠭ ᠢ ᠦᠨᠳᠦᠰᠦ ᠡᠴᠡ ᠨᠢ ᠤᠳᠤᠷᠢᠳᠤᠨ ᠭᠠᠷᠭᠠᠬᠤ᠂ ᠢᠯᠵᠠᠷᠠᠭᠰᠠᠨ ᠴᠢᠰᠤ ᠶ᠋ᠢ ᠠᠷᠢᠯᠭᠠᠬᠤ᠂ ᠭᠠᠯ ᠤ᠋ᠨ ᠢᠯᠴᠢ ᠶ᠋ᠢ ᠵᠣᠬᠢᠴᠠᠭᠤᠯᠬᠤ᠂ ᠲᠣᠯᠪᠣ ᠶ᠋ᠢ ᠬᠠᠢᠯᠤᠭᠤᠯᠬᠤ᠃ ᠬᠡᠯᠡ ᠪᠣᠯ ᠵᠢᠷᠦᠬᠡᠨ ᠦ᠌ ᠴᠡᠴᠡᠭᠡᠢ ᠪᠣᠯᠬᠣᠷ᠂ ᠬᠡᠯᠡᠨ ᠦ᠌ ᠳᠣᠣᠷᠠᠬᠢ ᠰᠤᠳᠠᠯ ᠤ᠋ᠨ ᠪᠠᠯᠴᠢᠷ ᠤ᠋ᠨ ᠢᠯᠵᠠᠷᠠᠭᠰᠠᠨ ᠮᠠᠭᠤ ᠴᠢᠰᠤ ᠶ᠋ᠢ ᠭᠠᠷᠭᠠᠬᠤ ᠪᠠᠷ ᠳᠠᠮᠵᠢᠨ᠂ ᠵᠢᠷᠦᠬᠡᠨ ᠦ᠌ ᠠᠵᠢᠯᠯᠠᠭ᠎ᠠ ᠶ᠋ᠢ ᠰᠠᠢᠵᠢᠷᠠᠭᠤᠯᠬᠤ᠂ ᠴᠠᠭᠠᠨ ᠰᠤᠳᠠᠯ ᠤ᠋ᠨ ᠭᠦᠶᠦᠳᠡᠯ ᠢ᠋ᠶ᠋ᠡᠷ ᠳᠡᠮᠵᠢᠵᠦ ᠲᠠᠷᠢᠬᠢᠨ ᠰᠤᠳᠠᠯ ᠤ᠋ᠨ ᠠᠵᠢᠯᠯᠠᠭ᠎ᠠ ᠶ᠋ᠢ ᠰᠠᠢᠵᠢᠷᠠᠭᠤᠯᠬᠤ᠂ ᠳ᠋ᠠᠭᠽᠠ ᠳ᠋ᠠᠭᠷᠢᠯ ᠢ᠋ ᠬᠠᠨᠠᠬᠤ ᠨᠢ ᠭᠦᠷᠡᠭᠡᠨ ᠰᠤᠳᠠᠯ ᠤ᠋ᠨ ᠢᠯᠵᠠᠷᠠᠭᠰᠠᠨ ᠮᠠᠭᠤ ᠴᠢᠰᠤ ᠶ᠋ᠢ ᠰᠢᠭᠤᠳ ᠭᠠᠷᠭᠠᠬᠤ᠂ ᠲᠣᠯᠪᠣ ᠶ᠋ᠢ ᠬᠠᠢᠯᠤᠭᠤᠯᠬᠤ ᠵᠣᠷᠢᠯᠠᠭᠠ ᠳ᠋ᠤ᠌ ᠪᠠᠨ ᠬᠦᠷᠴᠦ ᠴᠢᠳᠠᠳᠠᠭ ᠶᠤᠮ᠃
ᠬᠢᠨᠠᠯᠲᠠ ᠪᠣᠯᠭᠠᠭᠰᠠᠨ ᠰᠤᠷᠪᠤᠯᠵᠢ ᠪᠢᠴᠢᠭ
[1] ᠥᠪᠥᠷ ᠮᠣᠩᠭᠣᠯ ᠤ᠋ᠨ ᠬᠢᠲᠠᠳ ᠮᠣᠩᠭᠣᠯ ᠡᠮᠨᠡᠯᠭᠡ ᠶ᠋ᠢ ᠰᠤᠳᠤᠯᠬᠤ ᠭᠠᠵᠠᠷ᠂ ᠠᠨᠠᠭᠠᠬᠤ ᠤᠬᠠᠭᠠᠨ ᠤ᠋ ᠳᠥᠷᠪᠡᠨ ᠦᠨᠳᠦᠰᠦ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ 1978᠂ 06
[2] ᠪᠠᠢ ᠴᠢᠩ ᠶᠦᠨ᠂ ᠳᠤᠮᠳᠠᠳᠤ ᠤᠯᠤᠰ ᠤ᠋ᠨ ᠠᠨᠠᠭᠠᠬᠤ ᠤᠬᠠᠭᠠᠨ ᠤ᠋ ᠨᠡᠪᠲᠡᠷᠬᠡᠢ ᠲᠣᠯᠢ— ᠮᠣᠩᠭᠣᠯ ᠠᠨᠠᠭᠠᠬᠤ ᠤᠬᠠᠭᠠᠨ᠂ [ M]ᠱᠠᠩᠬᠠᠢ ᠶ᠋ᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ 1993᠂ 02
ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ 2017 ᠣᠨ ᠤ᠋ 10 ᠳ᠋ᠤᠭᠠᠷ ᠬᠤᠭᠤᠴᠠᠭ᠎ᠠ
ᠦᠰᠦᠭ ᠠᠮᠢᠯᠠᠭᠤᠯᠤᠭᠴᠢ᠄ ᠭᠠᠸᠠ ᠦᠰᠦᠭ
ᠬᠢᠨᠠᠭᠴᠢ᠄ ᠲᠤᠭᠴᠢ ᠰᠠᠷᠠᠨ᠎ᠠ