ᠠᠭᠰᠤᠮ ᠲᠠᠯᠪᠢᠮᠠᠷ ᠬᠣᠷᠸ᠎ᠠ - ᠸᠠᠴᠢᠷᠪᠠᠲᠤ ᠶ᠋ᠢᠨ ᠳᠠᠰᠢᠪᠠᠯᠪᠠᠷ Агсам тавимаар хорвоо - Очирбатын Дашбалбар
ᠠᠭᠰᠤᠮ ᠲᠠᠯᠪᠢᠮᠠᠷ ᠬᠣᠷᠸ᠎ᠠ
ᠰᠡᠷᠭᠦᠯᠡᠩ ᠪᠣᠯᠵᠣᠮᠣᠷ ᠰᠢᠭ᠋ ᠡᠮᠡᠰᠡᠵᠦ᠂ ᠳᠤᠷ᠎ᠠ ᠵᠣᠷᠭ᠎ᠠ ᠪᠠᠷ ᠢ᠋ᠶ᠋ᠠᠨ ᠶᠠᠪᠤᠯ᠎ᠠ
ᠲᠡᠮᠡᠴᠡᠯᠳᠦᠵᠦ ᠶᠠᠪᠤᠭᠰᠠᠨ ᠬᠥᠮᠦᠰ ᠦ᠋ᠨ ᠳᠠᠩ ᠬᠠᠭᠠᠰ ᠨᠢ ᠠᠯᠠᠭ᠎ᠠ ᠳᠠ
ᠲᠡᠷᠰᠯᠡᠯᠳᠦᠵᠦ ᠦᠯᠡᠳᠡᠭᠰᠡᠨ ᠦ᠌ ᠭᠠᠪᠢᠶ᠎ᠠ᠂ ᠶᠢᠷᠲᠢᠨᠴᠦ ᠳ᠋ᠦ᠍ ᠰᠢᠨᠤᠬᠤ ᠠ᠋ᠴᠠ ᠬᠠᠭᠠᠴᠠᠯ᠎ᠠ
ᠤᠢᠳᠬᠠᠷ ᠭᠤᠨᠢᠭ ᠲᠠᠢ ᠬᠣᠷᠸ᠎ᠠ ᠳ᠋ᠤ᠌ ᠤᠷᠤᠭᠤᠳᠠᠵᠤ ᠳᠣᠷᠣᠢᠲᠠᠵᠤ ᠶᠠᠪᠤᠭᠰᠠᠨ ᠴᠤ᠌
ᠤᠭ ᠤ᠋ᠨ ᠬᠠᠲᠠᠭᠤ ᠲᠠᠪᠢᠯᠠᠩ ᠮᠢᠨᠢ ᠥᠭᠰᠥᠵᠦ ᠥᠭᠡᠳᠡᠯᠡᠵᠦ ᠦᠵᠡᠯ᠎ᠡ
ᠳᠡᠯᠡᠬᠡᠢ ᠶ᠋ᠢᠨ ᠪᠥᠮᠪᠥᠷᠴᠡᠭ ᠢ᠋ ᠢᠰᠬᠦᠯᠵᠦ ᠠᠭᠰᠤᠮ ᠲᠠᠯᠪᠢᠮᠠᠷ ᠰᠠᠨᠠᠭᠳᠠᠨ᠎ᠠ
ᠳᠡᠭᠡᠷ᠎ᠡ ᠨᠢ ᠪᠠᠢᠭ᠎ᠠ ᠠᠮᠢᠲᠠᠳ ᠤ᠋ᠨ ᠨᠢᠭᠡ ᠨᠢ ᠪᠢ ᠥᠪᠡᠷ ᠢ᠋ᠶ᠋ᠡᠨ ᠶᠦᠮ ᠰᠢᠦ ᠳᠡ᠃
