ᠬᠥᠯᠳᠡᠭᠦᠰᠦ-ᠣᠷᠢᠶᠠᠩᠬᠠᠨ ᠭᠦᠷᠵᠠᠪ Хөлдүүс-Урианхан·ГүржавKhöldüüs ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠳᠡᠭᠦᠰᠦ-ᠣᠷᠢᠶᠠᠩᠬᠠᠨ ᠭᠦᠷᠵᠠᠪ Хөлдүүс-Урианхан·ГүржавKhöldüüs

ᠬᠥᠯᠳᠡᠭᠦᠰᠦ-ᠣᠷᠢᠶᠠᠩᠬᠠᠨ ᠭᠦᠷᠵᠠᠪ Хөлдүүс-Урианхан·ГүржавKhöldüüs

2025-02-23

868

ᠬᠥᠯᠳᠡᠭᠦᠰᠦ

     — ᠬᠥᠯᠳᠡᠭᠦᠰᠦ ᠭᠡᠵᠦ ᠶᠠᠭᠤ ᠪᠣᠢ ᠭᠡᠵᠦ 
     ᠬᠥᠭᠡᠷᠦᠬᠦᠨ ᠬᠦᠦ ᠶ᠋ᠢᠨ ᠠᠰᠠᠭᠤᠯᠲᠠ ᠶ᠋ᠢᠨ ᠬᠠᠷᠢᠭᠤ 

            ᠣᠷᠢᠶᠠᠩᠬᠠᠨ ᠭᠦᠷᠵᠠᠪ 

ᠬᠥᠬᠡᠭᠡ ᠡᠪᠦᠯ ᠦ᠋ᠨ ᠲᠦᠷᠦᠳᠡᠰᠦ 
ᠬᠥᠯᠪᠦᠷᠢ ᠶ᠋ᠢᠨ ᠦᠬᠡᠷ ᠦ᠋ᠨ ᠢᠯᠭᠠᠳᠠᠰᠤ 
ᠬᠥᠳᠡᠭᠡ ᠠᠢᠯ ᠤ᠋ᠨ ᠵᠠᠷᠤᠳᠠᠰᠤ 
ᠬᠥᠭᠵᠢᠬᠦ ᠠᠮᠢᠳᠤᠷᠠᠯ ᠤ᠋ᠨ ᠵᠠᠯᠭᠠᠳᠠᠰᠤ 

ᠬᠠᠳᠠᠭᠠᠯᠠᠵᠤ ᠴᠤᠭᠯᠠᠭᠤᠯᠵᠤ ᠬᠤᠷᠢᠶᠠᠪᠠᠯ 
ᠬᠠᠪᠤᠲᠠᠢ ᠳᠣᠭᠢᠲᠤ ᠬᠡᠷᠡᠭᠯᠡᠭᠡ 
ᠬᠠᠲᠠᠵᠤ ᠦᠨᠡᠳᠡᠭᠡᠳ ( ᠡᠪᠡᠷᠡᠭᠡᠳ ) ᠢᠷᠡᠪᠡᠯ 
ᠬᠠᠯᠠᠭᠤᠨ ᠢᠯᠴᠢᠲᠦ ᠲᠦᠯᠡᠰᠢ 

ᠴᠠᠢ ᠬᠣᠭᠣᠯᠠ ᠪᠣᠯᠭᠣᠭᠠᠬᠤ ᠳ᠋ᠤ᠌
ᠴᠢᠨᠠᠷ ᠲᠡᠭᠦᠰ ᠰᠢᠲᠠᠭᠠᠯᠭ᠎ᠠ
ᠴᠠᠭᠠᠰᠢ ᠦᠷᠭᠦᠯᠵᠢᠯᠡᠭᠦᠯᠵᠦ ᠠᠰᠢᠭᠯᠠᠪᠠᠯ
ᠴᠢᠳᠠᠪᠬᠢ ᠪᠦᠷᠢᠨ ᠡᠨᠧᠷᠭᠢ

ᠮᠠᠯᠵᠢᠬᠤ ᠣᠷᠣᠨ ᠤ᠋ ᠡᠳ᠋ᠯᠡᠯ
ᠮᠠᠯ ᠤ᠋ᠨ ᠠᠰᠢᠭᠲᠤ ᠭᠠᠷᠤᠯᠲᠠ
ᠮᠠᠰᠢ ᠦᠨᠡᠲᠡᠢ ᠵᠦᠢᠯ
ᠮᠠᠷᠲᠠᠵᠤ ᠣᠷᠬᠢᠵᠤ ᠪᠣᠯᠣᠰᠢ ᠦᠭᠡᠢ ᠰᠣᠶᠣᠯ

            2025᠂2᠂22