ᠭᠠᠪᠢᠶ᠎ᠠ ᠪᠠᠭᠰᠢ ᠶ᠋ᠢᠨ ᠤᠷᠠᠨ ᠪᠢᠴᠢᠯᠭᠡГавиа багшийн уран бичлэгGavia bagshiin uran bichleg
ᠭᠠᠪᠢᠶ᠎ᠠ ᠪᠠᠭᠰᠢ ᠶ᠋ᠢᠨ ᠤᠷᠠᠨ ᠪᠢᠴᠢᠯᠭᠡ
ᠵᠠ᠂ ᠡᠨᠡ ᠪᠣᠯ ᠣᠳᠣ ᠮᠠᠨ ᠤ᠋ ᠰᠦᠪᠸᠢ ᠶ᠋ᠢᠨ ᠮᠣᠩᠭᠣᠯ ᠦᠨᠳᠦᠰᠦᠲᠡᠨ ᠦ᠌ ᠰᠤᠷᠭᠠᠭᠤᠯᠢ ᠶ᠋ᠢᠨ ᠤᠷᠠᠨ ᠪᠢᠴᠢᠯᠭᠡ ᠶ᠋ᠢᠨ ᠪᠠᠭᠰᠢ ᠭᠠᠪᠢᠶ᠎ᠠ ᠪᠠᠭᠰᠢ ᠶ᠋ᠢᠨ ᠪᠦᠲᠦᠭᠡᠵᠦ ᠪᠢᠴᠢᠭᠰᠡᠨ᠂ ᠰᠦᠪᠸᠢ ᠶ᠋ᠢᠨ ᠮᠣᠩᠭᠣᠯᠴᠤᠳ ᠤ᠋ᠨ《 ᠭᠡᠰᠡᠷ ᠦ᠋ᠨ ᠦᠯᠢᠭᠡᠷ》 ᠲᠦᠭᠡᠵᠦ ᠪᠠᠢᠨ᠎ᠠ᠃ ᠲᠡᠭᠡᠭᠡᠳ ᠭᠠ ᠪᠠᠭᠰᠢ ᠮᠢᠨᠢ ᠴᠠᠭ ᠢ᠋ᠶ᠋ᠠᠨ ᠵᠠᠷᠤᠴᠠᠭᠤᠯᠵᠤ ᠪᠠᠢᠭᠠᠳ᠂ ᠴᠠᠭ ᠵᠠᠪ ᠢ᠋ᠶ᠋ᠠᠨ ᠦᠵᠡᠵᠦ ᠪᠠᠢᠭᠠᠳ᠂ ᠡᠭᠦᠨ ᠢ᠋ ᠪᠡᠨ ᠢᠩᠭᠢᠭᠡᠳ ᠦᠰᠦᠨ ᠪᠢᠷ ᠢ᠋ᠶ᠋ᠡᠷ ᠵᠠᠭᠤᠨ ᠮᠧᠲ᠋ᠷ ᠦ᠋ᠨ ᠤᠷᠲᠤ᠂ ᠡᠢᠮᠦ ᠪᠢᠴᠢᠮᠡᠯ ᠪᠣᠯᠭᠠᠵᠤ ᠪᠦᠲᠦᠭᠡᠭᠰᠡᠨ ᠪᠠᠢᠨ᠎ᠠ᠃
ᠵᠠ᠂ ᠡᠭᠦᠨ ᠢ᠋ ᠪᠡᠨ ᠲᠡᠭᠡᠪᠡᠯ ᠥᠨᠥᠳᠥᠷ ᠳᠠᠬᠢᠨ ᠡᠨᠳᠡ ᠳᠡᠯᠭᠡᠵᠦ᠂ ᠮᠠᠨ ᠤ᠋ ᠣᠷᠳᠣᠰ᠂ ᠣᠲᠣᠭ ᠠ᠋ᠴᠠ ᠢᠷᠡᠭᠰᠡᠨ ᠭᠤᠴᠢᠨ ᠬᠡᠳᠦᠨ ᠪᠠᠭᠰᠢ ᠳ᠋ᠤ᠌ ᠪᠠᠨ ᠦᠵᠡᠭᠦᠯᠬᠦ ᠭᠡᠵᠦ ᠳᠡᠯᠭᠡᠵᠦ ᠪᠠᠢᠨ᠎ᠠ ᠲᠡᠭᠡᠭᠡᠳ᠂ ᠮᠣᠩᠭᠣᠯ ᠰᠣᠶᠣᠯ ᠳ᠋ᠤ᠌ ᠪᠠᠨ ᠬᠠᠢᠷᠠᠲᠠᠢ᠂ ᠮᠣᠩᠭᠣᠯ ᠤᠯᠠᠮᠵᠢᠯᠠᠯ ᠢ᠋ᠶ᠋ᠠᠨ ᠥᠪᠯᠡᠵᠦ ᠬᠥᠭᠵᠢᠭᠦᠯᠵᠦ ᠶᠠᠪᠤᠳᠠᠭ ᠭᠠ ᠪᠠᠭᠰᠢ ᠳ᠋ᠤ᠌ ᠪᠠᠨ ᠪᠣᠯ ᠪᠢᠰᠢᠷᠡᠯ ᠲᠠᠯᠠᠷᠬᠠᠯ ᠢ᠋ᠶ᠋ᠠᠨ ᠳᠡᠪᠰᠢᠭᠦᠯᠵᠦ᠂ ᠲᠡᠭᠦᠨ ᠦ᠌ ᠭᠠᠷᠭᠠᠭᠰᠠᠨ ᠡᠨᠡ ᠬᠦ᠌ ᠬᠦᠴᠦ ᠬᠥᠯᠥᠰᠥ ᠲᠡᠭᠡᠭᠡᠳ ᠡᠭᠦᠨ ᠢ᠋ᠶ᠋ᠡᠷ ᠢ᠋ᠶ᠋ᠡᠨ ᠰᠤᠷᠤᠭᠴᠢ ᠬᠡᠦᠬᠡᠳ ᠲᠦ᠍ ᠪᠡᠨ ᠦᠵᠡᠭᠦᠯᠬᠦ ᠭᠠᠪᠢᠶ᠎ᠠ ᠵᠢᠳᠬᠦᠯ᠂ ᠬᠡᠪ ᠳᠠᠭᠤᠷᠢᠶᠠᠯ ᠡᠨᠡ ᠪᠦᠬᠦᠨ ᠢ᠋ ᠨᠢ ᠮᠠᠨᠤᠰ ᠳᠤᠷᠠᠰᠬᠤ ᠤᠴᠢᠷᠲᠠᠢ᠃
ᠵᠠ᠂ ᠢᠩᠭᠢᠭᠡᠳ ᠭᠠᠪᠢᠶ᠎ᠠ ᠪᠠᠭᠰᠢ ᠶ᠋ᠢᠨ ᠭᠠᠷ ᠪᠢᠴᠢᠮᠡᠯ᠂ ᠭᠠᠷ ᠤ᠋ᠨ ᠲᠢᠭ ᠢ᠋ ᠲᠠ ᠨᠠᠷ ᠲᠤ᠌ ᠪᠠᠨ ᠤᠯᠠᠮ ᠲᠣᠳᠣᠷᠠᠭᠤᠯᠵᠤ ᠦᠵᠡᠭᠦᠯᠵᠦ ᠪᠠᠢᠨ᠎ᠠ᠃
ᠭᠡᠰᠡᠷ ᠬᠠᠨ ᠬᠠᠲᠤᠨ ᠲᠡᠩᠰᠡᠭᠰᠡᠨ ᠨᠢ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠲᠠᠭᠴᠢ᠄ ᠮᠥᠩᠬᠡ ᠭᠠᠯ
ᠬᠢᠨᠠᠭᠴᠢ᠄ ᠮᠥᠴᠢᠷ᠂ ᠪᠠᠶᠠᠷᠴᠡᠴᠡᠭ