《ᠮᠥᠩᠬᠡ ᠶ᠋ᠢᠨ ᠳᠡᠷᠭᠡᠳᠡ ᠡᠵᠢ ᠮᠢᠨᠢ》 - ᠲ ∙ ᠪᠠᠶᠠᠰᠬᠤᠯᠠᠩ Мөнхийн дэргэд ээж минь - Т.Баясгалан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠥᠩᠬᠡ ᠶ᠋ᠢᠨ ᠳᠡᠷᠭᠡᠳᠡ ᠡᠵᠢ ᠮᠢᠨᠢ》 - ᠲ ∙ ᠪᠠᠶᠠᠰᠬᠤᠯᠠᠩ Мөнхийн дэргэд ээж минь - Т.Баясгалан

《ᠮᠥᠩᠬᠡ ᠶ᠋ᠢᠨ ᠳᠡᠷᠭᠡᠳᠡ ᠡᠵᠢ ᠮᠢᠨᠢ》 - ᠲ ∙ ᠪᠠᠶᠠᠰᠬᠤᠯᠠᠩ Мөнхийн дэргэд ээж минь - Т.Баясгалан

ᠠᠩᠭᠢᠯᠠᠯ:ᠳᠠᠭᠤᠤ ᠬᠥᠭᠵᠢᠮ
2025-02-23

1764

ᠮᠥᠩᠬᠡ ᠶ᠋ᠢᠨ ᠳᠡᠷᠭᠡᠳᠡ ᠡᠵᠢ ᠮᠢᠨᠢ

  ᠰᠢᠯᠦᠭ᠄  ᠱ᠊·ᠭᠦᠷᠦᠪᠠᠽᠠᠷ  
  ᠠᠶᠠᠯᠭᠤ᠄  ᠯ᠊· ᠪᠠᠯᠾᠠᠠᠠᠠᠵᠠᠪ  
  ᠳᠠᠭᠤᠴᠢᠨ᠄ ᠲ᠊· ᠪᠠᠶᠠᠰᠬᠤᠯᠠᠩ   

ᠰᠦ ᠲᠡᠢ ᠡᠩᠭᠡᠷ ᠢ᠋ ᠨᠢ ᠴᠡᠴᠡᠷᠡᠭᠡᠵᠦ  
ᠤᠬᠢᠯᠠᠬᠤ ᠳ᠋ᠤ᠌ ᠮᠢᠨᠢ ᠰᠡᠷᠡᠭᠦᠨ ᠡᠵᠢ ᠮᠢᠨᠢ  
ᠰᠠᠭᠤᠭ᠎ᠠ ᠬᠣᠨᠣᠭᠰᠠᠨ ᠰᠥᠨᠢ ᠨᠢ  
ᠣᠳᠣᠨ ᠠ᠋ᠴᠠ ᠣᠯᠠᠨ ᠪᠠᠢᠭ᠎ᠠ ᠳᠠ   
ᠵᠤᠯᠠᠢ ᠳᠡᠭᠡᠷ᠎ᠡ ᠮᠢᠨᠢ ᠵᠠᠯᠪᠠᠷᠢᠭᠰᠠᠨ  
ᠪᠤᠷᠬᠠᠨ ᠴᠤ᠌ ᠶᠤᠮ ᠤᠤ ᠳᠠ ᠡᠵᠢ ᠮᠢᠨᠢ  
ᠵᠠᠶᠠᠭ᠎ᠠ ᠪᠤᠶᠠᠨ ᠢ᠋ ᠮᠢᠨᠢ ᠲᠡᠭᠰᠢᠯᠡᠭᠰᠡᠨ  
ᠬᠣᠷᠸ᠎ᠠ ᠶᠤᠮ ᠤᠤ ᠳᠠ ᠡᠵᠢ ᠮᠢᠨᠢ  
ᠳᠠᠭᠤᠤ ᠶ᠋ᠢᠨ ᠰᠡᠵᠢᠭᠦᠷ ᠠᠷᠭᠠᠳᠠᠵᠤ  
ᠳᠠᠭᠤᠳᠠᠬᠤ ᠳ᠋ᠤ᠌ ᠨᠢ ᠣᠢᠷᠠᠬᠠᠨ ᠪᠠᠢᠶ᠎ᠠ ᠳᠠ  
ᠡᠭᠦᠯᠡᠨ ᠰᠡᠭᠦᠳᠡᠷ ᠵᠠᠢᠴᠢᠯᠠᠵᠤ  
ᠦᠨᠦᠰᠬᠦ ᠳ᠋ᠦ᠍ ᠨᠢ ᠣᠢᠷᠠᠬᠠᠨ ᠶᠠᠪᠤᠶ᠎ᠠ ᠳᠠ   

ᠨᠢᠭᠤᠷ ᠤ᠋ᠨ ᠳᠡᠭᠡᠷ᠎ᠡ ᠮᠢᠨᠢ ᠮᠠᠨᠳᠤᠭᠰᠠᠨ  
ᠨᠠᠷᠠᠨ ᠶᠤᠮ ᠤᠤ ᠳᠠ ᠡᠵᠢ ᠮᠢᠨᠢ  
ᠨᠢᠳᠦ ᠪᠡᠨ ᠨᠡᠭᠡᠭᠡᠬᠦ ᠳ᠋ᠦ᠍ ᠮᠢᠨᠢ ᠬᠠᠷᠠᠭᠳᠠᠭᠰᠠᠨ 
ᠲᠩᠷᠢ ᠶᠤᠮ ᠤᠤ ᠳᠠ ᠡᠵᠢ ᠮᠢᠨᠢ  
(ᠳᠠᠬᠢᠯᠲᠠ)   

ᠰᠠᠭᠠᠯᠢ ᠶ᠋ᠢᠨ ᠴᠢᠨᠡᠭᠡ ᠣᠢᠷᠬᠠᠨ 
ᠬᠣᠯᠠᠳᠠᠬᠤ ᠳ᠋ᠤ᠌ ᠨᠢ ᠬᠣᠷᠮᠣᠢᠳᠠᠭᠰᠠᠨ 
ᠬᠦᠦ ᠪᠡᠨ  ᠰᠠᠨᠠᠭ᠎ᠠ ᠠᠯᠳᠠᠬᠤ ᠶ᠋ᠢ ᠨᠢ ᠠᠷᠭᠠᠳᠠᠬᠤ ᠭᠡᠵᠦ  
ᠮᠥᠩᠬᠡ ᠶ᠋ᠢᠨ ᠳᠡᠷᠭᠡᠳᠡ ᠡᠵᠢ ᠮᠢᠨᠢ  
ᠨᠠᠳᠠ ᠠ᠋ᠴᠠ ᠤᠶᠠᠭᠠᠲᠠᠢ ᠰᠡᠳᠬᠢᠯ ᠲᠡᠢ 
ᠰᠡᠷᠢᠭᠦᠨ ᠡᠨᠡᠷᠢᠯ ᠡᠵᠢ ᠮᠢᠨᠢ  
ᠨᠠᠷᠠ ᠪᠠᠨ ᠲᠣᠭᠣᠷᠢᠨ ᠡᠷᠭᠢᠯᠳᠦᠬᠦ   
ᠰᠦ ᠲᠡᠢ ᠶᠢᠷᠲᠢᠨᠴᠦ ᠡᠵᠢ ᠮᠢᠨᠢ
(ᠳᠠᠬᠢᠯᠲᠠ)   

  ᠦᠰᠦᠭ ᠠᠮᠢᠯᠠᠭᠤᠯᠤᠭᠴᠢ᠄ ᠲᠦᠮᠡᠨᠴᠡᠴᠡᠭ 
  ᠦᠰᠦᠭ ᠬᠠᠲᠠᠭᠴᠢ᠄ ᠤᠷᠢᠶᠠᠩᠬᠠᠢ· ᠨᠠᠷᠠᠨᠮᠠᠨᠳᠠ  
  ᠬᠢᠨᠠᠭᠴᠢ᠄ ᠮᠤᠩᠭᠤᠯᠵᠠᠶᠠᠭ᠎ᠡ