ᠲᠣᠭᠲᠠᠬᠤ ᠪᠠᠨ ᠪᠣᠯᠢᠯ᠎ᠠ- ᠪ᠊᠂ ᠪᠠᠳᠤᠪᠤᠯᠤᠳ ᠭ᠊᠂ ᠪᠠᠲᠤᠪᠠᠶᠠᠷ Тогтхоо болилоо-Г БатбаярTogtkhoo boliloo-G Batbayar
ᠵᠠᠯᠠᠭᠤ ᠶᠠᠪᠤᠬᠤ ᠳ᠋ᠤ᠌ ᠶᠠᠭᠤᠮ᠎ᠠ ᠪᠦᠬᠦᠨ ᠥᠩᠭᠡᠯᠢᠭ᠂ ᠨᠡᠭᠡᠷᠡᠨ ᠯᠡ ᠠᠷᠪᠠᠨ ᠨᠠᠢ᠍ᠮᠠᠨ ᠨᠠᠰᠤᠨ ᠭᠡᠳᠡᠭ ᠬᠥᠮᠦᠨ ᠦ᠌ ᠠᠮᠢᠳᠤᠷᠠᠯ ᠤ᠋ᠨ ᠭᠡᠷᠡᠯᠲᠦ ᠲᠠᠭᠰᠢᠨ ᠨᠤᠭᠤᠳ ᠤ᠋ᠨ ᠨᠢᠭᠡ᠂ ᠢᠩᠭᠢᠭᠡᠳ ᠬᠣᠷᠸ᠎ᠠ ᠶ᠋ᠢᠨ ᠪᠦᠬᠦ ᠵᠦᠢᠯᠡᠰ ᠢ᠋ ᠪᠦᠲᠦᠭᠡᠨ᠎ᠡ᠂ ᠰᠥᠨᠥᠭᠡᠨ᠎ᠡ᠂ ᠪᠣᠯᠭᠠᠨ᠎ᠠ᠂ ᠴᠢᠳᠠᠨ᠎ᠠ ᠭᠡᠵᠦ ᠪᠣᠳᠣᠳᠠᠭ ᠠᠯᠳᠠᠭ᠎ᠠ ᠲᠠᠢ᠂ ᠤᠨᠤᠭ᠎ᠠ ᠲᠠᠢ ᠬᠠᠢᠷᠠᠯᠠᠮᠠᠷ ᠠᠬᠢᠵᠤ ᠡᠷᠭᠢᠵᠦ ᠣᠴᠢᠮᠠᠷ ᠠᠷᠪᠠᠨ ᠨᠠᠢ᠍ᠮᠠᠨ ᠨᠠᠰᠤᠨ ᠤ᠋ ᠲᠤᠬᠠᠢ ᠡᠨᠡ ᠬᠦ᠌ ᠬᠡᠷᠡᠭ ᠢ᠋ ᠥᠭᠦᠯᠡᠨ᠎ᠡ᠃
ᠲᠣᠭᠲᠠᠬᠤ ᠪᠠᠨ ᠪᠣᠯᠢᠯ᠎ᠠ
ᠦᠭᠡ᠄ ᠵᠢᠭᠮᠡᠳᠭᠤᠳᠤᠪ
ᠠᠶ᠎ᠠ᠄ ᠭ ᠲᠠᠷᠤᠮᠠᠵᠠᠭᠳᠠ
ᠳᠠᠭᠤᠴᠢᠨ᠄ ᠭ ᠪᠠᠲᠤᠪᠠᠶᠠᠷ
ᠠᠷᠪᠠᠨ ᠨᠠᠢ᠍ᠮᠠᠨ ᠨᠠᠰᠤᠨ ᠳ᠋ᠤ᠌ ᠪᠠᠨ ᠬᠦᠷᠬᠦ ᠪᠡᠷ ᠢ᠋ᠶ᠋ᠡᠨ᠂
ᠠᠪᠤ ᠶ᠋ᠢᠨ ᠢ᠋ᠶ᠋ᠡᠨ ᠳᠡᠷᠭᠡᠳᠡ ᠳ᠋ᠦ᠍ ᠲᠣᠭᠲᠠᠬᠤ ᠪᠠᠨ ᠪᠣᠯᠢᠯ᠎ᠠ ᠪᠢ᠂
ᠠᠮᠠᠷᠠᠭ ᠵᠢᠭᠠᠯᠬᠠᠨ ᠴᠢᠮ᠎ᠠ ᠳ᠋ᠤ᠌ ᠪᠠᠨ ᠣᠴᠢᠶᠤ ᠭᠡᠳ᠂
ᠠᠭᠰᠤᠮ ᠵᠡᠭᠡᠷᠳᠡ ᠶ᠋ᠢ ᠰᠤᠢᠲᠠᠭ ᠪᠣᠯᠤᠯ᠎ᠠ ᠪᠢ᠃
ᠬᠥᠪᠴᠢ ᠶ᠋ᠢᠨ ᠥᠨᠳᠥᠷ ᠠᠭᠤᠯᠠᠨ ᠳ᠋ᠤ᠌ ᠵᠣᠷᠢᠭ ᠭᠠᠷᠭᠠᠨ ᠭᠥᠷᠥᠭᠡᠯᠡᠵᠦ᠂
ᠬᠦᠷᠡᠩ ᠪᠣᠷᠣ ᠪᠠᠭᠠᠪᠠᠭᠠᠢ ᠶ᠋ᠢᠨ ᠭᠣᠣᠯᠲᠤ ᠵᠢᠷᠦᠬᠡ ᠶ᠋ᠢ ᠣᠨᠢᠯᠠᠭᠠ ᠦᠭᠡᠢ ᠴᠤ᠌᠂
ᠠᠪᠤ ᠶ᠋ᠢᠨ ᠢ᠋ᠶ᠋ᠡᠨ ᠴᠠᠬᠢᠭᠤᠷ ᠫᠤᠤ ᠶ᠋ᠢᠨ ᠰᠡᠴᠡ ᠶᠣ᠌ ᠶ᠋ᠢ ᠨᠢ ᠰᠢᠯᠭᠠᠵᠤ᠂
ᠠᠷᠤ ᠶ᠋ᠢᠨ ᠥᠨᠳᠥᠷ ᠠᠭᠤᠯᠠᠨ ᠳ᠋ᠤ᠌ ᠨᠢ ᠭᠥᠷᠥᠭᠡᠯᠡᠵᠦ ᠶᠠᠪᠤᠭᠰᠠᠨ ᠤᠳᠠᠭ᠎ᠠ ᠲᠠᠢ ᠪᠢ ᠡᠷ᠎ᠡ ᠬᠥᠮᠦᠨ᠃
ᠡᠷ᠎ᠡ ᠶ᠋ᠢᠨ ᠴᠡᠭᠡᠯ ᠳ᠋ᠦ᠍ ᠬᠦᠷᠦᠭᠡᠳ ᠢᠷᠡᠬᠦ ᠪᠡᠷ ᠢ᠋ᠶ᠋ᠡᠨ᠂
ᠡᠵᠢ ᠶ᠋ᠢᠨ ᠢ᠋ᠶ᠋ᠡᠨ ᠳᠡᠷᠭᠡᠳᠡ ᠳ᠋ᠦ᠍ ᠲᠣᠭᠲᠠᠬᠤ ᠪᠠᠨ ᠪᠣᠯᠢᠯ᠎ᠠ ᠪᠢ᠂
ᠡᠩᠬᠦᠷᠡᠢ ᠵᠢᠭᠠᠯᠬᠠᠨ ᠴᠢᠮ᠎ᠠ ᠳ᠋ᠤ᠌ ᠪᠠᠨ ᠣᠴᠢᠶᠤ ᠭᠡᠳ᠂
ᠡᠷᠪᠡᠭᠡᠷ ᠬᠡᠭᠡᠷ ᠢ᠋ ᠰᠣᠢᠳᠠᠭ ᠪᠣᠯᠤᠯ᠎ᠠ ᠪᠢ᠃
ᠡᠷᠢᠶᠡᠨ ᠠᠰᠠᠷ ᠤ᠋ᠨ ᠡᠮᠦᠨ᠎ᠡ ᠵᠣᠳᠣᠭ ᠱᠣᠳᠠᠭ ᠡᠮᠦᠰᠴᠦ᠂
ᠡᠷ᠎ᠡ ᠲᠡᠢ ᠪᠢᠷ᠎ᠠ ᠲᠠᠢ ᠪᠥᠬᠡᠴᠦᠳ ᠲᠡᠢ ᠭᠠᠷ ᠵᠥᠷᠢᠭᠦᠯᠵᠦ ᠶᠠᠪᠤᠭ᠎ᠠ ᠦᠭᠡᠢ ᠴᠦ᠍᠂
ᠦᠵᠦᠭᠦᠷᠰᠦᠬᠡᠨ ᠨᠡᠬᠡᠢ ᠳᠡᠪᠡᠯ ᠦ᠋ᠨ ᠢ᠋ᠶ᠋ᠡᠨ ᠳᠠᠯᠤ ᠮᠥᠷᠥ ᠶ᠋ᠢ ᠨᠢ ᠬᠠᠩᠵᠠᠷᠠᠲᠠᠯᠠ᠂
ᠦᠶ᠎ᠡ ᠶ᠋ᠢᠨ ᠬᠡᠳᠦᠨ ᠨᠥᠬᠥᠳ ᠢ᠋ᠶ᠋ᠡᠨ ᠳᠠᠪᠠᠵᠤ ᠶᠠᠪᠤᠭᠰᠠᠨ ᠤᠳᠠᠭ᠎ᠠ ᠲᠠᠢ ᠪᠢ ᠡᠷ᠎ᠡ ᠬᠥᠮᠦᠨ᠃
ᠲᠠᠷᠭᠤᠨ ᠰᠠᠢᠬᠠᠨ ᠰᠠᠢᠪᠤᠷ ᠬᠡᠭᠡᠷ ᠢ᠋ᠶ᠋ᠡᠷ ᠢ᠋ᠶ᠋ᠡᠨ᠂
ᠲᠠᠨ ᠤ᠋ ᠭᠠᠳᠠᠭᠤᠷ ᠭᠠᠯᠭᠢᠭᠤᠯᠵᠤ ᠶᠠᠪᠤᠯ᠎ᠠ ᠪᠢ᠂
ᠲᠠᠪᠲᠤᠷ ᠮᠠᠭᠤᠲᠠᠢ ᠨᠠᠰᠤᠨ ᠤ᠋ ᠪᠠᠨ ᠪᠠᠭ᠎ᠠ ᠳ᠋ᠤ᠌᠂
ᠲᠠᠪᠢᠯᠠᠩ ᠵᠠᠶᠠᠭ᠎ᠠ ᠪᠠᠨ ᠮᠡᠳᠡᠭᠡ ᠦᠭᠡᠢ ᠶᠠᠪᠤᠯ᠎ᠠ ᠪᠢ᠃
ᠬᠠᠨ ᠬᠤᠷᠮᠤᠰᠲᠠ ᠶ᠋ᠢᠨ ᠥᠬᠢᠨ ᠲᠡᠢ ᠨᠢᠭᠤᠷ ᠤᠴᠠᠷᠠᠨ ᠲᠠᠨᠢᠯᠴᠠᠵᠤ᠂
ᠬᠠᠯᠠᠭᠤᠨ ᠵᠠᠯᠠᠭᠤ ᠨᠠᠰᠤᠨ ᠤ᠋ ᠪᠠᠨ ᠬᠠᠢᠷ᠎ᠠ ᠰᠡᠳᠬᠢᠯ ᠢ᠋ ᠢᠯᠡᠴᠢᠯᠡᠭᠡ ᠦᠭᠡᠢ ᠴᠦ᠍᠂
ᠨᠤᠲᠤᠭ ᠤ᠋ᠨ ᠪᠣᠷᠣᠬᠠᠨ ᠪᠦᠰᠡᠭᠦᠢ ᠲᠡᠢ ᠲᠠᠯ᠎ᠠ ᠶ᠋ᠢᠨ ᠪᠡᠯᠴᠢᠭᠡᠷ ᠲᠦ᠍ ᠪᠣᠯᠵᠣᠵᠤ᠂
ᠨᠢᠭᠤᠴᠠᠬᠠᠨ ᠪᠤᠯᠭᠢᠬᠤ ᠵᠢᠷᠦᠬᠡᠨ ᠳ᠋ᠦ᠍ᠨᠢ ᠲᠠᠭᠠᠯᠠᠭᠳᠠᠵᠤ ᠶᠠᠪᠤᠭᠰᠠᠨ ᠤᠳᠠᠭ᠎ᠠ ᠲᠠᠢ ᠪᠢ ᠡᠷ᠎ᠡ ᠬᠥᠮᠦᠨ᠃
ᠥᠨᠳᠥᠷ ᠰᠠᠢᠬᠠᠨ ᠰᠠᠢᠪᠤᠷ ᠬᠡᠭᠡᠷ ᠢ᠋ᠶ᠋ᠡᠷ ᠢ᠋ᠶ᠋ᠡᠨ᠂
ᠡᠮᠦᠨᠡᠭᠦᠷ ᠴᠢᠨᠢ ᠭᠠᠷᠤᠭᠠᠳ ᠳᠡᠷᠭᠢᠭᠦᠯᠵᠦ ᠶᠠᠪᠤᠯ᠎ᠠ ᠪᠢ᠂
ᠦᠢᠮᠡᠭᠦᠯᠵᠦ ᠶᠠᠪᠤᠭᠰᠠᠨ ᠨᠠᠰᠤᠨ ᠤ᠋ ᠪᠠᠨ ᠪᠠᠭ᠎ᠠ ᠳ᠋ᠤ᠌᠂
ᠦᠨᠡᠨᠴᠢ ᠠᠮᠠᠷᠠᠭ ᠢ᠋ᠶ᠋ᠠᠨ ᠲᠠᠨᠢᠯ ᠦᠭᠡᠢ ᠶᠠᠪᠤᠯ᠎ᠠ ᠪᠢ᠃
ᠦᠰᠦᠭ ᠠᠮᠢᠯᠠᠭᠤᠯᠤᠭᠴᠢ᠄ ᠮᠥᠩᠬᠡ ᠭᠠᠯ ᠤᠷᠢᠶᠠᠩᠬᠠᠢ ᠨᠠᠷᠠᠨᠮᠠᠨᠳᠠ
ᠦᠰᠦᠭ ᠬᠠᠳᠠᠭᠴᠢ᠄ ᠮᠥᠩᠬᠡ ᠭᠠᠯ ᠤᠷᠢᠶᠠᠩᠬᠠᠢ ᠨᠠᠷᠠᠨᠮᠠᠨᠳᠠ
ᠬᠢᠨᠠᠭᠴᠢ᠄ ᠭᠠᠷᠮ᠎ᠠ ᠮᠡᠷᠭᠡᠨ
