ᠰᠠᠢᠨ ᠤᠰᠤ ᠰᠠᠢᠬᠠᠨ ᠨᠤᠲᠤᠭ - ᠰᠡᠴᠡᠨᠴᠢᠮᠡᠭСайн ус сайхан нутаг-Сэцэнчимэг
ᠰᠠᠢᠨ ᠤᠰᠤ ᠰᠠᠢᠬᠠᠨ ᠨᠤᠲᠤᠭ
ᠦᠭᠡ᠄ ᠨᠠᠷᠠᠨᠲᠣᠭᠣᠰ
ᠠᠶ᠎ᠠ᠄ ᠣᠶᠤᠨᠮᠥ᠋ᠷᠡᠨ
ᠳᠠᠭᠤᠴᠢᠨ᠄ ᠰᠡᠴᠡᠨᠴᠢᠮᠡᠭ
ᠵᠠᠭᠤᠨ ᠵᠠᠭᠤᠨ ᠲᠡᠦᠬᠡ ᠲᠡᠢ ᠣᠩᠭᠣᠨ ᠪᠠᠢᠭᠠᠯᠢ
ᠠᠳᠤᠭᠤᠨ ᠵᠠᠮ᠂ ᠬᠠᠰᠠᠭ ᠵᠠᠮ᠂ ᠪᠦᠷᠢᠳᠦ ᠳᠤᠭᠠᠩ ᠮᠢᠨᠢ ᠡ
ᠰᠢᠷᠭᠢᠰᠢ ᠦᠭᠡᠢ ᠣᠷᠭᠢᠯᠤᠨ ᠪᠤᠷᠭᠢᠯᠤᠭᠰᠠᠨ ᠰᠣᠯᠣᠩᠭᠠᠨ ᠬᠡ ᠲᠡᠢ
ᠰᠢᠨᠡᠭᠠᠷ ᠤ᠋ᠨ ᠨᠠᠭᠤᠷ᠂ ᠴᠠᠭᠠᠨ ᠪᠤᠯᠠᠭ᠂ ᠶᠠᠰᠢᠯᠲᠤ ᠶ᠋ᠢᠨ ᠪᠤᠯᠠᠭ ᠮᠢᠨᠢ
ᠡᠢᠮᠦ ᠯᠡ ᠰᠠᠢᠬᠠᠨ ᠨᠤᠲᠤᠭ ᠠ᠋ ᠰᠠᠢᠨ ᠤᠰᠤᠨ ᠳ᠋ᠠᠭᠠᠨ
ᠡᠷᠭᠢᠭᠡᠳ ᠬᠡᠵᠢᠶ᠎ᠡ ᠪᠤᠴᠠᠵᠤ ᠬᠠᠷᠢᠨ᠎ᠠ ᠳᠠ
ᠡᠩᠭᠡᠷ ᠴᠠᠭᠠᠨ ᠪᠦᠪᠡᠢ ᠳ᠋ᠦ᠍ ᠨᠢ ᠵᠢᠷᠭᠠᠭᠠᠳ
ᠡᠷᠬᠡᠯᠡᠵᠦ ᠰᠠᠭᠤᠬᠤ ᠶ᠋ᠢ ᠰᠠᠨᠠᠨ᠎ᠠ᠂ ᠰᠠᠨᠠᠭᠠᠳ ᠪᠠᠢᠨ᠎ᠠ
ᠪᠠᠭ᠎ᠠ ᠨᠠᠰᠤᠨ ᠳ᠋ᠤ᠌ ᠪᠠᠨ ᠮᠥᠷᠭᠥᠨ ᠰᠢᠲᠦᠵᠦ ᠶᠠᠪᠤᠯ᠎ᠠ ᠳᠠ
ᠪᠠᠶᠠᠨ ᠣᠪᠣᠭ᠎ᠠ᠂ ᠠᠯᠲᠠᠨ ᠣᠪᠣᠭ᠎ᠠ᠂ ᠤᠯᠠᠭᠠᠨ ᠣᠪᠣᠭ᠎ᠠ ᠮᠢᠨᠢ
ᠪᠤᠲᠠ ᠪᠤᠭ ᠮᠠᠯ᠂ ᠵᠡᠭᠡᠷ᠎ᠡ ᠭᠥᠷᠥᠭᠡᠰᠦ ᠶ᠋ᠢᠨ ᠨᠠᠢᠷᠠᠯ ᠳᠠᠭᠤ ᠲᠠᠢ
ᠪᠣᠭᠳᠠ ᠶ᠋ᠢᠨ ᠰᠢᠯᠢ᠂ ᠪᠣᠷᠣ ᠥᠨᠳᠥᠷ᠂ ᠰᠢᠷ᠎ᠠ ᠲᠠᠯ᠎ᠠ ᠮᠢᠨᠢ
ᠡᠢᠮᠦ ᠯᠡ ᠰᠠᠢᠬᠠᠨ ᠨᠤᠲᠤᠭ ᠠ᠋ ᠰᠠᠢᠨ ᠤᠰᠤᠨ ᠳ᠋ᠠᠭᠠᠨ
ᠡᠷᠭᠢᠭᠡᠳ ᠬᠡᠵᠢᠶ᠎ᠡ ᠪᠤᠴᠠᠵᠤ ᠬᠠᠷᠢᠨ᠎ᠠ ᠳᠠ
ᠡᠩᠭᠡᠷ ᠴᠠᠭᠠᠨ ᠪᠦᠪᠡᠢ ᠳ᠋ᠦ᠍ ᠨᠢ ᠵᠢᠷᠭᠠᠭᠠᠳ
ᠡᠷᠬᠡᠯᠡᠵᠦ ᠰᠠᠭᠤᠬᠤ ᠶ᠋ᠢ ᠰᠠᠨᠠᠨ᠎ᠠ᠂ ᠰᠠᠨᠠᠭᠠᠳ ᠪᠠᠢᠨ᠎ᠠ
ᠬᠥᠬᠡᠮᠳᠦᠭ ᠮᠠᠨᠠᠨ᠂ ᠬᠥᠨᠳᠡᠯᠡᠨ ᠴᠠᠭᠠᠨ ᠨᠢᠷᠤᠭᠤ ᠪᠠᠷ ᠡᠮᠵᠢᠶᠡᠷᠢ ᠲᠡᠢ
ᠬᠥᠪᠴᠢ ᠶ᠋ᠢᠨ ᠮᠠᠩᠬ᠎ᠠ᠂ ᠵᠢᠷᠦᠬᠡᠨ ᠣᠷᠣᠢ᠂ ᠰᠠᠩ ᠤ᠋ᠨ ᠣᠷᠣᠢ ᠮᠢᠨᠢ
ᠬᠥᠳᠡᠭᠡ ᠭᠡᠷ ᠦ᠋ᠨ ᠠᠷᠭᠠᠯ ᠤ᠋ᠨ ᠤᠲᠤᠭ᠎ᠠ ᠵᠢᠷᠦᠬᠡᠨ ᠳ᠋ᠦ᠍ ᠰᠡᠢᠯᠦᠭᠡᠲᠡᠢ
ᠬᠥᠬᠡ ᠱᠠᠯᠠ᠂ ᠭᠤᠷᠪᠠᠨ ᠲᠣᠯᠣᠭᠠᠢ᠂ ᠲᠠᠤᠯᠠᠢ ᠶ᠋ᠢᠨ ᠠᠮᠠ ᠮᠢᠨᠢ
ᠠᠢᠮᠤ ᠯᠠ ᠰᠠᠢᠬᠠᠨ ᠨᠤᠲᠤᠭ ᠠ᠋ ᠰᠠᠢᠨ ᠤᠰᠤᠨ ᠳ᠋ᠠᠭᠠᠨ
ᠡᠷᠭᠢᠭᠡᠳ ᠬᠡᠵᠢᠶ᠎ᠡ ᠪᠤᠴᠠᠵᠤ ᠬᠠᠷᠢᠨ᠎ᠠ ᠳᠠ
ᠡᠩᠭᠡᠷ ᠴᠠᠭᠠᠨ ᠪᠦᠪᠡᠢ ᠳ᠋ᠦ᠍ ᠨᠢ ᠵᠢᠷᠭᠠᠭᠠᠳ
ᠡᠷᠬᠡᠯᠡᠵᠦ ᠰᠠᠭᠤᠬᠤ ᠶ᠋ᠢ ᠰᠠᠨᠠᠨ᠎ᠠ᠂ ᠰᠠᠨᠠᠭᠠᠳ ᠪᠠᠢᠨ᠎ᠠ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
