ᠬᠡᠢᠮᠣᠷᠢ ᠰᠦᠯᠵᠢᠶ᠎ᠡ᠂ ᠰᠦᠨ ᠰᠠᠴᠤᠯᠢ ᠬᠣᠯᠪᠣᠭ᠎ᠠ- ᠶᠡᠷᠡᠨᠲᠡᠢ ᠵᠣᠬᠢᠶᠠᠪᠠХийморь сүлжээ, сүн сацал холбоо-Ярэнтэй ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠰᠦᠯᠵᠢᠶ᠎ᠡ᠂ ᠰᠦᠨ ᠰᠠᠴᠤᠯᠢ ᠬᠣᠯᠪᠣᠭ᠎ᠠ- ᠶᠡᠷᠡᠨᠲᠡᠢ ᠵᠣᠬᠢᠶᠠᠪᠠХийморь сүлжээ, сүн сацал холбоо-Ярэнтэй

ᠬᠡᠢᠮᠣᠷᠢ ᠰᠦᠯᠵᠢᠶ᠎ᠡ᠂ ᠰᠦᠨ ᠰᠠᠴᠤᠯᠢ ᠬᠣᠯᠪᠣᠭ᠎ᠠ- ᠶᠡᠷᠡᠨᠲᠡᠢ ᠵᠣᠬᠢᠶᠠᠪᠠХийморь сүлжээ, сүн сацал холбоо-Ярэнтэй

2025-02-21

3097

ᠬᠡᠢᠮᠣᠷᠢ ᠰᠦᠯᠵᠢᠶ᠎ᠡ᠂ ᠰᠦᠨ ᠰᠠᠴᠤᠯᠢ ᠬᠣᠯᠪᠣᠭ᠎ᠠ

   ᠶᠡᠷᠡᠨᠲᠡᠢ ᠵᠣᠬᠢᠶᠠᠪᠠ 
   ᠠᠰᠠᠨ᠎ᠠ ᠤᠶᠠᠩᠭᠠᠯᠠᠪᠠ 
ᠨᠠᠷᠠᠨ ᠰᠠᠷᠠᠨ ᠢ᠋ ᠪᠠᠶᠠᠰᠬᠠᠭᠰᠠᠨ 
ᠨᠠᠪᠴᠢ ᠴᠡᠴᠡᠭ ᠢ᠋ ᠪᠥᠵᠢᠭᠯᠡᠭᠦᠯᠦᠭᠰᠡᠨ 
ᠳᠡᠯᠡᠬᠡᠢ ᠳ᠋ᠦ᠍ ᠲᠦᠭᠡᠭᠡᠨ ᠰᠠᠴᠤᠭᠳᠠᠭᠰᠠᠨ 
ᠲᠩᠷᠢᠯᠢᠭ ᠪᠣᠰᠤᠭ᠎ᠠ ᠬᠡᠢᠮᠣᠷᠢ ᠰᠦᠯᠵᠢᠶ᠎ᠡ 
ᠡᠶᠡᠷᠭᠦ ᠡᠨᠧᠷᠭᠢ ᠶ᠋ᠢ ᠰᠢᠩᠭᠡᠭᠡᠭᠰᠡᠨ 
ᠡᠭᠡᠰᠢᠭ ᠳᠣᠯᠣᠭ᠎ᠠ ᠪᠠᠷ ᠨᠡᠷᠡᠯᠡᠭᠰᠡᠨ 
ᠡᠬᠡ ᠰᠣᠶᠣᠯ ᠢ᠋ᠶ᠋ᠠᠨ ᠨᠠᠨᠳᠢᠩᠨᠠᠨ ᠰᠢᠲᠦᠭᠰᠡᠨ 
ᠡᠭᠡᠯᠴᠦᠳ ᠤ᠋ᠨ ᠴᠤᠭᠯᠠᠷᠠᠯ ᠰᠦᠨ ᠰᠠᠴᠤᠯᠢ 
ᠬᠡᠢᠮᠣᠷᠢ ᠳᠠᠯᠠᠯᠤᠭᠰᠠᠨ ᠪᠠᠶᠠᠯᠢᠭ ᠰᠦᠯᠵᠢᠶ᠎ᠡ 
ᠬᠡᠰᠢᠭᠲᠦ ᠠᠷᠠᠳ ᠤ᠋ᠨ ᠰᠠᠴᠤᠯᠢ ᠴᠤᠭᠯᠠᠷᠠᠯ
ᠦᠨᠳᠦᠰᠦᠲᠡᠨ ᠲᠦᠮᠡᠨ ᠢ᠋ᠶ᠋ᠡᠨ ᠬᠠᠢᠷᠠᠯᠠᠵᠤ
ᠦᠰᠦᠭ ᠪᠢᠴᠢᠭ ᠢ᠋ᠶ᠋ᠡᠨ ᠳᠡᠭᠡᠳᠦᠯᠡᠭᠰᠡᠨ
ᠦᠷ᠎ᠡ ᠤᠳᠤᠮ ᠳ᠋ᠤ᠌ ᠪᠠᠨ ᠥᠪᠯᠡᠭᠦᠯᠬᠦ
ᠡᠷᠳᠡᠨᠢ ᠶ᠋ᠢᠨ ᠬᠥᠮᠥᠷᠭᠡ ᠬᠡᠢᠮᠣᠷᠢ ᠰᠦᠯᠵᠢᠶ᠎ᠡ
ᠳᠡᠭᠡᠳᠦᠰ ᠡᠴᠡ ᠥᠪᠯᠡᠭᠰᠡᠨ ᠰᠣᠶᠣᠯ ᠢ᠋ᠶ᠋ᠠᠨ
ᠳᠡᠯᠭᠡᠷᠡᠭᠦᠯᠦᠨ ᠲᠦᠭᠡᠭᠡᠬᠦ ᠲᠠᠪᠢᠯᠠᠩ ᠲᠠᠢ
ᠳᠡᠯᠡᠬᠡᠢ ᠳ᠋ᠠᠬᠢᠨ ᠳ᠋ᠤ᠌ ᠣᠴᠢᠯᠠᠭᠰᠠᠨ
ᠲᠦᠮᠡᠨ ᠮᠣᠩᠭᠣᠯ ᠤ᠋ᠨ ᠮᠢᠨᠢ ᠴᠤᠭᠯᠠᠷᠠᠯ
ᠰᠦᠨ ᠰᠠᠴᠤᠯᠢ ᠶ᠋ᠢᠨ ᠮᠢᠨᠢ ᠳᠡᠭᠡᠵᠢ
ᠰᠦᠷᠯᠢᠭ ᠮᠣᠩᠭᠣᠯᠴᠤᠳ ᠤ᠋ᠨ ᠬᠡᠢᠮᠣᠷᠢ ᠰᠦᠯᠵᠢᠶ᠎ᠡ

   ᠦᠰᠦᠭ ᠠᠮᠢᠯᠠᠭᠤᠯᠤᠭᠰᠠᠨ ᠨᠢ᠄ ᠰᠡᠷᠭᠦᠯᠡᠩ
   ᠦᠰᠦᠭ ᠬᠠᠲᠠᠭᠰᠠᠨ ᠨᠢ᠄ ᠰᠡᠷᠭᠦᠯᠡᠩ
   ᠬᠢᠨᠠᠭᠴᠢ᠄ ᠤᠷᠠᠨᠴᠡᠴᠡᠭ