ᠬᠠᠮᠤᠭ ᠮᠣᠩᠭᠣᠯ - ᠵᠢᠪᠬᠤᠯᠠᠩХАМАГ МОНГОЛ KhAMAG MONGOL-Javkhlan ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠤᠭ ᠮᠣᠩᠭᠣᠯ - ᠵᠢᠪᠬᠤᠯᠠᠩХАМАГ МОНГОЛ KhAMAG MONGOL-Javkhlan

ᠬᠠᠮᠤᠭ ᠮᠣᠩᠭᠣᠯ - ᠵᠢᠪᠬᠤᠯᠠᠩХАМАГ МОНГОЛ KhAMAG MONGOL-Javkhlan

ᠠᠩᠭᠢᠯᠠᠯ:ᠳᠠᠭᠤᠤ ᠬᠥᠭᠵᠢᠮ
2025-02-21

2573

ᠬᠠᠮᠤᠭ ᠮᠣᠩᠭᠣᠯ

   ᠦᠭᠡ᠄ ᠰ ∙ ᠵᠢᠪᠬᠤᠯᠠᠩ  
   ᠠᠶ᠎ᠠ᠄ ᠳ ∙ ᠵᠢᠷᠭᠠᠯᠰᠠᠢᠬᠠᠨ 
   ᠬᠥᠭᠵᠢᠮ ᠤᠨ ᠨᠠᠢᠷᠠᠭᠤᠯᠭ᠎ᠠ᠄ ᠰ ∙ ᠲᠥᠷᠦᠪᠠᠲᠤ (ᠠᠷᠵᠠᠺ) 
   ᠳᠠᠭᠤᠴᠢᠨ᠄ ᠰ ∙ ᠵᠢᠪᠬᠤᠯᠠᠩ 
              ᠮ ∙ ᠪᠠᠶᠠᠰᠬᠤᠯᠠᠩ 
              ᠮ  ∙ ᠰᠠᠶᠠᠳᠠᠰᠢ 
              ᠴ ∙ ᠷᠠᠳᠨᠠᠡᠪ 
              ᠰᠢᠷᠠᠭᠠᠪ ᠳ᠋ᠢᠮ᠎ᠠ 

ᠣᠷᠣᠢ ᠳ᠋ᠤ᠌ ᠪᠠᠨ ᠠᠭᠤᠯᠠ ᠣᠪᠣᠭ᠎ᠠ ᠪᠡᠨ ᠵᠠᠯᠠᠭᠰᠠᠨ ᠡᠪᠦᠭᠡᠳ ᠦ᠋ᠨ 
ᠣᠮᠣᠭᠯᠠᠩ ᠴᠢᠰᠤ ᠨᠢ ᠵᠢᠷᠦᠬᠡᠨ ᠳ᠋ᠦ᠍ ᠮᠢᠨᠢ ᠯᠤᠭᠰᠢᠨ ᠪᠠᠢᠬᠤ ᠳ᠋ᠤ᠌ 
ᠣᠳᠣᠳ ᠲᠩᠷᠢ ᠶ᠋ᠢᠨ ᠴᠢᠩ ᠦᠨᠡᠨ ᠪᠠᠢᠳᠠᠭ ᠢ᠋ ᠵᠠᠷᠯᠠᠨ ᠳᠣᠭᠣᠯᠭᠠᠵᠤ 
ᠣᠷᠴᠢᠯᠠᠩ ᠢ᠋ᠶ᠋ᠠᠷ ᠨᠢᠭᠡ ᠮᠣᠩᠭᠣᠯ ᠭᠡᠵᠦ ᠤᠷᠢᠯᠠᠮᠠᠷ ᠪᠠᠢᠨ᠎ᠠ 

ᠡᠩᠬᠦᠷ ᠨᠠᠷᠠᠨ ᠠ᠋ᠴᠠ ᠭᠠᠯ ᠢ᠋ᠶ᠋ᠠᠨ ᠲᠠᠰᠤᠳᠠᠭᠰᠠᠨ ᠮᠠᠯᠴᠢᠳ ᠤ᠋ᠨ 
ᠡᠯᠪᠡᠷᠢᠯ ᠬᠠᠢᠷ᠎ᠠ ᠨᠢ ᠡᠯᠢᠭᠡᠨ ᠳ᠋ᠦ᠍ ᠮᠢᠨᠢ ᠰᠢᠮᠰᠢᠷᠡᠨ ᠪᠠᠢᠬᠤ ᠳ᠋ᠤ᠌ 
ᠡᠴᠢᠭᠡ ᠲᠩᠷᠢ ᠶ᠋ᠢᠨ ᠴᠢᠩ ᠦᠨᠡᠨ ᠪᠠᠢᠳᠠᠭ ᠢ᠋ ᠬᠠᠢᠯᠠᠨ ᠳᠠᠭᠤᠯᠠᠭᠠᠳ 
ᠡᠨᠡᠬᠡᠨ ᠽᠠᠨᠪᠤ ᠪᠠᠷ ᠨᠢᠭᠡ ᠮᠣᠩᠭᠣᠯ ᠭᠡᠵᠦ ᠳᠠᠭᠤᠷᠢᠰᠬᠠᠮᠠᠷ ᠪᠠᠢᠨ᠎ᠠ  

ᠳᠡᠯᠡᠬᠡᠢ ᠴᠢ ᠰᠣᠨᠣᠰᠤᠭᠠᠴᠢ
ᠬᠥᠬᠡ ᠲᠩᠷᠢ ᠶ᠋ᠢᠨ ᠮᠣᠩᠭᠣᠯᠴᠤᠳ ᠳᠠᠭᠤᠤ ᠪᠡᠨ ᠳᠠᠭᠤᠯᠠᠵᠤ ᠪᠠᠢᠨ᠎ᠠ
ᠳᠡᠯᠡᠬᠡᠢ ᠴᠢ ᠬᠠᠷᠠᠭᠠᠴᠢ
ᠡᠵᠡᠨ ᠴᠢᠩᠭᠢᠰ ᠦ᠋ᠨ ᠮᠣᠩᠭᠣᠯ ᠨᠢᠭᠡᠳᠦᠨ ᠳᠠᠭᠤᠯᠠᠵᠤ ᠪᠠᠢᠨ᠎ᠠ

ᠳᠡᠪᠡᠯ ᠳ᠋ᠦ᠍ ᠪᠡᠨ ᠤᠬᠠᠭᠠᠨ ᠰᠢᠪᠰᠢᠨ ᠰᠢᠩᠭᠡᠭᠡᠭᠰᠡᠨ ᠨᠡᠭᠦᠳᠡᠯᠴᠢᠳ ᠦ᠋ᠨ
ᠳᠡᠪᠡᠷᠡᠭᠦᠨ ᠣᠮᠣᠭ ᠵᠢᠷᠦᠬᠡᠨ ᠳ᠋ᠦ᠍ ᠮᠢᠨᠢ ᠪᠤᠯᠭᠢᠯᠠᠨ ᠪᠠᠢᠬᠤ ᠳ᠋ᠤ᠌
ᠳᠡᠭᠡᠳᠦ ᠲᠩᠷᠢ ᠶ᠋ᠢᠨ ᠴᠢᠩ ᠦᠨᠡᠨ ᠪᠠᠢᠳᠠᠭ ᠢ᠋ ᠰᠣᠨᠣᠷ ᠲᠤ᠌ ᠳᠣᠭᠣᠯᠭᠠᠵᠤ
ᠳᠡᠯᠡᠬᠡᠢ ᠪᠡᠷ ᠨᠢᠭᠡ ᠮᠣᠩᠭᠣᠯ ᠭᠡᠵᠦ ᠪᠠᠳᠠᠷᠠᠮᠠᠷ ᠪᠠᠢᠨ᠎ᠠ

ᠳᠡᠯᠡᠬᠡᠢ ᠴᠢ ᠰᠣᠨᠣᠰᠤᠭᠠᠴᠢ
ᠬᠥᠬᠡ ᠲᠩᠷᠢ ᠶ᠋ᠢᠨ ᠮᠣᠩᠭᠣᠯᠴᠤᠳ ᠳᠠᠭᠤᠤ ᠪᠡᠨ ᠳᠠᠭᠤᠯᠠᠵᠤ ᠪᠠᠢᠨ᠎ᠠ
ᠳᠡᠯᠡᠬᠡᠢ ᠴᠢ ᠬᠠᠷᠠᠭᠠᠴᠢ
ᠡᠵᠡᠨ ᠴᠢᠩᠭᠢᠰ ᠦ᠋ᠨ ᠮᠣᠩᠭᠣᠯ ᠨᠢᠭᠡᠳᠦᠨ ᠳᠠᠭᠤᠯᠠᠵᠤ ᠪᠠᠢᠨ᠎ᠠ

ᠬᠠᠢᠷᠠᠨ ᠳ᠋ᠤ᠌ ᠪᠠᠨ ᠨᠤᠲᠤᠭ ᠤᠰᠤ ᠪᠠᠨ ᠥᠯᠥᠭᠡᠢᠳᠡᠭᠰᠡᠨ ᠮᠡᠷᠭᠡᠳ ᠦ᠋ᠨ
ᠬᠠᠯᠠᠭᠤᠨ ᠴᠢᠰᠤ ᠨᠢ ᠰᠤᠳᠠᠰᠤᠨ ᠳ᠋ᠤ᠌ ᠮᠢᠨᠢ ᠴᠣᠬᠢᠯᠠᠨ ᠪᠠᠢᠬᠤ ᠳ᠋ᠤ᠌
ᠬᠠᠭᠠᠨ ᠲᠩᠷᠢ ᠶ᠋ᠢᠨ ᠴᠢᠩ ᠦᠨᠡᠨ ᠪᠠᠢᠳᠠᠭ ᠢ᠋ ᠠᠢᠯᠠᠳᠬᠠᠨ ᠳᠣᠭᠣᠯᠭᠠᠵᠤ
ᠬᠣᠷᠸ᠎ᠠ ᠪᠠᠷ ᠨᠢᠭᠡ ᠮᠣᠩᠭᠣᠯ ᠭᠡᠵᠦ ᠬᠠᠰᠬᠢᠷᠤᠮᠠᠷ ᠪᠠᠢᠨ᠎ᠠ

ᠳᠡᠯᠡᠬᠡᠢ ᠴᠢ ᠰᠣᠨᠣᠰᠤᠭᠠᠴᠢ
ᠬᠥᠬᠡ ᠲᠩᠷᠢ ᠶ᠋ᠢᠨ ᠮᠣᠩᠭᠣᠯᠴᠤᠳ ᠳᠠᠭᠤᠤ ᠪᠡᠨ ᠳᠠᠭᠤᠯᠠᠵᠤ ᠪᠠᠢᠨ᠎ᠠ
ᠳᠡᠯᠡᠬᠡᠢ ᠴᠢ ᠬᠠᠷᠠᠭᠠᠴᠢ   
ᠡᠵᠡᠨ ᠴᠢᠩᠭᠢᠰ ᠦ᠋ᠨ ᠮᠣᠩᠭᠣᠯ ᠨᠢᠭᠡᠳᠦᠨ ᠳᠠᠭᠤᠯᠠᠵᠤ ᠪᠠᠢᠨ᠎ᠠ

ᠮᠣᠷᠢ ᠪᠠᠨ ᠠᠭᠰᠠᠵᠤ ᠳᠡᠯᠡᠬᠡᠢ ᠶ᠋ᠢ ᠨᠣᠮᠣᠬᠠᠷᠠᠭᠤᠯᠤᠭᠰᠠᠨ ᠪᠠᠭᠠᠲᠤᠷ ᠤ᠋ᠳ ᠤ᠋ᠨ
ᠮᠣᠬᠣᠰᠢ ᠦᠭᠡᠢ ᠳᠣᠮᠣᠭ ᠶᠠᠰᠤᠨ ᠳ᠋ᠤ᠌ ᠮᠢᠨᠢ ᠱᠠᠷᠬᠢᠷᠠᠨ ᠪᠠᠢᠬᠤ ᠳ᠋ᠤ᠌
ᠮᠥᠩᠬᠡ ᠲᠩᠷᠢ ᠶ᠋ᠢᠨ ᠴᠢᠩ ᠦᠨᠡᠨ ᠪᠠᠢᠳᠠᠭ ᠢ᠋ ᠵᠠᠷᠯᠢᠭ ᠪᠣᠯᠭᠠᠵᠤ
ᠮᠠᠩᠨᠤᠭ ᠶᠢᠷᠲᠢᠨᠴᠦ ᠪᠡᠷ ᠨᠢᠭᠡ ᠮᠣᠩᠭᠣᠯ ᠭᠡᠵᠦ ᠤᠤᠬᠠᠢᠯᠠᠮᠠᠷ ᠪᠠᠢᠨ᠎ᠠ

ᠳᠡᠯᠡᠬᠡᠢ ᠴᠢ ᠰᠣᠨᠣᠰᠤᠭᠠᠴᠢ
ᠬᠥᠬᠡ ᠲᠩᠷᠢ ᠶ᠋ᠢᠨ ᠮᠣᠩᠭᠣᠯᠴᠤᠳ ᠳᠠᠭᠤᠤ ᠪᠡᠨ ᠳᠠᠭᠤᠯᠠᠵᠤ ᠪᠠᠢᠨ᠎ᠠ
ᠳᠡᠯᠡᠬᠡᠢ ᠴᠢ ᠬᠠᠷᠠᠭᠠᠴᠢ
ᠡᠵᠡᠨ ᠴᠢᠩᠭᠢᠰ ᠦ᠋ᠨ ᠮᠣᠩᠭᠣᠯ ᠨᠢᠭᠡᠳᠦᠨ ᠳᠠᠭᠤᠯᠠᠵᠤ ᠪᠠᠢᠨ᠎ᠠ

ᠬᠠᠮᠤᠭ ᠮᠣᠩᠭᠣᠯ ᠤ᠋ᠨ ᠦᠷ᠎ᠡ ᠰᠡᠳᠦ ᠣᠮᠣᠭᠰᠢᠨ ᠳᠠᠭᠤᠯᠠᠵᠤ ᠪᠠᠢᠨ᠎ᠠ


  ᠬᠡᠢᠮᠣᠷᠢ ᠰᠦᠯᠵᠢᠶ᠎ᠡ ᠨᠢᠭᠡ ᠲᠦᠮᠡᠨ (10000) ᠠᠭᠤᠯᠭ᠎ᠠ ᠲᠠᠢ ᠪᠣᠯᠪᠠ 
   2025 ᠣᠨ ᠤ 2 ᠰᠠᠷ᠎ᠠ  ᠶᠢᠨ 21 ᠤ ᠡᠳᠦᠷ 
  ᠳᠡᠯᠡᠬᠡᠢ ᠶᠢᠨ ᠡᠬᠡ ᠬᠡᠯᠡᠨ ᠤ ᠡᠳᠦᠷ 

Хамаг Монгол
Үг᠄С.Жавхлан
Ая᠄Д.Жаргалсайхан
Хөгжмийн найруулага᠄ С.Төрбат (арзак)
Дуучин᠄ С.Жавхлан
М ∙Баясгалан
М .Саядаш
Ч.Раднаэв
Шараэв Дима

Оройдоо уул овоогоо залсан өвгөдийн
Омголон цус нь зүрхэнд минь лугшин байхад
Одод тэнгэрийн чин үнэн байдгийг зарлан дуулгаж
Орчлонгоор нэг Монгол гэж орилмоор байна
Энхэр нарнаас галаа тасдсан малчдын
Элбэрэл хайр нь элгэнд минь шимшрэн байхад
Эцэг тэнгэрийн чин үнэн байдгийг хайлан дуулаад
Энэхэн замбуугаар нэг Монгол гэж дуурсгамаар байна
Түрлэг: Дэлхий чи сонсооч
Хөх тэнгэрийн Монголчууд дуугаа дуулж байна
Дэлхий чи хараач
Эзэн Чингисийн Монгол нэгдэн дуулж байна
Дээлэндээ ухаан шившин шингээсэн нүүдэлчидийн
Дэврүүн омог зүрхэнд минь булиглан байхад
Дээд тэнгэрийн чин үнэн байдгийг сонорт дуулгаж
Дэлхийгээр нэг Монгол гэж бадармаар байна
Түрлэг: Дэлхий чи сонсооч
Хөх тэнгэрийн Монголчууд дуугаа дуулж байна
Дэлхий чи хараач
Эзэн Чингисийн Монгол нэгдэн дуулж байна
Хайрандаа нутаг усаа өлгийдсөн мэргэдийн
Халуун цус нь судсанд минь цохилон байхад
Хаан тэнгэрийн чин үнэн байдгийг айлтган дуулгаж
Хорвоогоор нэг Монгол гэж хашгирмаар байна
Түрлэг: Дэлхий чи сонсооч
Хөх тэнгэрийн Монголчууд дуугаа дуулж байна
Дэлхий чи хараач
Эзэн Чингисийн Монгол нэгдэн дуулж байна
Морио агсаж дэлхийг номхруулсан баатруудын
Мохошгүй домог ясанд минь шархиран байхад
Мөнхтэнгэрийн чин үнэн байдгийг зарлиг болгож
Магнаг ертөнцөөр нэг Монгол гэж уухайлмаар байна
Түрлэг: Дэлхий чи сонсооч
Хөх тэнгэрийн Монголчууд дуугаа дуулж байна
Дэлхий чи хараач
Эзэн Чингисийн Монгол нэгдэн дуулж байна

Хамаг Монголын үр сад омогшин дуулж байна