ᠵᠤᠯᠠ-ᠷ ∙ ᠴᠣᠢᠨᠣᠮЗул-Р.Чойном Zul-R.Choinom
ᠵᠤᠯᠠ
ᠵᠣᠬᠢᠶᠠᠭᠴᠢ᠄ ᠮᠣᠩᠭᠣᠯ ᠤᠯᠤᠰ ᠤ᠋ᠨ
ᠨᠡᠷᠡᠲᠦ ᠢᠷᠠᠭᠤ ᠨᠠᠢᠷᠠᠭᠴᠢ ᠷ᠂ ᠴᠣᠢᠨᠣᠮ
ᠨᠠᠮᠳᠠᠭᠤ ᠵᠥᠭᠡᠯᠡᠨ ᠭᠡᠭᠡ ᠲᠡᠢ
ᠶᠡᠬᠡᠰ ᠪᠤᠭᠤᠷᠤᠯ ᠤ᠋ᠨ ᠢ᠋ᠶ᠋ᠠᠨ ᠵᠤᠯᠠ ᠡᠴᠡ
ᠨᠠᠰᠤᠨ ᠪᠠᠭ᠎ᠠ ᠳ᠋ᠠᠭᠠᠨ ᠴᠢ ᠪᠢᠳᠡ
ᠠᠶᠤᠳᠠᠭ ᠪᠠᠢᠭᠰᠠᠨ ᠢ᠋ᠶ᠋ᠠᠨ ᠰᠠᠨᠠᠨ᠎ᠠ ᠤᠤ᠁
ᠠᠯᠲᠠᠩᠬᠠᠨ ᠲᠠᠯ᠎ᠠ ᠶ᠋ᠢᠨ ᠬᠢᠷᠢ ᠪᠡᠷ
ᠠᠮᠢᠳᠤᠷᠠᠯ ᠤ᠋ᠨ ᠤᠷᠠᠨ ᠪᠢᠷ ᠢ᠋ᠶ᠋ᠡᠷ
ᠠᠮᠢᠯᠠᠭᠤᠯᠤᠩᠬᠠᠨ ᠵᠢᠷᠤᠭᠰᠠᠨ
ᠠᠭᠤᠤ ᠪᠠᠢᠭᠠᠯᠢ ᠶ᠋ᠢᠨ ᠵᠢᠷᠤᠭ
ᠦᠯᠦ ᠨᠡᠪᠲᠡᠷᠡᠬᠦ ᠬᠥᠰᠢᠭᠡ ᠪᠡᠷ
ᠬᠠᠭᠠᠬᠤ ᠠᠳᠠᠯᠢ ᠳᠠᠯᠳᠢᠷᠠᠪᠠ ᠂
ᠦᠳᠡᠰᠢ ᠬᠡᠮᠡᠬᠦ ᠲᠠᠩᠭᠢᠰ ᠲᠤ᠌
ᠦᠢᠬᠦ ᠠᠳᠠᠯᠢ ᠵᠠᠮᠬᠠᠷᠠᠪᠠ᠃
ᠠᠮᠲᠠᠲᠤ ᠪᠣᠳᠣᠯ ᠢ᠋ ᠤᠨᠳᠤᠷᠤᠭᠤᠯᠤᠭᠰᠠᠨ
ᠠᠨᠢᠷ ᠴᠢᠮᠡᠭᠡ ᠦᠭᠡᠢ ᠰᠥᠨᠢ
ᠠᠮᠠᠷᠠᠭ ᠬᠣᠣᠰ ᠢ᠋ ᠤᠴᠠᠷᠠᠭᠤᠯᠤᠭᠰᠠᠨ
ᠠᠮᠤᠷ ᠲᠠᠢᠪᠤᠩ ᠬᠠᠷᠠᠩᠭᠤᠢ
ᠪᠢᠷ ᠯᠡ ᠶᠠᠨᠳᠠᠢ ᠢ᠋ ᠨᠡᠢᠯᠡᠭᠦᠯᠦᠭᠰᠡᠨ
ᠪᠡᠬᠡ ᠶ᠋ᠢᠨ ᠰᠠᠩ ᠬᠥᠮᠥᠷᠭᠡ ᠰᠢᠭ
ᠪᠢᠯᠢᠭᠦᠨ ᠣᠳᠣᠨ ᠰᠢᠭᠢᠳᠬᠡᠭᠡ ᠲᠡᠢ
ᠪᠢᠲᠡᠭᠦᠦ ᠬᠢᠯᠢᠩ ᠨᠥᠮᠥᠷᠭᠡ ᠰᠢᠭ
ᠰᠢᠷᠬᠡᠭ ᠨᠡᠢᠯᠡᠭᠦᠯᠵᠦ ᠰᠠᠮᠨᠠᠭᠰᠠᠨ
ᠰᠢᠩᠭᠡᠨ ᠬᠠᠷᠠᠬᠠᠨ ᠭᠡᠵᠢᠭᠡ ᠰᠢᠭ
ᠰᠢᠢᠳᠴᠦ ᠶᠠᠳᠠᠨ ᠲᠤᠨᠢᠶᠠᠷᠲᠤᠭᠰᠠᠨ
ᠰᠢᠨᠡᠬᠡᠨ ᠪᠡᠷᠢ ᠶ᠋ᠢᠨ ᠬᠠᠷᠠᠴᠠ ᠰᠢᠭ᠋
ᠶᠡᠬᠡ ᠲᠠᠯ᠎ᠠ ᠶ᠋ᠢ ᠰᠢᠷᠲᠡᠭᠰᠡᠭᠡᠷ
ᠶᠢᠯᠸᠢ ᠶ᠋ᠢᠨ ᠨᠣᠢᠷ ᠢ᠋ᠶ᠋ᠡᠷ ᠤᠨᠲᠠᠭᠤᠯᠪᠠ᠂
ᠢᠵᠢᠢ- ᠳᠠᠭᠢᠨᠢ ᠶ᠋ᠢᠨ ᠰᠢᠳᠢ ᠪᠡᠷ
ᠢᠯᠪᠢᠨ ᠬᠠᠢᠷᠠᠯᠠᠨ ᠪᠦᠪᠡᠢᠯᠡᠪᠡ᠃
ᠬᠣᠨᠢ ᠮᠠᠯ ᠢ᠋ᠶ᠋ᠠᠨ ᠬᠤᠷᠢᠶᠠᠭᠰᠠᠨ
ᠬᠣᠲᠠ ᠠᠢᠯ ᠰᠦᠮᠡᠢᠭᠰᠡᠭᠡᠷ
ᠬᠣᠲᠠᠴᠢ ᠬᠠᠯᠲᠠᠷ ᠨᠢ ᠬᠠᠶᠠ
ᠬᠣᠩᠰᠢᠶᠠᠷ ᠭᠤᠳᠤᠴᠢᠨ ᠵᠡᠭᠦᠳᠦᠯᠡᠭᠰᠡᠭᠡᠷ
ᠬᠥᠯ ᠦᠭᠡᠢ ᠳᠠᠯᠠᠢ ᠳ᠋ᠤ᠌ ᠵᠢᠪᠬᠦ
ᠬᠥᠯᠭᠡ ᠣᠩᠭᠣᠴᠠ ᠰᠢᠭ᠋ ᠳᠠᠯᠳᠢᠷᠠᠪᠠ ᠂
ᠬᠥᠨᠳᠡᠢ ᠶ᠋ᠢᠨ ᠲᠡᠷᠲᠡᠭᠡ ᠡᠬᠢᠨ ᠳ᠋ᠦ᠍
ᠥᠨᠥᠴᠢᠨ ᠭᠡᠷᠡᠯ ᠨᠢ ᠰᠦᠮᠡᠯᠵᠡᠪᠡ᠃
ᠥᠨᠥᠴᠢᠨ ᠲᠡᠷᠡ ᠭᠡᠷᠡᠯ
ᠡᠷᠦᠬᠡᠨ ᠵᠠᠪᠰᠠᠷ ᠢ᠋ᠶ᠋ᠠᠷ ᠬᠠᠷᠠᠭᠳᠠᠭᠰᠠᠨ
ᠽᠤᠩᠺᠠᠸ᠋ᠠ ᠶ᠋ᠢᠨ ᠬᠥᠷᠥᠭ ᠦ᠋ᠨ ᠡᠮᠦᠨᠡᠬᠢ
ᠵᠤᠯᠠ ᠶ᠋ᠢᠨ ᠪᠢᠴᠢᠬᠠᠨ ᠭᠡᠷᠡᠯ!
ᠭᠤᠷᠪᠠᠨ ᠪᠦᠲᠦᠨ ᠵᠠᠭᠤᠨ ᠤ᠋
ᠭᠤᠨᠢᠭ ᠪᠠᠶᠠᠷ ᠢ᠋ ᠨᠢᠭᠡᠳᠦᠭᠦᠯᠵᠦ
ᠭᠤᠲᠤᠯ ᠤ᠋ᠨ ᠰᠠᠷᠢᠰᠤᠨ ᠥᠯᠮᠡᠢ ᠳᠡᠭᠡᠷ᠎ᠡ
ᠭᠤᠶᠤᠭᠰᠠᠨ ᠣᠯᠠᠨ ᠢ᠋ ᠰᠥᠭᠦᠳᠦᠭᠦᠯᠵᠦ
ᠢᠲᠡᠭᠡᠵᠦ ᠶᠠᠳᠠᠭᠰᠠᠨ ᠭᠣᠷᠢᠳᠠᠯ ᠰᠢᠭ᠋
ᠢᠯᠴᠢ ᠨᠢ ᠦᠭᠡᠢ ᠲᠤᠶᠠᠭᠠᠷᠠᠵᠤ
ᠰᠦᠷᠳᠡᠵᠦ ᠠᠶᠤᠭᠰᠠᠨ ᠬᠥᠪᠡᠭᠦᠨ ᠰᠢᠭ
ᠰᠦᠮᠡᠢᠵᠦ ᠢᠷᠡᠭᠰᠡᠨ ᠵᠤᠯᠠ
ᠠᠨᠢᠷ ᠦᠭᠡᠢ ᠡᠨᠡᠬᠡᠨ ᠰᠥᠨᠢ ᠪᠡᠷ
ᠠᠷᠪᠠᠨ ᠨᠠᠢ᠍ᠮᠠ ᠲᠠᠢ ᠬᠣᠷᠯᠣ ᠶ᠋ᠢᠨ
ᠠᠪᠤ ᠶ᠋ᠢᠨ ᠭᠡᠷ ᠦ᠋ᠨ ᠬᠣᠢᠮᠣᠷ ᠲᠤ᠌
ᠠᠪᠳᠠᠷ᠎ᠠ ᠶ᠋ᠢᠨ ᠳᠡᠭᠡᠷ᠎ᠡ ᠨᠢ ᠭᠡᠢᠵᠦ ᠪᠠᠢᠨ᠎ᠠ!
ᠪᠣᠭᠣᠨᠢᠬᠠᠨ ᠡᠨᠡ ᠨᠠᠰᠤ ᠪᠠᠨ
ᠪᠤᠭᠤᠴᠠᠭᠠᠨ ᠳ᠋ᠤ᠌ ᠲᠠᠯᠪᠢᠭᠰᠠᠨ ᠶᠤᠮ ᠰᠢᠭ᠋
ᠪᠣᠷᠣᠭᠠᠨ ᠤ᠋ ᠪᠣᠷᠣ ᠡᠷᠪᠡᠬᠡᠢ
ᠪᠣᠰᠤᠨ ᠰᠠᠭᠤᠨ ᠡᠷᠭᠢᠵᠦ ᠪᠠᠢᠨ᠎ᠠ᠃
ᠲᠠᠪᠤᠨ ᠬᠠᠨᠠᠲᠤ ᠶ᠋ᠢᠨ ᠳᠣᠲᠣᠷ᠎ᠠ
ᠲᠠᠭ ᠴᠢᠮᠡᠭᠡ ᠦᠭᠡᠢ ᠨᠣᠢᠷᠰᠤᠪᠠᠴᠤ
ᠲᠠᠰᠢᠶᠠᠯᠳᠠᠵᠤ ᠨᠥᠮᠥᠷᠦᠭᠰᠡᠨ ᠳᠡᠪᠡᠯ ᠳᠣᠣᠷ᠎ᠠ
ᠪᠢᠴᠢᠬᠠᠨ ᠵᠢᠷᠦᠬᠡ ᠳᠣᠭᠳᠣᠯᠤᠨ᠎ᠠ᠃
《ᠪᠠᠯᠭᠤ ᠬᠦᠷᠬᠦ ᠦᠭᠡᠢ ᠲᠣᠰᠣᠨ ᠨᠢ
ᠪᠠᠷᠠᠭᠳᠠᠬᠤ ᠪᠠᠨ ᠶᠠᠭᠠᠬᠢᠭᠰᠠᠨ ᠵᠤᠯᠠ ᠪᠣᠢ !
ᠪᠠᠳᠮᠠᠯᠠᠵᠤ ᠪᠠᠢᠭ᠎ᠠ ᠭᠣᠣᠯ ᠳ᠋ᠠᠭᠠᠨ
ᠳᠠᠷᠤᠭᠳᠠᠬᠤ ᠪᠠᠨ ᠶᠠᠭᠠᠬᠢᠭᠰᠠᠨ ᠵᠤᠯᠠ ᠪᠣᠢ!
ᠳᠡᠷᠪᠡᠭᠡᠷ ᠬᠣᠶᠠᠷ ᠳᠠᠯᠠᠪᠴᠢ ᠪᠠᠷ ᠢ᠋ᠶ᠋ᠠᠨ
ᠳᠡᠪᠢᠴᠢᠬᠡᠬᠦ ᠦᠭᠡᠢ ᠶᠠᠭᠠᠬᠢᠭᠰᠠᠨ ᠡᠷᠪᠡᠬᠡᠢ ᠪᠣᠢ!
ᠳᠡᠮᠡᠢ ᠳᠠᠪᠬᠢᠬᠤ ᠶ᠋ᠢᠨ ᠣᠷᠣᠨ ᠳ᠋ᠤ᠌
ᠰᠢᠲᠠᠴᠢᠬᠠᠬᠤ ᠦᠭᠡᠢ ᠶᠠᠭᠠᠬᠢᠭᠰᠠᠨ ᠡᠷᠪᠡᠬᠡᠢ ᠪᠣᠢ !》 ᠭᠡᠵᠦ
ᠬᠣᠶᠠᠷ ᠥᠭᠡᠷ᠎ᠡ ᠭᠤᠲᠤᠰᠤᠨ ᠳᠡᠭᠡᠷ᠎ᠡ
《ᠬᠣᠶᠠᠷ ᠰᠡᠳᠬᠢᠯ》ᠳᠡᠪᠡᠯᠵᠡᠬᠦ ᠳ᠋ᠦ᠍
ᠵᠤᠯᠠ ᠶ᠋ᠢᠨ ᠭᠡᠷᠡᠯ ᠬᠤᠷᠴᠠ ᠴᠤ᠌ ᠶᠤᠮ ᠰᠢᠭ᠋
ᠵᠤᠨ ᠤ᠋ ᠰᠥᠨᠢ ᠤᠷᠲᠤ ᠴᠤ᠌ ᠶᠤᠮ ᠰᠢᠭ᠋ ᠁
ᠤᠶᠠᠩᠭᠠᠯᠠᠭ᠍ᠴᠢ᠄ ᠬᠠᠢᠷ᠎ᠠ
ᠦᠰᠦᠭ ᠠᠮᠢᠯᠠᠭᠤᠯᠤᠭ᠍ᠴᠢ᠄ ᠠᠵᠠᠵᠠᠶᠠᠭ᠎ᠠ
ᠦᠰᠦᠭ ᠬᠠᠳᠠᠭ᠍ᠴᠢ᠄ ᠠᠵᠠᠵᠠᠶᠠᠭ᠎ᠠ
ᠬᠢᠨᠠᠭ᠍ᠴᠢ᠄ ᠨᠡᠭᠦᠳᠡᠯ᠂ ᠮᠤᠩᠭᠤᠯᠵᠠᠶᠠᠭ᠎ᠠ
