ᠳᠤᠷᠠᠯᠠᠯ ᠊ᠤᠨ ᠳᠠᠭᠤᠤ ᠎ᠪᠠᠨ ᠴᠢᠮ᠎ᠠ ᠳ᠋ᠤ᠌ ᠪᠠᠨ ᠳᠠᠭᠤᠯᠠᠶ᠎ᠠ_ᠤᠴᠠᠷᠠᠯ ᠴᠣᠮᠣᠷᠯᠢᠭ᠋Дурлалын дуугаа чамдаа дуулъя_Учрал Цоморлиг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠯᠠᠯ ᠊ᠤᠨ ᠳᠠᠭᠤᠤ ᠎ᠪᠠᠨ ᠴᠢᠮ᠎ᠠ ᠳ᠋ᠤ᠌ ᠪᠠᠨ ᠳᠠᠭᠤᠯᠠᠶ᠎ᠠ_ᠤᠴᠠᠷᠠᠯ ᠴᠣᠮᠣᠷᠯᠢᠭ᠋Дурлалын дуугаа чамдаа дуулъя_Учрал Цоморлиг

ᠳᠤᠷᠠᠯᠠᠯ ᠊ᠤᠨ ᠳᠠᠭᠤᠤ ᠎ᠪᠠᠨ ᠴᠢᠮ᠎ᠠ ᠳ᠋ᠤ᠌ ᠪᠠᠨ ᠳᠠᠭᠤᠯᠠᠶ᠎ᠠ_ᠤᠴᠠᠷᠠᠯ ᠴᠣᠮᠣᠷᠯᠢᠭ᠋Дурлалын дуугаа чамдаа дуулъя_Учрал Цоморлиг

ᠠᠩᠭᠢᠯᠠᠯ:ᠳᠠᠭᠤᠤ ᠬᠥᠭᠵᠢᠮ
2025-02-19

922

ᠳᠤᠷᠠᠯᠠᠯ ᠊ᠤᠨ ᠳᠠᠭᠤᠤ ᠎ᠪᠠᠨ ᠴᠢᠮ᠎ᠠ ᠳ᠋ᠤ᠌ ᠪᠠᠨ ᠳᠠᠭᠤᠯᠠᠶ᠎ᠠ


           ᠦᠭᠡ᠄ ᠠ· ᠣᠳᠬᠣᠨᠪᠠᠶᠠᠷ 
           ᠠᠶ᠎ᠠ᠄ ᠪᠤᠶᠠᠨᠬᠡᠰᠢᠭ  

 ᠳᠤᠷᠳᠤᠩ ᠴᠡᠩᠬᠡᠷ ᠭᠣᠣᠯ ᠤ᠋ᠨ ᠴᠢᠮᠡᠭᠡ ᠪᠡᠷ 
 ᠳᠥᠯᠭᠡᠬᠡᠨ ᠳᠣᠭᠳᠣᠯᠬᠤ ᠰᠡᠳᠬᠢᠯ ᠢ᠋ᠶ᠋ᠡᠨ ᠳᠠᠭᠤᠯᠠᠶ᠎ᠠ 
 ᠠᠶᠠᠷ ᠠᠶᠠᠷ ᠬᠠᠷᠭᠢᠶᠠᠨ ᠳ᠋ᠤ᠌ ᠨᠢ ᠰᠢᠩᠭᠡᠭᠡᠵᠦ ᠳᠠᠭᠤᠯᠠᠶ᠎ᠠ 
 ᠳᠡᠷᠭᠡᠳᠡ ᠳ᠋ᠦ᠍ ᠴᠢᠨᠢ ᠨᠠᠮᠢᠷᠠᠨ ᠣᠴᠢᠨ᠎ᠠ ᠭᠡᠵᠦ ᠴᠢᠮ᠎ᠠ ᠳ᠋ᠤ᠌ ᠪᠠᠨ ᠳᠠᠭᠤᠯᠠᠶ᠎ᠠ 

 ᠮᠡᠯᠲᠡᠯᠵᠡᠬᠦ ᠲᠤᠩᠭᠠᠯᠠᠭ ᠰᠠᠷᠠᠨ ᠤ᠋ ᠲᠤᠶᠠᠭ᠎ᠠ ᠪᠠᠷ  
 ᠢᠷᠠᠭᠤᠬᠠᠨ ᠰᠦᠯᠡᠭᠳᠡᠬᠦ ᠵᠢᠷᠦᠬᠡ ᠪᠡᠨ ᠳᠠᠭᠤᠯᠠᠶ᠎ᠠ 
 ᠰᠡᠪᠡᠰ ᠰᠠᠪᠠᠰᠬᠢᠨ ᠰᠠᠯᠬᠢᠨ ᠳ᠋ᠤ᠌ ᠴᠢᠨᠢ ᠰᠢᠪᠡᠨᠡᠵᠦ ᠳᠠᠭᠤᠯᠠᠶ᠎ᠠ 
 ᠵᠢᠷᠦᠬᠡᠨ ᠳ᠋ᠦ᠍ ᠴᠢᠨᠢ ᠠᠨᠢᠷᠯᠠᠨ ᠬᠦᠷᠦᠨ᠎ᠡ ᠭᠡᠵᠦ ᠴᠢᠮ᠎ᠠ ᠳ᠋ᠤ᠌ ᠪᠠᠨ ᠳᠠᠭᠤᠯᠠᠶ᠎ᠠ  
 ᠰᠡᠪᠡᠰ ᠰᠠᠪᠠᠰᠬᠢᠨ ᠰᠠᠯᠬᠢᠨ ᠳ᠋ᠤ᠌ ᠴᠢᠨᠢ ᠰᠢᠪᠡᠨᠡᠵᠦ ᠳᠠᠭᠤᠯᠠᠶ᠎ᠠ 
 ᠵᠢᠷᠦᠬᠡᠨ ᠳ᠋ᠦ᠍ ᠴᠢᠨᠢ ᠠᠨᠢᠷᠯᠠᠨ ᠬᠦᠷᠦᠨ᠎ᠡ ᠭᠡᠵᠦ ᠴᠢᠮ᠎ᠠ ᠳ᠋ᠤ᠌ ᠪᠠᠨ ᠳᠠᠭᠤᠯᠠᠶ᠎ᠠ  

 ᠲᠡᠯᠡᠮᠡᠭ ᠲᠡᠨᠢᠭᠦᠨ ᠬᠠᠪᠤᠷ ᠤ᠋ᠨ ᠤᠷᠢᠨ ᠢ᠋ᠶ᠋ᠠᠷ 
 ᠨᠠᠷᠠᠨ ᠬᠣᠷᠭᠣᠳᠠᠭᠰᠠᠨ ᠪᠣᠳᠣᠯ ᠢ᠋ᠶ᠋ᠠᠨ ᠳᠠᠭᠤᠯᠠᠶ᠎ᠠ 
 ᠡᠩᠬᠦᠷᠡᠢ ᠡᠩᠬᠦᠷᠡᠢᠬᠡᠨ ᠠᠭᠠᠯᠢ ᠶ᠋ᠢ ᠨᠢ ᠠᠷᠭᠠᠳᠠᠵᠤ ᠳᠠᠭᠤᠯᠠᠶ᠎ᠠ 
 ᠠᠷᠠᠨᠰᠢᠨ ᠳ᠋ᠤ᠌ ᠴᠢᠨᠢ ᠢᠵᠢᠯᠢᠳᠦᠨ ᠲᠡᠰᠦᠨ᠎ᠡ ᠭᠡᠵᠦ ᠴᠢᠮ᠎ᠠ ᠳ᠋ᠤ᠌ ᠪᠠᠨ ᠳᠠᠭᠤᠯᠠᠶ᠎ᠠ  
 ᠡᠩᠬᠦᠷᠡᠢ ᠡᠩᠬᠦᠷᠡᠢᠬᠡᠨ ᠠᠭᠠᠯᠢ ᠶ᠋ᠢ ᠨᠢ ᠠᠷᠭᠠᠳᠠᠵᠤ ᠳᠠᠭᠤᠯᠠᠶ᠎ᠠ 
 ᠠᠷᠠᠨᠰᠢᠨ ᠳ᠋ᠤ᠌ ᠨᠢ ᠢᠵᠢᠯᠢᠳᠦᠨ ᠲᠡᠰᠦᠨ᠎ᠡ ᠭᠡᠵᠦ ᠴᠢᠮ᠎ᠠ ᠳ᠋ᠤ᠌ ᠪᠠᠨ ᠳᠠᠭᠤᠯᠠᠶ᠎ᠠ  

       ᠦᠰᠦᠭ ᠠᠮᠢᠯᠠᠭᠤᠯᠤᠭᠴᠢ᠄ ᠨᠠᠷᠠᠨ 
          ᠬᠢᠨᠠᠭᠴᠢ᠄ ᠪᠦᠷᠢᠨ᠎ᠡ