ᠮᠣᠭᠠᠢ ᠬᠡᠭᠡᠷ_Могой хээр
ᠮᠣᠭᠠᠢ ᠬᠡᠬᠡᠷ
ᠬᠦᠷᠢᠶᠡᠯᠡᠩ ᠦ᠋ᠨ ᠳᠠᠭᠤᠴᠢᠳ ᠳᠠᠭᠤᠯᠠᠨ᠎ᠠ᠃
ᠵᠢᠷᠭᠤᠭᠠᠨ ᠬᠠᠪᠢᠷᠭ᠎ᠠ ᠵᠤᠷᠠᠯᠵᠠᠭᠤᠯᠤᠨ ᠵᠤᠤᠵᠠᠢ ᠠᠮᠠᠭᠠᠢ ᠰᠢᠭᠰᠢᠷᠭᠡᠭᠰᠡᠨ
ᠵᠢᠯᠣᠭᠣ ᠴᠤᠯᠪᠤᠭᠤᠷ ᠰᠣᠭᠰᠣᠯᠵᠠᠭᠤᠯᠤᠨ ᠵᠢᠷᠣᠭ᠎ᠠ ᠲᠡᠯᠡᠮᠡᠭᠡ ᠴᠠᠴᠤᠯᠠᠭᠤᠯᠤᠭᠰᠠᠨ
ᠨᠠᠷᠢᠨ ᠬᠦᠵᠦᠭᠦᠦ ᠬᠣᠣᠬᠣᠯᠵᠠᠭᠤᠯᠤᠨ ᠨᠠᠨᠵᠢᠩ ᠭᠥᠯᠢᠮ ᠳᠡᠷᠪᠡᠭᠦᠯᠦᠭᠰᠡᠨ
ᠨᠠᠷᠢᠨ ᠲᠣᠭᠣᠰᠣ ᠮᠠᠨᠠᠨᠲᠤᠭᠤᠯᠤᠨ ᠨᠠᠢ᠍ᠮᠠᠨ ᠭᠠᠨᠵᠤᠭ᠎ᠠ ᠰᠣᠯᠪᠢᠭᠤᠯᠤᠭᠰᠠᠨ
ᠬᠠᠢᠷ ᠴᠢᠯᠠᠭᠤ ᠱᠠᠵᠢᠭᠢᠨᠠᠭᠤᠯᠤᠨ ᠬᠠᠳᠠᠨ ᠴᠠᠬᠢᠭᠤᠷ ᠮᠠᠨᠠᠯᠵᠠᠭᠤᠯᠤᠭᠰᠠᠨ
ᠬᠠᠮᠠᠷ ᠰᠠᠮᠰᠠ ᠰᠡᠷᠲᠡᠯᠵᠡᠭᠦᠯᠦᠨ ᠬᠠᠷᠠᠭᠰᠠᠨ ᠪᠦᠬᠦᠨ ᠢ᠋ ᠭᠠᠢᠬᠠᠭᠤᠯᠤᠭᠰᠠᠨ
ᠠᠭᠤᠯᠠ ᠲᠤᠯᠤᠭᠠᠳ ᠨᠠᠮᠠᠯᠵᠠᠭᠤᠯᠤᠨ ᠤᠰᠤ ᠪᠤᠯᠠᠭ ᠴᠠᠯᠭᠢᠯᠠᠭᠤᠯᠤᠭᠰᠠᠨ
ᠤᠷᠭᠠᠴᠢ ᠬᠥᠮᠦᠨ ᠢ᠋ᠶ᠋ᠡᠷ ᠱᠠᠭᠰᠢᠭᠤᠯᠤᠨ ᠤᠶᠠᠭᠠᠴᠢ ᠬᠥᠮᠦᠨ ᠢ᠋ᠶ᠋ᠡᠷ ᠮᠠᠭᠲᠠᠭᠤᠯᠤᠭᠰᠠᠨ
ᠮᠤᠨᠳᠠᠭ᠎ᠠ ᠬᠥᠬᠥᠯ ᠱᠠᠰᠢᠷᠯᠠᠭᠤᠯᠤᠨ ᠮᠣᠯᠣᠷ ᠲᠣᠯᠣᠭᠠᠢ ᠬᠠᠶᠠᠯᠠᠭᠰᠠᠨ
ᠮᠣᠷᠢᠨ ᠡᠷᠳᠡᠨᠢ ᠴᠣᠯᠠᠯᠠᠭᠤᠯᠤᠭᠰᠠᠨ ᠮᠣᠭᠠᠢ ᠬᠡᠭᠡᠷ᠎ᠡ ᠬᠦᠯᠦᠭ ᠠ᠋
ᠠᠭᠤᠯᠠᠨ ᠳᠡᠭᠡᠷ᠎ᠡ ᠪᠡᠨ ᠤᠨᠠᠭᠠᠯᠠᠭᠰᠠᠨ
ᠤᠯᠠᠭᠠᠭᠴᠢ ᠭᠡᠭᠦᠨ ᠦ᠌ ᠤᠨᠠᠭ᠎ᠠ ᠶᠤᠮ ᠠ᠋ ᠬᠦ
ᠤᠯᠤᠰ ᠤ᠋ᠨ ᠢ᠋ᠶ᠋ᠠᠨ ᠨᠠᠭᠠᠳᠤᠮ ᠳ᠋ᠤ᠌ ᠲᠡᠷᠢᠭᠦᠯᠡᠭᠰᠡᠨ ᠬᠦᠯᠦᠭ ᠠ᠋
ᠮᠣᠭᠠᠢ ᠬᠡᠭᠡᠷ ᠮᠣᠷᠢ ᠮᠢᠨᠢ ᠠ᠋ ᠬᠦ᠌
ᠬᠠᠳᠠᠨ ᠳᠡᠭᠡᠷ᠎ᠡ ᠪᠡᠨ ᠤᠨᠠᠭᠠᠯᠠᠭᠰᠠᠨ
ᠬᠠᠷᠠᠭᠴᠢ ᠭᠡᠭᠦᠨ ᠦ᠌ ᠤᠨᠠᠭ᠎ᠠ ᠶᠤᠮ ᠠ᠋ ᠬᠦ
ᠬᠠᠮᠤᠭ ᠤ᠋ᠨ ᠢ᠋ᠶ᠋ᠠᠨ ᠨᠠᠭᠠᠳᠤᠮ ᠳ᠋ᠤ᠌ ᠲᠡᠷᠢᠭᠦᠯᠡᠭᠰᠡᠨ ᠬᠦᠯᠦᠭ ᠠ᠋
ᠮᠣᠭᠠᠢ ᠬᠡᠭᠡᠷ ᠮᠣᠷᠢ ᠮᠢᠨᠢ ᠠ᠋ ᠬᠦ᠌
ᠬᠠᠮᠤᠭ ᠤ᠋ᠨ ᠢ᠋ᠶ᠋ᠠᠨ ᠨᠠᠭᠠᠳᠤᠮ ᠳ᠋ᠤ᠌ ᠲᠡᠷᠢᠭᠦᠯᠡᠭᠰᠡᠨ ᠬᠦᠯᠦᠭ ᠠ᠋
ᠮᠣᠭᠠᠢ ᠬᠡᠭᠡᠷ ᠮᠣᠷᠢ ᠮᠢᠨᠢ ᠠ᠋ ᠬᠦ᠌
ᠴᠠᠰᠤᠨ ᠤ᠋ ᠳᠡᠭᠡᠷ᠎ᠡ ᠪᠡᠨ ᠤᠨᠠᠭᠠᠯᠠᠭᠰᠠᠨ
ᠴᠠᠭᠠᠭᠴᠢ ᠭᠡᠭᠦᠨ ᠦ᠌ ᠤᠨᠠᠭ᠎ᠠ ᠶᠤᠮ ᠠ᠋ ᠬᠦ
ᠴᠠᠭ ᠦᠨ ᠢ᠋ᠶ᠋ᠡᠨ ᠨᠠᠭᠠᠳᠤᠮ ᠳ᠋ᠤ᠌ ᠲᠡᠷᠢᠭᠦᠯᠡᠭᠰᠡᠨ ᠬᠦᠯᠦᠭ ᠠ᠋
ᠮᠣᠭᠠᠢ ᠬᠡᠭᠡᠷ ᠮᠣᠷᠢ ᠮᠢᠨᠢ ᠠ᠋ ᠬᠦ
ᠴᠠᠭ ᠤ᠋ᠨ ᠢ᠋ᠶ᠋ᠠᠨ ᠨᠠᠭᠠᠳᠤᠮ ᠳ᠋ᠤ᠌ ᠲᠡᠷᠢᠭᠦᠯᠡᠭᠰᠡᠨ ᠬᠦᠯᠦᠭ ᠠ᠋
ᠮᠣᠭᠠᠢ ᠬᠡᠭᠡᠷ ᠮᠣᠷᠢ ᠮᠢᠨᠢ ᠠ᠋ ᠬᠦ
ᠮᠣᠭᠠᠢ ᠬᠡᠭᠡᠷ ᠮᠣᠷᠢ ᠮᠢᠨᠢ ᠠ᠋ ᠬᠦ
ᠦᠰᠦᠭ ᠠᠮᠢᠯᠠᠭᠤᠯᠤᠭᠴᠢ᠄ ᠪᠦᠷᠢᠨ᠎ᠡ
ᠬᠢᠨᠠᠭᠴᠢ᠄ ᠮᠤᠩᠭᠤᠯᠵᠠᠶᠠᠭ᠎ᠡ
