ᠳᠣᠯᠣᠭᠠᠨ ᠪᠤᠷᠬᠠᠨ ᠪ ᠰᠢᠭᠦᠳᠡᠷᠢ_ᠬᠠᠷᠭᠠᠢ ᠬᠠᠮᠲᠤᠯᠢᠭ᠋Долоон бурхны шүүдэр-Харгай хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠪᠤᠷᠬᠠᠨ ᠪ ᠰᠢᠭᠦᠳᠡᠷᠢ_ᠬᠠᠷᠭᠠᠢ ᠬᠠᠮᠲᠤᠯᠢᠭ᠋Долоон бурхны шүүдэр-Харгай хамтлаг

ᠳᠣᠯᠣᠭᠠᠨ ᠪᠤᠷᠬᠠᠨ ᠪ ᠰᠢᠭᠦᠳᠡᠷᠢ_ᠬᠠᠷᠭᠠᠢ ᠬᠠᠮᠲᠤᠯᠢᠭ᠋Долоон бурхны шүүдэр-Харгай хамтлаг

ᠠᠩᠭᠢᠯᠠᠯ:ᠳᠠᠭᠤᠤ ᠬᠥᠭᠵᠢᠮ
2025-02-18

1253

ᠳᠣᠯᠣᠭᠠᠨ ᠪᠤᠷᠬᠠᠨ ᠤ᠋ ᠰᠢᠭᠦᠳᠡᠷᠢ


           ᠦᠭᠡ᠄ ᠳ᠂ ᠪᠠᠭᠠᠲᠤᠷ 
           ᠠᠶ᠎ᠠ᠄ ᠵ ᠳᠠᠪᠰᠢᠯᠳᠤ 
           ᠬᠠᠷᠭᠠᠢ ᠬᠠᠮᠲᠤᠯᠢᠭ ᠳᠠᠭᠤᠯᠠᠨ᠎ᠠ  

 ᠴᠡᠯᠮᠡᠭ ᠰᠠᠷᠠᠨ ᠤ᠋ ᠭᠡᠭᠡ ᠲᠣᠭᠣᠨᠣ ᠪᠠᠷ ᠵᠠᠢᠴᠢᠯᠠᠨ ᠠᠰᠬᠠᠷᠠᠬᠤ ᠪᠠᠷ 
 ᠴᠡᠩᠬᠡᠷ ᠦ᠋ᠨ ᠭᠤᠷᠪᠠᠨ ᠨᠠᠭᠤᠷ ᠨᠢ ᠮᠡᠯᠲᠡᠢᠵᠦ ᠪᠠᠢᠬᠤ ᠰᠢᠭ᠋ ᠪᠣᠳᠣᠭᠳᠠᠯ᠎ᠠ 
 ᠴᠡᠴᠡᠭᠡᠰ ᠦ᠋ᠨ ᠦᠨᠦᠷ ᠲᠡᠢ ᠨᠤᠲᠤᠭ ᠢ᠋ᠶ᠋ᠠᠨ ᠵᠡᠭᠦᠳᠦᠯᠡᠵᠦ ᠤᠳᠠᠯ᠎ᠠ ᠳᠠ 
 ᠴᠡᠮᠴᠡᠭᠡᠷ ᠪᠤᠭᠤᠷᠤᠯ ᠡᠵᠢ ᠪᠡᠷ ᠢ᠋ᠶ᠋ᠡᠨ ᠲᠡᠪᠡᠷᠢᠭᠦᠯᠦᠭᠡᠳ ᠵᠣᠯᠭᠠᠮᠠᠷ ᠰᠠᠨᠠᠭᠳᠠᠯ᠎ᠠ  

 ᠡᠩᠭᠡᠷ ᠳᠡᠭᠡᠷ᠎ᠡ ᠪᠡᠨ ᠪᠦᠪᠡᠢᠯᠡᠭᠰᠡᠨ ᠡᠵᠢ ᠨᠤᠲᠤᠭ ᠬᠣᠶᠠᠷ ᠮᠢᠨᠢ 
 ᠡᠩᠬᠡ ᠶ᠋ᠢᠨ ᠠᠯᠲᠠᠨ ᠵᠠᠶᠠᠭᠠᠨ ᠤ᠋ ᠳᠡᠯᠭᠡᠷ ᠨᠣᠭᠣᠭᠠᠨ ᠬᠠᠩᠭᠠᠢ ᠮᠢᠨᠢ ᠠ᠋ 
 ᠠᠯᠲᠠᠨ ᠨᠠᠷᠠᠨ ᠤ᠋ ᠲᠤᠶᠠᠭᠠᠨ ᠳ᠋ᠤ᠌ ᠡᠭᠦᠳᠡ ᠬᠣᠢᠮᠣᠷ ᠬᠡᠷᠡᠯᠳᠦᠬᠦ ᠪᠡᠷ 
 ᠠᠯᠤᠰ ᠤ᠋ᠨ ᠠᠭᠤᠯᠠᠰ ᠰᠠᠨᠠᠭᠠᠨ ᠳ᠋ᠤ᠌ ᠢᠯᠡᠬᠡᠨ ᠲᠣᠳᠣᠷᠠᠯ᠎ᠠ  

 ᠠᠭᠢ ᠶ᠋ᠢᠨ ᠦᠨᠦᠷ ᠲᠡᠢ ᠨᠤᠲᠤᠭ ᠢ᠋ᠶ᠋ᠠᠨ ᠰᠠᠨᠠᠵᠤ ᠤᠳᠠᠯ᠎ᠠ ᠳᠠ 
 ᠠᠵᠠᠢ ᠪᠤᠭᠤᠷᠤᠯ ᠠᠪᠤ ᠪᠠᠷ ᠢ᠋ᠶ᠋ᠠᠨ ᠦᠨᠦᠰᠦᠭᠦᠯᠦᠭᠡᠳ ᠵᠣᠯᠭᠠᠮᠠᠷ ᠰᠠᠨᠠᠭᠳᠠᠯ᠎ᠠ 
 ᠠᠯᠠᠭᠠᠨ ᠳᠡᠭᠡᠷ᠎ᠡ ᠪᠡᠨ ᠡᠩᠬᠦᠷᠡᠢᠯᠡᠭᠰᠡᠨ ᠠᠪᠤ ᠨᠤᠲᠤᠭ ᠬᠣᠶᠠᠷ ᠮᠢᠨᠢ 
 ᠠᠮᠢᠳᠤ ᠶ᠋ᠢᠨ ᠠᠯᠲᠠᠨ ᠵᠠᠶᠠᠭᠠᠨ ᠤ᠋ ᠴᠡᠯᠡᠭᠡᠷ ᠨᠣᠮᠢᠨ ᠲᠩᠷᠢ ᠮᠢᠨᠢ ᠠ᠋  

 ᠳᠣᠯᠣᠭᠠᠨ ᠪᠤᠷᠬᠠᠨ ᠤ᠋ ᠰᠢᠭᠦᠳᠡᠷᠢ ᠳᠡᠭᠡᠪᠦᠷ ᠴᠢᠬᠢᠭᠳᠡᠭᠦᠯᠵᠦ ᠪᠠᠭᠤᠬᠤ ᠪᠠᠷ 
 ᠳᠣᠷᠣᠨ᠎ᠠ ᠶ᠋ᠢᠨ ᠰᠢᠷᠭᠠᠯ ᠲᠠᠯ᠎ᠠ ᠶ᠋ᠢᠨ ᠬᠠᠯᠢᠭᠤᠷᠠᠵᠤ ᠪᠠᠢᠬᠤ ᠨᠢ ᠬᠠᠷᠠᠭᠳᠠᠯ᠎ᠠ 
 ᠳᠣᠮᠣᠭ ᠳᠣᠮᠣᠭ ᠲᠠᠢ ᠨᠤᠲᠤᠭ ᠢ᠋ᠶ᠋ᠠᠨ ᠵᠣᠷᠢᠵᠤ ᠤᠳᠠᠯ᠎ᠠ ᠳᠠ 
 ᠳᠣᠲᠣᠨᠣ ᠶ᠋ᠢᠨ ᠠᠮᠠᠷᠠᠭ ᠴᠢᠮ᠎ᠠ ᠤᠷᠤᠭᠤ ᠪᠠᠨ ᠲᠡᠮᠡᠦᠯᠦᠭᠡᠳ ᠣᠴᠢᠮᠠᠷ ᠰᠠᠨᠠᠭᠳᠠᠯ᠎ᠠ  

 ᠳᠠᠭᠤᠨ ᠤ᠋ ᠵᠥᠭᠡᠯᠡᠨ ᠤᠶᠠᠩᠭ᠎ᠠ ᠲᠠᠢ ᠬᠠᠨᠢ ᠨᠤᠲᠤᠭ ᠬᠣᠶᠠᠷ ᠮᠢᠨᠢ 
 ᠳᠤᠷᠠᠯᠠᠯ ᠤ᠋ᠨ ᠠᠯᠲᠠᠨ ᠵᠠᠶᠠᠭᠠᠨ ᠤ᠋ ᠬᠠᠢᠷ᠎ᠠ ᠶ᠋ᠢᠨ ᠬᠣᠩᠭᠣᠷ ᠵᠢᠷᠦᠬᠡ ᠮᠢᠨᠢ 
 ᠠᠮᠢᠳᠤ ᠶ᠋ᠢᠨ ᠠᠯᠲᠠᠨ ᠵᠠᠶᠠᠭᠠᠨ ᠤ᠋ ᠠᠪᠤ ᠡᠵᠢ ᠶ᠋ᠢᠨ ᠨᠤᠲᠤᠭ ᠮᠢᠨᠢ ᠠ᠋ 
 ᠠᠪᠤ ᠡᠵᠢ ᠶ᠋ᠢᠨ ᠨᠤᠲᠤᠭ ᠠ᠋        

      ᠦᠰᠦᠭ ᠠᠮᠢᠯᠠᠭᠤᠯᠤᠭᠰᠠᠨ ᠨᠢ᠄ ᠮᠥᠩᠭᠥᠨ