ᠮᠣᠩᠭᠣᠯ ᠡᠮ ᠡᠮᠨᠡᠯᠭᠡ – (ᠭᠤᠷᠪᠠ) Монгол эм эмнэлэг (3)
《ᠥᠩᠭᠡ ᠶ᠋ᠢᠨ ᠳᠡᠭᠡᠳᠦ 》᠂ 《ᠤᠯᠠᠭᠠᠨ ᠳᠤᠰᠤᠯ 》᠂ 《 ᠰᠠᠷ᠎ᠠ ᠶ᠋ᠢᠨ ᠭᠬᠢᠷ 》 ᠦ᠋ᠨ ᠲᠤᠬᠠᠢ ᠥᠭᠦᠯᠡᠬᠦ ᠨᠢ
《ᠠᠨᠠᠭᠠᠬᠤ ᠤᠬᠠᠭᠠᠨ ᠤ᠋ ᠳᠥᠷᠪᠡᠨ ᠦᠨᠳᠦᠰᠦ》 ᠳ᠋ᠦ᠍ 《ᠳᠤᠰᠤᠯ ᠨᠢ ᠰᠠᠮᠰᠧ ᠳ᠋ᠦ᠍ ᠬᠤᠷᠠᠵᠤ ᠲᠤᠩᠭᠠᠯᠠᠭ ᠴᠥᠪ ᠢᠯᠭᠠᠷᠠᠨ᠎ᠠ᠂ ᠴᠥᠪ ᠨᠢ ᠦᠷ᠎ᠡ ᠶ᠋ᠢᠨ ᠬᠥᠷᠥᠩᠭᠡ ᠪᠣᠯᠵᠤ᠂ ᠲᠤᠩᠭᠠᠯᠠᠭ ᠨᠢ ᠥᠩᠭᠡ ᠶ᠋ᠢᠨ ᠳᠡᠭᠡᠳᠦ ᠪᠣᠯᠵᠤ ᠭᠣᠣᠯᠳᠠᠭᠤ ᠵᠢᠷᠦᠬᠡᠨ ᠳ᠋ᠦ᠍ ᠣᠷᠣᠰᠢᠪᠠᠴᠤ ᠴᠢᠳᠠᠯ ᠨᠢ ᠪᠦᠬᠦ ᠪᠡᠶ᠎ᠡ ᠳ᠋ᠦ᠍ ᠲᠦᠭᠡᠵᠦ᠂ ᠨᠠᠰᠤ ᠶ᠋ᠢ ᠤᠷᠲᠤᠳᠬᠠᠨ ᠥᠩᠭᠡ ᠵᠢᠪᠬᠤᠯᠠᠩ ᠢ᠋ ᠲᠡᠭᠦᠯᠳᠡᠷᠵᠢᠭᠦᠯᠦᠨ᠎ᠡ》ᠭᠡᠵᠦ ᠥᠭᠦᠯᠡᠵᠡᠢ᠃ ᠡᠭᠦᠨ ᠡᠴᠡ ᠦᠵᠡᠪᠡᠯ 《ᠥᠩᠭᠡ ᠶ᠋ᠢᠨ ᠳᠡᠭᠡᠳᠦ》ᠨᠢ ᠨᠢᠯᠬᠠᠰ ᠠ᠋ᠴᠠ ᠬᠥᠭᠰᠢᠳ ᠬᠦᠷᠲᠡᠯ᠎ᠡ ᠬᠥᠮᠦᠨ ᠪᠦᠬᠦᠨ ᠳ᠋ᠦ᠍ ᠪᠠᠢᠵᠤ᠂ ᠠᠮᠢ ᠨᠠᠰᠤ ᠶ᠋ᠢ ᠤᠷᠲᠤᠳᠬᠠᠵᠤ ᠲᠤᠰ ᠲᠤᠰ ᠤ᠋ᠨ ᠣᠨᠴᠠᠯᠢᠭ ᠬᠠᠳᠠᠭᠠᠯᠠᠭᠰᠠᠨ ᠥᠩᠭᠡ ᠵᠢᠪᠬᠤᠯᠠᠩ ᠢ᠋ ᠪᠣᠢ ᠪᠣᠯᠭᠠᠬᠤ ᠶᠤᠮ ᠪᠠᠢᠨ᠎ᠠ᠃ ᠳᠤᠰᠤᠯ ᠤ᠋ᠨ ᠴᠥᠪ ᠨᠢ ᠦᠷ᠎ᠡ ᠶ᠋ᠢᠨ ᠬᠥᠷᠥᠩᠭᠡ ᠪᠣᠯᠵᠤ ᠰᠡᠮᠰᠧ ᠳ᠋ᠦ᠍ ᠦᠯᠡᠳᠡᠨ᠎ᠡ᠃ ᠡᠨᠳᠡ ᠪᠢᠳᠡ 《ᠬᠥᠷᠥᠩᠭᠡ》ᠭᠡᠳᠡᠭ ᠦᠭᠡ ᠶ᠋ᠢᠨ ᠤᠳᠬ᠎ᠠ ᠶ᠋ᠢ ᠰᠢᠨᠵᠢᠯᠡᠪᠡᠯ ᠳᠠᠷᠤᠢ ᠦᠨᠳᠦᠰᠦ ᠰᠤᠷᠪᠤᠯᠵᠢ ᠲᠡᠳᠦᠢ᠂ ᠵᠢᠩᠬᠢᠨᠢ ᠦᠷ᠎ᠡ ᠪᠣᠯᠪᠠᠰᠤᠷᠠᠭᠠᠳᠤᠢ᠂ ᠴᠢᠨᠠᠭᠰᠢᠳᠠ ᠪᠠᠰᠠ ᠦᠷ᠎ᠡ ᠪᠣᠯᠤᠨ ᠪᠣᠯᠪᠠᠰᠤᠷᠠᠬᠤ ᠴᠢᠬᠤᠯᠠ ᠲᠠᠢ᠃ ᠡᠢᠮᠦ ᠡᠴᠡ ᠬᠡᠦᠬᠡᠳ ᠪᠠᠭᠠᠴᠤᠳ ᠤ᠋ᠨ ᠰᠡᠮᠰᠧ ᠨᠢ ᠪᠣᠢᠵᠢᠵᠤ ᠭᠦᠢᠴᠡᠭᠡ ᠦᠭᠡᠢ ᠲᠤᠯᠠ ᠴᠢᠨᠠᠭᠰᠢᠳᠠ ᠴᠠᠭᠠᠨ ᠳᠤᠰᠤᠯ᠂ ᠤᠯᠠᠭᠠᠨ ᠳᠤᠰᠤᠯ ᠪᠣᠯᠤᠨ ᠪᠣᠯᠪᠠᠰᠤᠷᠠᠬᠤ ᠦᠭᠡᠢ᠃ ᠳᠥᠷᠪᠡᠨ ᠦᠨᠳᠦᠰᠦ ᠳ᠋ᠦ᠍《ᠰᠡᠮᠰᠧ ᠨᠢ ᠡᠳ᠋ ᠦ᠋ᠨ ᠰᠠᠩ ᠮᠡᠲᠦ ᠰᠠᠪᠠ》ᠭᠡᠰᠡᠨ ᠨᠢ ᠤᠳᠤᠮ ᠤᠭᠰᠠᠭ᠎ᠠ ᠶ᠋ᠢ ᠤᠯᠠᠮᠵᠢᠯᠠᠬᠤ ᠦᠷ᠎ᠡ ᠶ᠋ᠢᠨ ᠬᠥᠷᠥᠩᠭᠡ ᠬᠠᠳᠠᠭᠠᠯᠠᠬᠤ ᠪᠠ ᠪᠣᠯᠪᠠᠰᠤᠷᠠᠭᠤᠯᠬᠤ ᠶ᠋ᠢ ᠳᠦᠷᠰᠦᠯᠡᠭᠰᠡᠨ ᠪᠠᠢᠵᠤ ᠮᠡᠳᠡᠨ᠎ᠡ᠂ ᠬᠥᠮᠦᠰ ᠦᠳᠡᠯᠦᠭᠡ ᠨᠠᠰᠤᠨ ᠳ᠋ᠤ᠌ ᠬᠦᠷᠴᠦ ᠰᠡᠮᠰᠧ ᠶ᠋ᠢᠨ ᠠᠵᠢᠯᠯᠠᠭ᠎ᠠ ᠪᠠᠭᠤᠷᠠᠭᠰᠠᠨ ᠦᠶᠡᠰ ᠳᠤᠰᠤᠯ ᠤ᠋ᠨ ᠲᠤᠩᠭᠠᠯᠠᠭ 《ᠥᠩᠭᠡ ᠶ᠋ᠢᠨ ᠳᠡᠭᠡᠳᠦ》 ᠨᠢ ᠦᠳᠡᠯᠦᠭᠡ ᠨᠠᠰᠤᠨ ᠤ᠋ ᠥᠩᠭᠡ ᠵᠢᠪᠬᠤᠯᠠᠩ ᠢ᠋ ᠲᠡᠭᠦᠯᠳᠡᠷᠵᠢᠭᠦᠯᠦᠨ᠎ᠡ᠃ ᠴᠥᠪ ᠨᠢ ᠴᠢᠨᠠᠭᠰᠢ ᠪᠣᠯᠪᠠᠰᠤᠷᠠᠵᠤ ᠳᠡᠢᠯᠬᠦ ᠦᠭᠡᠢ ᠲᠤᠯᠠ ᠰᠡᠮᠰᠧ ᠳ᠋ᠡᠭᠡᠨ ᠦᠯᠡᠳᠡᠨ᠎ᠡ᠃ ᠬᠥᠮᠦᠨ ᠦ᠌ ᠦᠷᠡᠵᠢᠯ ᠦ᠋ᠨ ᠡᠷᠬᠡᠲᠡᠨ ᠪᠣᠢᠵᠢᠨ ᠭᠦᠢᠴᠡᠭᠰᠡᠨ ᠦ᠌ ᠳᠠᠷᠠᠭ᠎ᠠ ᠰᠡᠮᠰᠧ ᠶ᠋ᠢᠨ ᠠᠵᠢᠯᠯᠠᠭ᠎ᠠ ᠨᠢ ᠡᠬᠢᠯᠡᠵᠦ᠂ ᠦᠷ᠎ᠡ ᠶ᠋ᠢᠨ ᠬᠥᠷᠥᠩᠭᠡ ᠨᠢ ᠡᠷᠡᠭᠲᠡᠢ ᠶ᠋ᠢᠨ ᠴᠠᠭᠠᠨ ᠳᠤᠰᠤᠯ᠂ ᠡᠮᠡᠭᠲᠡᠢ ᠶ᠋ᠢᠨ ᠤᠯᠠᠭᠠᠨ ᠳᠤᠰᠤᠯ ᠪᠣᠯᠵᠤ ᠪᠣᠯᠪᠠᠰᠤᠷᠠᠨ᠎ᠠ᠃ ᠡᠭᠦᠨ ᠳ᠋ᠦ᠍ ᠵᠢᠷᠦᠬᠡᠨ ᠳ᠋ᠦ᠍ ᠣᠷᠣᠰᠢᠭᠰᠠᠨ《ᠥᠩᠭᠡ ᠶ᠋ᠢᠨ ᠳᠡᠭᠡᠳᠦ》ᠨᠢ ᠰᠡᠮᠰᠧ ᠶ᠋ᠢᠨ ᠠᠵᠢᠯᠯᠠᠭ᠎ᠠ ᠳ᠋ᠤ᠌ ᠣᠷᠣᠯᠴᠠᠵᠤ᠂ ᠡᠮᠡᠭᠲᠡᠢ ᠶ᠋ᠢᠨ ᠰᠠᠷ᠎ᠠ ᠶ᠋ᠢᠨ ᠭᠬᠢᠷ ᠢ᠋ ᠢᠷᠡᠭᠦᠯᠬᠦ᠂ ᠳᠠᠭᠤ ᠶ᠋ᠢ ᠨᠠᠷᠢᠰᠬᠠᠨ ᠥᠨᠳᠥᠷᠵᠢᠭᠦᠯᠬᠦ᠂ ᠬᠥᠬᠥ ᠶ᠋ᠢ ᠥᠰᠬᠡᠬᠦ᠂ ᠮᠠᠷᠢᠶᠠᠯᠠᠭᠤᠯᠬᠤ ᠪᠠ ᠡᠷᠡᠭᠲᠡᠢ ᠶ᠋ᠢᠨ ᠰᠠᠬᠠᠯ᠂ ᠬᠤᠤᠵᠠ ᠶ᠋ᠢ ᠤᠷᠭᠤᠭᠤᠯᠤᠨ᠂ ᠳᠠᠭᠤ ᠶ᠋ᠢ ᠨᠢ ᠪᠦᠳᠦᠭᠦᠷᠡᠭᠦᠯᠬᠦ ᠵᠡᠷᠭᠡ ᠲᠤᠰ ᠲᠤᠰ ᠤ᠋ᠨ ᠥᠩᠭᠡ ᠵᠢᠪᠬᠤᠯᠠᠩ ᠣᠨᠴᠠᠯᠢᠭ ᠳᠦᠷᠢ ᠶ᠋ᠢ ᠢᠯᠡᠷᠡᠭᠦᠯᠦᠨ᠎ᠡ᠃ ᠳᠠᠷᠤᠢ ᠡᠸᠦ᠋ᠷᠣᠫ ᠡᠮᠨᠡᠯᠭᠡ ᠶ᠋ᠢᠨ 《ᠬᠣᠶᠠᠳᠠᠭᠴᠢ ᠰᠢᠨᠵᠢ ᠲᠡᠮᠳᠡᠭ》 ᠢ᠋ ᠢᠯᠡᠷᠡᠭᠦᠯᠦᠨ᠎ᠡ᠃ ᠡᠷᠡᠭᠲᠡᠢ ᠶ᠋ᠢᠨ ᠰᠡᠮᠰᠧ ᠶ᠋ᠢ ᠲᠥᠮᠥᠰᠥ ᠭᠡᠵᠦ ᠦᠵᠡᠳᠡᠭ᠃ ᠳᠤᠰᠤᠯ ᠳ᠋ᠤ᠌ 《ᠥᠩᠭᠡ ᠶ᠋ᠢᠨ ᠳᠡᠭᠡᠳᠦ᠂ ᠦᠷ᠎ᠡ ᠶ᠋ᠢᠨ ᠬᠥᠷᠥᠩᠭᠡ》 ᠶ᠋ᠢᠨ ᠪᠦᠷᠢᠯᠳᠦᠬᠦᠨ ᠪᠠᠢᠵᠤ ᠪᠡᠶ᠎ᠡ ᠶ᠋ᠢᠨ ᠵᠤᠬᠢᠴᠭᠤᠯᠬᠤ ᠴᠢᠳᠠᠪᠤᠷᠢ ᠳ᠋ᠤ᠌ ᠲᠦᠰᠢᠭᠯᠡᠨ ᠦᠢᠯᠡᠳᠦᠯ ᠢ᠋ᠶ᠋ᠡᠨ ᠪᠠᠳᠠᠷᠠᠭᠤᠯᠳᠠᠭ ᠲᠤᠯᠠ ᠠᠮᠢ ᠨᠠᠰᠤᠨ ᠳ᠋ᠤ᠌ ᠬᠠᠷᠰᠢ ᠪᠣᠯᠬᠤ ᠦᠭᠡᠢ᠂ ᠬᠠᠷᠢᠨ ᠬᠥᠮᠦᠨ ᠦ᠌ ᠬᠡᠯᠪᠡᠷᠢ ᠳᠦᠷᠰᠦ ᠥᠩᠭᠡ ᠵᠢᠪᠬᠤᠯᠠᠩ ᠳ᠋ᠤ᠌ ᠬᠤᠪᠢᠷᠠᠯᠲᠠ ᠭᠠᠷᠭᠠᠳᠠᠭ ᠪᠠᠢᠨ᠎ᠠ᠃ ᠡᠨᠡᠬᠦ 《ᠥᠩᠭᠡ ᠶ᠋ᠢᠨ ᠳᠡᠭᠡᠳᠦ》ᠨᠢ ᠣᠳᠣᠬᠢ ᠡᠸᠦ᠋ᠷᠣᠫ ᠡᠮᠨᠡᠯᠭᠡ ᠶ᠋ᠢᠨ 《ᠬᠣᠷᠮᠣᠨ》 ᠤ᠋ ᠦᠢᠯᠡᠳᠦᠯ ᠲᠡᠢ ᠶᠡᠬᠡ ᠲᠥᠰᠦᠭᠡᠲᠡᠢ ᠪᠠᠢᠨ᠎ᠠ᠃《ᠬᠣᠷᠮᠣᠨ》ᠪᠣᠯ ᠳᠣᠲᠣᠭᠠᠳᠤ ᠱᠦᠭᠦᠷᠡᠯ ᠦ᠋ᠨ ᠰᠢᠰᠲ᠋ᠧᠮ ᠪᠣᠯᠬᠤ ᠪᠠᠮᠪᠠᠢ ᠪᠤᠯᠴᠢᠷᠬᠠᠢ᠂ ᠪᠠᠮᠪᠠᠢ ᠶ᠋ᠢᠨ ᠬᠠᠵᠠᠭᠤ ᠶ᠋ᠢᠨ ᠪᠤᠯᠴᠢᠷᠬᠠᠢ᠂ ᠪᠥᠭᠡᠷ᠎ᠡ ᠶ᠋ᠢᠨ ᠳᠡᠭᠡᠳᠦ ᠪᠤᠯᠴᠢᠷᠬᠠᠢ᠂ ᠨᠣᠢᠷ ᠤ᠋ᠨ ᠰᠠᠷᠠᠯ᠂ ᠥᠨᠥᠴᠢᠨ ᠲᠠᠷᠢᠬᠢ᠂ ᠪᠡᠯᠭᠡ ᠶ᠋ᠢᠨ ᠪᠤᠯᠴᠢᠷᠬᠠᠢ (ᠰᠡᠮᠰᠧ) ᠵᠡᠷᠭᠡ ᠭᠤᠤᠷᠰᠤ ᠦᠭᠡᠢ ᠪᠤᠯᠴᠢᠷᠬᠠᠢ ᠠ᠋ᠴᠠ ᠱᠦᠭᠦᠷᠡᠭᠦᠯᠬᠦ ᠬᠢᠮᠢ ᠶ᠋ᠢᠨ ᠪᠣᠳᠠᠰ ᠪᠣᠯᠤᠨ᠎ᠠ᠃ 《ᠬᠣᠷᠮᠣᠨ》ᠨᠢ ᠳᠠᠮᠵᠢᠭᠤᠯᠬᠤ ᠭᠤᠤᠷᠰᠤ ᠪᠠᠷ ᠳᠠᠮᠵᠢᠬᠤ ᠦᠭᠡᠢ ᠪᠡᠷ ᠰᠢᠭᠤᠳ ᠴᠢᠰᠤᠨ ᠳ᠋ᠤ᠌ ᠣᠷᠣᠵᠤ ᠪᠦᠬᠦ ᠪᠡᠶ᠎ᠡ ᠶ᠋ᠢᠨ ᠵᠣᠬᠢᠬᠤ ᠡᠳ᠋ ᠨᠡᠬᠡᠳᠡᠰᠦᠨ ᠳ᠋ᠦ᠍ ᠬᠦᠷᠭᠡᠭᠳᠡᠨ ᠬᠥᠮᠦᠨ ᠦ᠌ ᠪᠡᠶ᠎ᠡ ᠶ᠋ᠢᠨ ᠳᠣᠲᠣᠭᠠᠳᠤᠬᠢ ᠪᠣᠳᠠᠰ ᠤ᠋ᠨ ᠰᠣᠯᠢᠯᠴᠠᠭᠠᠨ ᠤ᠋ ᠶᠠᠪᠤᠴᠠ᠂ ᠪᠡᠶ᠎ᠡ ᠶ᠋ᠢᠨ ᠥᠰᠦᠯᠲᠡ ᠪᠣᠢᠵᠢᠯᠲᠠ᠂ ᠲᠥᠷᠥᠵᠦ ᠥᠰᠬᠦ᠂ ᠥᠲᠡᠯᠬᠦ ᠵᠡᠷᠭᠡ ᠠᠮᠢᠳᠤᠷᠠᠬᠤ ᠵᠦᠢ ᠪᠠ ᠠᠮᠢ ᠨᠠᠰᠤᠨ ᠤ᠋ ᠬᠥᠳᠡᠯᠭᠡᠭᠡᠨ ᠢ᠋ ᠵᠣᠬᠢᠴᠠᠭᠤᠯᠤᠨ ᠪᠡᠶ᠎ᠡ ᠶ᠋ᠢᠨ ᠳᠣᠲᠣᠭᠠᠳᠤᠬᠢ ᠬᠠᠷᠢᠴᠠᠩᠭᠤᠢ ᠲᠣᠭᠲᠠᠩᠭᠤᠢ ᠪᠠᠢᠳᠠᠯ ᠢ᠋ ᠪᠠᠲᠤᠯᠠᠳᠠᠭ᠃ ᠬᠣᠷᠮᠣᠨ ᠤ᠋ ᠱᠦᠭᠦᠷᠡᠯᠲᠡ ᠲᠡᠩᠴᠡᠭᠦᠷᠢ ᠪᠡᠨ ᠠᠯᠳᠠᠪᠠᠯ ᠰᠢᠭᠤᠳ ᠵᠢᠷᠦᠬᠡᠨ ᠳ᠋ᠦ᠍ ᠨᠥᠯᠥᠭᠡ ᠦᠵᠡᠭᠦᠯᠦᠨ᠎ᠡ᠃ ᠵᠢᠱ᠌ᠢᠶᠡᠯᠡᠪᠡᠯ᠄ ᠪᠠᠮᠪᠠᠢ ᠪᠤᠯᠴᠢᠷᠬᠠᠢ ᠶ᠋ᠢᠨ ᠠᠵᠢᠯᠯᠠᠭ᠎ᠠ ᠴᠢᠩᠭᠠᠷᠠᠭᠰᠠᠨ ᠠ᠋ᠴᠠ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠬᠤ᠂ ᠵᠢᠷᠦᠬᠡ ᠲᠦᠭᠰᠢᠬᠦ᠂ ᠨᠣᠢᠷ ᠬᠤᠯᠵᠢᠬᠤ᠂ ᠠᠮᠢᠰᠬᠤᠯ ᠴᠢᠬᠤᠯᠳᠠᠬᠤ ᠵᠡᠷᠭᠡ ᠡᠪᠡᠳᠴᠢᠨ ᠦ᠌ ᠰᠢᠨᠵᠢ ᠶ᠋ᠢ ᠢᠯᠡᠷᠡᠭᠦᠯᠦᠨ᠎ᠡ᠃ ᠥᠨᠥᠴᠢᠨ ᠲᠠᠷᠢᠬᠢᠨ ᠤ᠋ ᠥᠰᠦᠯᠲᠡ ᠶ᠋ᠢᠨ 《ᠬᠣᠷᠮᠣᠨ》ᠬᠡᠲᠦᠷᠡᠭᠰᠡᠨ ᠡᠴᠡ ᠪᠡᠶ᠎ᠡ ᠶ᠋ᠢᠨ ᠶᠠᠰᠤ ᠪᠦᠳᠦᠭᠦᠷᠡᠬᠦ᠂ ᠪᠠᠭᠠᠰᠪᠠᠯ ᠪᠡᠶ᠎ᠡ ᠨᠢ ᠣᠳᠣᠢ ᠪᠠᠭ᠎ᠠ ᠵᠡᠷᠭᠡ ᠪᠡᠷ ᠪᠡᠶ᠎ᠡ ᠶ᠋ᠢᠨ ᠬᠡᠯᠪᠡᠷᠢ ᠳᠦᠷᠰᠦ ᠶ᠋ᠢ ᠰᠢᠭᠤᠳ ᠨᠥᠯᠥᠭᠡᠯᠡᠨ᠎ᠡ᠃《ᠥᠩᠭᠡ ᠶ᠋ᠢᠨ ᠳᠡᠭᠡᠳᠦ》ᠨᠢ ᠵᠢᠷᠦᠬᠡᠨ ᠳ᠋ᠦ᠍ ᠣᠷᠣᠰᠢᠨ᠎ᠠ᠃ ᠵᠢᠷᠦᠬᠡ ᠨᠢ ᠴᠢᠰᠤᠨ ᠡᠷᠭᠢᠯᠲᠡ ᠶ᠋ᠢᠨ ᠲᠥᠪ ᠪᠣᠯᠬᠤ ᠪᠥᠭᠡᠳ ᠪᠠᠰᠠ ᠮᠡᠳᠡᠷᠡᠬᠦᠢ ᠰᠡᠳᠬᠢᠬᠦᠢ ᠣᠶᠤᠨ ᠤᠬᠠᠭᠠᠨ ᠲᠠᠢ ᠬᠣᠯᠪᠣᠭᠳᠠᠯ ᠲᠠᠢ ᠪᠠᠢᠳᠠᠭ᠃ 《ᠬᠣᠷᠮᠣᠨ》ᠨᠢ ᠬᠥᠮᠦᠨ ᠦ᠌ ᠪᠡᠶ᠎ᠡ ᠶ᠋ᠢᠨ ᠠᠮᠢᠳᠤᠷᠠᠬᠤ ᠵᠦᠢ ᠶ᠋ᠢᠨ ᠠᠵᠢᠯᠯᠠᠭ᠎ᠠ ᠳ᠋ᠤ᠌ ᠴᠢᠬᠤᠯᠠ ᠦᠢᠯᠡᠳᠦᠯ ᠦᠵᠡᠭᠦᠯᠵᠦ ᠠᠮᠢ ᠨᠠᠰᠤᠨ ᠤ᠋ ᠣᠷᠣᠰᠢᠨ ᠲᠣᠭᠲᠠᠨᠢᠬᠤ ᠶ᠋ᠢ ᠪᠠᠲᠤᠯᠠᠳᠠᠭ᠃ 《ᠥᠩᠭᠡ ᠶ᠋ᠢᠨ ᠳᠡᠭᠡᠳᠦ》 ᠨᠢ ᠨᠠᠰᠤ ᠶ᠋ᠢ ᠤᠷᠲᠤᠳᠬᠠᠨ᠂ ᠥᠩᠭᠡ ᠵᠢᠪᠬᠤᠯᠠᠩ ᠢ᠋ ᠲᠡᠭᠦᠯᠳᠡᠷᠵᠢᠭᠦᠯᠦᠨ᠎ᠡ᠃ 《ᠬᠣᠷᠮᠣᠨ》ᠪᠠ 《ᠥᠩᠭᠡ ᠶ᠋ᠢᠨ ᠳᠡᠭᠡᠳᠦ》ᠨᠢ ᠣᠨᠳᠣᠣ ᠬᠣᠶᠠᠷ ᠡᠮᠨᠡᠯᠭᠡ ᠶ᠋ᠢᠨ ᠬᠣᠶᠠᠷ ᠣᠨᠳᠣᠣ ᠣᠨᠣᠯ ᠪᠣᠯᠪᠠᠴᠤ ᠬᠥᠮᠦᠨ ᠦ᠌ ᠪᠡᠶ᠎ᠡ ᠳ᠋ᠦ᠍ ᠦᠵᠡᠭᠦᠯᠬᠦ ᠦᠢᠯᠡᠳᠦᠯ ᠨᠢ ᠠᠳᠠᠯᠢ ᠰᠢᠭ᠋ ᠪᠠᠢᠨ᠎ᠠ᠃ 《ᠤᠯᠠᠭᠠᠨ ᠳᠤᠰᠤᠯ》᠂ 《ᠰᠠᠷ᠎ᠠ ᠶ᠋ᠢᠨ ᠭᠬᠢᠷ》 ᠢ᠋ ᠠᠨᠠᠭᠠᠬᠤ ᠤᠬᠠᠭᠠᠨ ᠤ᠋ ᠨᠡᠪᠲᠡᠷᠬᠡᠢ ᠲᠣᠯᠢ ᠳ᠋ᠤ᠌ 《ᠳᠤᠰᠤᠯ ᠤ᠋ᠨ ᠴᠥᠪ ᠨᠢ ᠤᠯᠠᠭᠠᠨ ᠦᠷ᠎ᠡ ᠪᠣᠯᠤᠨ ᠢᠯᠭᠠᠷᠠᠵᠤ᠂ ᠴᠠᠭᠠᠨ ᠳᠤᠰᠤᠯ ᠲᠠᠢ ᠤᠴᠠᠷᠠᠪᠠᠯ ᠵᠢᠷᠮᠦᠰᠦᠯᠡᠭᠰᠡᠨ ᠦᠷ᠎ᠡ ᠪᠣᠯᠵᠤ ᠬᠡᠦᠬᠡᠨ ᠬᠡᠪᠲᠡᠰᠢᠨ ᠳ᠋ᠦ᠍ ᠲᠣᠭᠲᠠᠵᠤ ᠬᠥᠪᠦᠷᠡᠯ ᠪᠦᠲᠦᠨ᠎ᠡ᠃ ᠡᠰᠡ ᠲᠡᠢᠮᠦ ᠪᠣᠯ ᠳᠠᠷᠤᠢ ᠰᠠᠷ᠎ᠠ ᠶ᠋ᠢᠨ ᠭᠬᠢᠷ ᠪᠣᠯᠵᠤ ᠪᠠᠭᠤᠳᠠᠭ ᠪᠠᠢᠨ᠎ᠠ》ᠭᠡᠵᠡᠢ᠃ ᠡᠨᠡ ᠨᠢ ᠤᠯᠠᠭᠠᠨ ᠦᠷ᠎ᠡ ᠨᠢ ᠰᠠᠷ᠎ᠠ ᠶ᠋ᠢᠨ ᠭᠬᠢᠷ᠂ ᠰᠠᠷ᠎ᠠ ᠶ᠋ᠢᠨ ᠭᠬᠢᠷ ᠨᠢ ᠤᠯᠠᠭᠠᠨ ᠦᠷ᠎ᠡ ᠭᠡᠵᠦ ᠣᠢᠯᠭᠠᠭᠳᠠᠬᠤ ᠲᠤᠯᠠ ᠣᠳᠣ ᠦᠶ᠎ᠡ ᠶ᠋ᠢᠨ ᠡᠮᠨᠡᠯᠭᠡ ᠶ᠋ᠢᠨ ᠰᠠᠷ᠎ᠠ ᠶ᠋ᠢᠨ ᠭᠬᠢᠷ ᠦ᠋ᠨ ᠣᠨᠣᠯ ᠲᠠᠢ ᠵᠥᠷᠢᠶ᠎ᠡ ᠲᠡᠢ ᠪᠠᠢᠨ᠎ᠠ᠃ ᠡᠮᠡᠭᠲᠡᠢ ᠶ᠋ᠢᠨ ᠥᠨᠳᠡᠭᠡ ᠳᠠᠮᠵᠢᠭᠤᠯᠬᠤ ᠭᠤᠤᠷᠰᠤ ᠶ᠋ᠢ ᠲᠠᠰᠤᠯᠬᠤ ᠮᠡᠰᠡ ᠵᠠᠰᠠᠯ ᠬᠢᠭᠰᠡᠨ ᠦ᠌ ᠳᠠᠷᠠᠭ᠎ᠠ ᠤᠯᠠᠭᠠᠨ ᠦᠷ᠎ᠡ (ᠥᠨᠳᠡᠭᠡ) ᠨᠢ ᠬᠡᠦᠬᠡᠨ ᠬᠡᠪᠲᠡᠰᠢᠨ ᠳ᠋ᠦ᠍ ᠣᠷᠣᠵᠤ ᠳᠡᠢᠯᠬᠦ ᠦᠭᠡᠢ᠂ ᠭᠡᠲᠡᠯ᠎ᠡ ᠰᠠᠷ᠎ᠠ ᠭᠬᠢᠷ ᠦ᠋ᠨ ᠡᠷᠭᠢᠯᠲᠡ ᠳ᠋ᠦ᠍ ᠶᠠᠮᠠᠷᠴᠤ ᠬᠤᠪᠢᠷᠠᠯᠲᠠ ᠦᠭᠡᠢ ᠪᠠᠢᠳᠠᠭ᠃ ᠠᠨᠠᠭᠠᠬᠤ ᠤᠬᠠᠭᠠᠨ ᠤ᠋ ᠳᠥᠷᠪᠡᠨ ᠦᠨᠳᠦᠰᠦ ᠳ᠋ᠦ᠍ 《ᠤᠯᠠᠭᠠᠨ ᠳᠤᠰᠤᠯ ᠤ᠋ᠨ ᠪᠣᠢ ᠪᠣᠯᠬᠤ ᠶᠣᠰᠣ ᠨᠢ ᠢᠳᠡᠭᠡᠨ ᠦ᠌ ᠲᠤᠩᠭᠠᠯᠠᠭ ᠤ᠋ᠳ ᠠ᠋ᠴᠠ ᠳᠡᠰ ᠳᠠᠷᠠᠭᠠᠯᠠᠨ ᠬᠤᠪᠢᠷᠠᠭᠰᠠᠭᠠᠷ ᠰᠠᠷ᠎ᠠ ᠪᠦᠷᠢ ᠨᠢᠭᠡ ᠤᠳᠠᠭ᠎ᠠ ᠰᠡᠮᠰᠧ ᠳ᠋ᠦ᠍ ᠬᠤᠷᠠᠵᠤ᠂ ᠡᠨᠡᠬᠦ ᠤᠯᠠᠭᠠᠨ ᠳᠤᠰᠤᠯ ᠨᠢ ᠰᠡᠮᠰᠧ ᠡᠴᠡ ᠪᠡᠨ ᠬᠡᠦᠬᠡᠨ ᠬᠡᠪᠲᠡᠰᠢᠨ ᠦ᠌ ᠪᠠᠷᠠᠭᠤᠨ ᠵᠡᠭᠦᠨ ᠬᠣᠶᠠᠷ ᠶᠡᠬᠡ ᠰᠤᠳᠠᠰᠤ ᠪᠠᠷ ᠳᠡᠮᠵᠢᠵᠦ ᠬᠡᠦᠬᠡᠨ ᠬᠡᠪᠲᠡᠰᠢᠨ ᠳ᠋ᠦ᠍ ᠣᠷᠣᠨ᠎ᠠ》ᠭᠡᠵᠡᠢ᠃ ᠡᠨᠡ ᠨᠢ ᠡᠮᠡᠭᠲᠡᠢ ᠶ᠋ᠢᠨ ᠤᠯᠠᠭᠠᠨ ᠳᠤᠰᠤᠯ (ᠦᠷ᠎ᠡ) ᠤᠨ ᠪᠣᠢ ᠪᠣᠯᠬᠤ ᠶᠣᠰᠣ ᠶ᠋ᠢ ᠥᠭᠦᠯᠡᠭᠰᠡᠨ ᠡᠴᠡ ᠪᠢᠰᠢ ᠰᠠᠷ᠎ᠠ ᠶ᠋ᠢᠨ ᠭᠬᠢᠷ ᠦ᠋ᠨ ᠲᠤᠬᠠᠢ ᠶᠠᠷᠢᠭᠰᠠᠨ ᠦᠭᠡᠢ᠃ ᠪᠢᠳᠡ ᠤᠯᠠᠭᠠᠨ ᠳᠤᠰᠤᠯ᠂ ᠰᠠᠷ᠎ᠠ ᠶ᠋ᠢᠨ ᠭᠬᠢᠷ ᠨᠢ ᠢᠳᠡᠭᠡᠨ ᠤᠮᠳᠠᠭᠠᠨ ᠤ᠋ ᠬᠤᠪᠢᠷᠠᠯᠲᠠ ᠠ᠋ᠴᠠ ᠪᠣᠢ ᠪᠣᠯᠵᠠᠢ ᠭᠡᠵᠢ ᠦᠵᠡᠪᠡᠯ ᠪᠠᠰᠠ ᠬᠠᠨᠤᠮᠵᠢ ᠦᠭᠡᠢ ᠰᠢᠭ ᠪᠠᠢᠨ᠎ᠠ᠃ ᠤᠴᠢᠷ ᠨᠢ ᠬᠥᠮᠦᠨ ᠦ᠌ ᠪᠡᠶ᠎ᠡ ᠶ᠋ᠢᠨ ᠠᠯᠢ ᠴᠤ᠌ ᠡᠳ᠋ ᠡᠷᠬᠡᠲᠡᠨ ᠨᠢ ᠪᠦᠷ ᠯᠡ ᠢᠳᠡᠭᠡᠨ ᠤᠮᠳᠠᠭᠠᠨ ᠤ᠋ ᠬᠤᠪᠢᠷᠠᠯᠲᠠ ᠳ᠋ᠤ᠌ ᠲᠦᠰᠢᠭᠯᠡᠨ ᠪᠣᠢ ᠪᠣᠯᠵᠤ ᠪᠠᠢᠭ᠎ᠠ ᠶᠤᠮ ᠴᠢᠨᠢ ᠲᠤᠩ ᠳᠥᠭᠥᠮ ᠪᠠᠯᠠᠷᠬᠠᠢ ᠪᠤᠯᠴᠢᠨ᠎ᠠ᠃ ᠡᠮᠡᠭᠲᠡᠢ ᠶ᠋ᠢᠨ ᠤᠯᠠᠭᠠᠨ ᠳᠤᠰᠤᠯ ᠭᠡᠪᠡᠯ᠂ ᠡᠨᠡ ᠨᠢ ᠳᠤᠰᠤᠯ ᠤ᠋ᠨ ᠴᠥᠪ ᠪᠣᠯᠬᠤ ᠦᠶ᠎ᠡ ᠶ᠋ᠢᠨ ᠬᠥᠷᠥᠩᠭᠡ ᠨᠢ ᠰᠡᠮᠰᠧ ᠳ᠋ᠦ᠍ ᠵᠢᠩᠬᠢᠨᠢ ᠦᠷ᠎ᠡ ᠪᠣᠯᠤᠨ ᠪᠣᠯᠪᠠᠰᠤᠷᠠᠵᠤ ᠢᠯᠭᠠᠷᠠᠬᠤ ᠶ᠋ᠢ ᠬᠡᠯᠡᠵᠦ ᠪᠠᠢᠨ᠎ᠠ᠃ ᠮᠢᠨᠦ ᠦᠵᠡᠬᠦ ᠪᠡᠷ ᠬᠥᠮᠦᠰ ᠦ᠋ᠨ ᠰᠡᠮᠰᠧ ᠵᠡᠷᠭᠡ ᠦᠷᠡᠵᠢᠯ ᠦ᠋ᠨ ᠡᠷᠬᠡᠲᠡᠨ ᠪᠣᠢᠵᠢᠵᠤ ᠭᠦᠢᠴᠡᠭᠰᠡᠨ ᠦ᠌ ᠳᠠᠷᠠᠭ᠎ᠠ᠂ ᠳᠤᠰᠤᠯ ᠤ᠋ᠨ ᠴᠥᠪ ᠦᠷ᠎ᠡ ᠶ᠋ᠢᠨ ᠬᠥᠷᠥᠩᠭᠡ ᠪᠡᠨ ᠡᠷᠡᠭᠲᠡᠢ ᠶ᠋ᠢᠨ ᠴᠭᠠᠨ ᠳᠤᠰᠤᠯ᠂ ᠡᠮᠡᠭᠲᠡᠢ ᠶ᠋ᠢᠨ ᠤᠯᠠᠭᠠᠨ ᠳᠤᠰᠤᠯ ᠪᠣᠯᠭᠠᠨ ᠪᠣᠯᠪᠠᠰᠤᠷᠠᠭᠤᠯᠤᠨ᠎ᠠ᠃ ᠡᠮᠡᠭᠲᠡᠢ ᠶ᠋ᠢᠨ ᠤᠯᠠᠭᠠᠨ ᠳᠤᠰᠤᠯ ᠢ᠋ ᠪᠣᠯᠪᠠᠰᠤᠷᠠᠭᠤᠯᠬᠤ ᠳ᠋ᠤ᠌ ᠵᠣᠬᠢᠬᠤ ᠬᠡᠮᠵᠢᠶᠡᠨ ᠦ᠌ ᠴᠥᠪ ᠢᠯᠭᠠᠷᠠᠨ᠎ᠠ᠃ ᠡᠨᠡᠬᠦ ᠴᠥᠪ ᠨᠢ ᠬᠡᠦᠬᠡᠨ ᠬᠡᠪᠲᠡᠰᠢᠨ ᠦ᠌ ᠳᠣᠲᠣᠷ ᠪᠦᠷᠬᠦᠪᠴᠢ ᠳ᠋ᠦ᠍ ᠨᠡᠮᠡᠷᠢᠯᠡᠨ᠂ ᠰᠠᠷ᠎ᠠ ᠶ᠋ᠢᠨ ᠭᠬᠢᠷ ᠦ᠋ᠨ ᠪᠦᠷᠢᠯᠳᠦᠬᠦᠨ ᠪᠣᠯᠤᠨ᠎ᠠ᠃ ᠤᠴᠢᠷ ᠨᠢ ᠬᠥᠮᠦᠨ ᠦ᠌ ᠪᠡᠶ᠎ᠡ ᠶ᠋ᠢᠨ ᠠᠮᠢᠳᠤᠷᠠᠬᠤ ᠵᠦᠢ ᠳ᠋ᠦ᠍ ᠰᠢᠨ᠎ᠡ ᠬᠠᠭᠤᠴᠢᠨ ᠤ᠋ ᠰᠣᠯᠢᠯᠴᠠᠭ᠎ᠠ ᠲᠠᠰᠤᠷᠠᠯᠲᠠ ᠦᠭᠡᠢ ᠶᠠᠪᠤᠭᠳᠠᠵᠤ᠂ ᠰᠢᠮ᠎ᠡ᠂ ᠱᠠᠷᠤᠭ ᠴᠠᠭ ᠪᠦᠷᠢ ᠢᠯᠭᠠᠷᠠᠵᠤ ᠪᠠᠢᠳᠠᠭ ᠲᠤᠯᠠ ᠴᠥᠪ ᠡᠴᠡ ᠴᠦ᠍ ᠲᠤᠩᠭᠠᠯᠠᠭ ᠴᠥᠪ ᠢᠯᠭᠠᠷᠠᠬᠤ ᠶᠣᠰᠣᠲᠠᠢ᠃ ᠰᠡᠮᠰᠧ ᠨᠢ ᠬᠤᠷᠠᠮᠠᠯ ᠤ᠋ᠨ ᠴᠢᠨᠠᠷᠲᠠᠢ᠂ ᠬᠡᠦᠬᠡᠨ ᠬᠡᠪᠲᠡᠰᠢ ᠨᠢ ᠰᠡᠮᠰᠧ ᠶ᠋ᠢᠨ ᠳᠠᠭᠠᠯᠲᠠ ᠡᠷᠬᠡᠲᠡᠨ᠂ ᠲᠠᠪᠤᠨ ᠮᠠᠬᠠᠪᠣᠳ ᠤ᠋ᠨ ᠪᠦᠷᠢᠳᠦᠭᠰᠡᠨ ᠴᠠᠭᠠᠨ ᠤᠯᠠᠭᠠᠨ ᠳᠤᠰᠤᠯ ᠢ᠋ ᠲᠣᠭᠲᠠᠭᠠᠨ ᠪᠣᠢᠵᠢᠭᠤᠯᠬᠤ ᠣᠷᠣᠨ ᠪᠠᠢᠷᠢ ᠲᠤᠯᠠ ᠮᠥᠨ ᠲᠠᠪᠤᠨ ᠮᠠᠬᠠᠪᠣᠳ ᠤ᠋ᠨ ᠴᠢᠨᠠᠷ ᠪᠦᠷᠢᠯᠳᠦᠬᠦ ᠬᠡᠷᠡᠭᠲᠡᠢ᠃ ᠡᠢᠮᠦ ᠡᠴᠡ ᠲᠠᠪᠤᠨ ᠮᠠᠬᠠᠪᠣᠳ ᠪᠦᠷᠢᠳᠦᠭᠰᠡᠨ ᠤᠯᠠᠭᠠᠨ ᠳᠤᠰᠤᠯ ᠪᠣᠯᠪᠠᠰᠤᠷᠠᠬᠤ ᠶᠠᠪᠤᠴᠠ ᠳ᠋ᠤ᠌ ᠢᠯᠭᠠᠷᠠᠵᠤ ᠭᠠᠷᠤᠭᠰᠠᠨ ᠬᠡᠦᠬᠡᠨ ᠬᠡᠪᠲᠡᠰᠢᠨ ᠦ᠌ ᠳᠣᠲᠣᠷ ᠪᠦᠷᠬᠦᠪᠴᠢ ᠳ᠋ᠦ᠍ ᠬᠤᠷᠠᠵᠤ ᠳᠣᠲᠣᠷ ᠪᠦᠷᠬᠦᠪᠴᠢ ᠶ᠋ᠢ ᠵᠤᠵᠠᠭᠠᠷᠠᠭᠤᠯᠤᠨ ᠬᠥᠪᠦᠷᠡᠯ ᠲᠣᠭᠲᠠᠬᠤ ᠳ᠋ᠤ᠌ ᠳᠡᠪᠢᠰᠬᠡᠷ ᠰᠢᠭ ᠵᠥᠭᠡᠯᠡᠨ ᠬᠥᠪᠰᠥᠭᠡᠷ ᠪᠣᠯᠭᠠᠨ᠎ᠠ᠃ ᠬᠥᠪᠦᠷᠡᠯ ᠲᠣᠭᠲᠠᠪᠠᠯ ᠳᠠᠷᠤᠢ ᠬᠡᠦᠬᠡᠨ ᠬᠡᠪᠲᠡᠰᠢ ᠶ᠋ᠢ ᠳᠠᠭᠠᠵᠤ ᠲᠡᠯᠡᠭᠳᠡᠬᠦ ᠪᠠ ᠪᠠᠰᠠ ᠬᠣᠢᠲᠤᠬᠢ ᠶ᠋ᠢᠨ ᠨᠢᠭᠡᠨ ᠬᠡᠰᠡᠭ ᠪᠣᠯᠵᠤ᠂ ᠬᠥᠪᠦᠷᠡᠯ ᠦ᠋ᠨ ᠬᠡᠷᠡᠭᠴᠡᠭᠡ ᠶ᠋ᠢ ᠬᠠᠩᠭᠠᠨ᠎ᠠ᠃ ᠬᠡᠷᠪᠡ ᠬᠥᠪᠦᠷᠡᠯ ᠲᠣᠭᠲᠠᠬᠤ ᠦᠭᠡᠢ ᠪᠣᠯ ᠰᠠᠷ᠎ᠠ ᠶ᠋ᠢᠨ ᠭᠬᠢᠷ ᠪᠣᠯᠤᠨ᠎ᠠ᠃ ᠰᠡᠮᠰᠧ ᠨᠢ ᠰᠠᠷ᠎ᠠ ᠪᠦᠷᠢ ᠨᠢᠭᠡ ᠤᠳᠠᠭ᠎ᠠ ᠤᠯᠠᠭᠠᠨ ᠳᠤᠰᠤᠯ ᠢ᠋ ᠪᠣᠯᠪᠠᠰᠤᠷᠠᠭᠤᠯᠬᠤ ᠲᠤᠯᠠ᠂ ᠰᠠᠷ᠎ᠠ ᠶ᠋ᠢᠨ ᠭᠬᠢᠷ ᠨᠢ ᠴᠤ᠌ ᠰᠠᠷ᠎ᠠ ᠪᠦᠷᠢ ᠨᠢᠭᠡ ᠤᠳᠠᠭ᠎ᠠ ᠪᠣᠢ ᠪᠣᠯᠵᠤ ᠰᠠᠷ᠎ᠠ ᠶ᠋ᠢᠨ ᠭᠬᠢᠷ ᠦ᠋ᠨ ᠡᠷᠭᠢᠯᠲᠡ ᠶᠠᠪᠤᠭᠳᠠᠨ᠎ᠠ᠃ ᠰᠠᠷ᠎ᠠ ᠶ᠋ᠢᠨ ᠭᠬᠢᠷ ᠢ᠋ 《ᠴᠥᠪ》ᠭᠡᠳᠡᠭ ᠦ᠋ᠨ ᠪᠠᠰᠠ ᠨᠢᠭᠡᠨ ᠰᠢᠯᠲᠠᠭᠠᠨ ᠨᠢ ᠄
1. ᠳᠣᠯᠣᠭᠠᠨ ᠲᠠᠮᠢᠷ ᠤ᠋ᠨ ᠢᠯᠭᠠᠷᠠᠬᠤ ᠴᠥᠪ ᠲᠡᠢ ᠶᠡᠬᠡ ᠲᠥᠰᠦᠭᠡᠲᠡᠢ᠃ ᠵᠢᠱ᠌ᠢᠶᠡᠯᠡᠪᠡᠯ᠂ ᠨᠤᠤᠬ᠎ᠠ ᠰᠢᠯᠦᠰᠦ ᠵᠡᠷᠭᠡ ᠮᠢᠬᠠᠨ ᠤ᠋ ᠴᠥᠪ ᠦ᠋ᠳ ᠨᠢ ᠬᠠᠷᠠᠭᠠᠯᠵᠠᠭᠰᠠᠨ ᠡᠷᠬᠡᠲᠡᠨ ᠦ᠌ ᠪᠡᠨ ᠣᠨᠴᠠᠯᠢᠭ ᠬᠡᠷᠡᠭᠴᠡᠭᠡ ᠡᠴᠡ ᠪᠣᠯᠵᠤ ᠴᠠᠭ ᠪᠤᠰᠤ ᠠᠳᠠᠯᠢ ᠦᠭᠡᠢ ᠬᠡᠮᠵᠢᠶ᠎ᠡ ᠪᠡᠷ ᠢᠯᠭᠠᠭᠳᠠᠬᠤ ᠪᠠ ᠲᠡᠭᠦᠨ ᠦ᠌ ᠬᠤᠪᠢᠷᠠᠯᠲᠠ ᠪᠠᠷ ᠬᠠᠷᠠᠭᠠᠯᠵᠠᠭᠰᠠᠨ ᠡᠷᠬᠡᠲᠡᠨ ᠦ᠌ ᠡᠪᠡᠳᠴᠢᠨ ᠢ᠋ ᠮᠠᠭᠠᠳᠯᠠᠨ ᠲᠣᠳᠣᠯᠠᠳᠠᠭ᠃ ᠰᠠᠷ᠎ᠠ ᠶ᠋ᠢᠨ ᠭᠬᠢᠷ ᠨᠢ ᠴᠦ᠍ ᠰᠠᠷ᠎ᠠ ᠪᠦᠷᠢ ᠨᠢᠭᠡ ᠤᠳᠠᠭ᠎ᠠ ᠢᠯᠭᠠᠭᠳᠠᠬᠤ ᠪᠠ ᠲᠡᠭᠦᠨ ᠦ᠌ ᠬᠤᠪᠢᠷᠠᠯᠲᠠ ᠠ᠋ᠴᠠ ᠦᠷᠡᠵᠢᠯ ᠦ᠋ᠨ ᠡᠷᠬᠡᠲᠡᠨ ᠪᠠ ᠪᠤᠰᠤᠳ ᠴᠤᠯᠤ ᠰᠠᠪᠠ ᠶ᠋ᠢᠨ ᠡᠪᠡᠳᠴᠢᠨ ᠢ᠋ ᠮᠠᠭᠠᠳᠯᠠᠳᠠᠭ᠃
2. ᠰᠠᠷ᠎ᠠ ᠶ᠋ᠢᠨ ᠭᠬᠢᠷ ᠦ᠋ᠨ ᠴᠢᠰᠤ ᠨᠢ ᠪᠤᠰᠤᠳ ᠴᠤᠯᠤ ᠰᠠᠪᠠ ᠶ᠋ᠢᠨ ᠰᠤᠳᠠᠰᠤ ᠠ᠋ᠴᠠ ᠭᠠᠷᠬᠤ ᠴᠢᠰᠤ ᠰᠢᠭ᠋ ᠴᠠᠷᠴᠠᠵᠤ ᠡᠭᠡᠳᠡᠷᠡᠭᠡ ᠦᠭᠡᠢ ᠶᠦᠮ᠃ ᠡᠨᠡ ᠨᠢ ᠲᠠᠪᠤᠨ ᠮᠠᠬᠠᠪᠣᠳ ᠪᠦᠷᠢᠳᠦᠭᠰᠡᠨ ᠤᠯᠠᠭᠠᠨ ᠳᠤᠰᠤᠯ ᠢ᠋ ᠪᠣᠯᠪᠠᠰᠤᠷᠠᠭᠤᠯᠬᠤ ᠳ᠋ᠤ᠌ ᠢᠯᠭᠠᠷᠠᠬᠤ ᠴᠥᠪ ᠪᠣᠯᠤᠭᠰᠠᠨ ᠠ᠋ᠴᠠ ᠪᠠᠢᠵᠤ ᠮᠡᠳᠡᠨ᠎ᠡ᠃
3. ᠬᠥᠪᠦᠷᠡᠯ ᠲᠣᠭᠲᠠᠵᠤ ᠵᠢᠷᠮᠦᠰᠦᠯᠡᠪᠡᠯ᠂ ᠬᠥᠪᠦᠷᠡᠯ ᠦ᠋ᠨ ᠬᠣᠢᠲᠤᠬᠢ ᠨᠢ ᠰᠡᠮᠰᠧ ᠶ᠋ᠢᠨ ᠠᠵᠢᠯᠯᠠᠭ᠎ᠠ ᠶ᠋ᠢ ᠣᠷᠣᠯᠠᠨ᠎ᠠ᠃ ᠳᠤᠰᠤᠯ ᠨᠢ ᠰᠡᠮᠰᠧ ᠳ᠋ᠡᠬᠢ ᠲᠤᠩᠭᠠᠯᠠᠭ ᠴᠥᠪ ᠢᠯᠭᠠᠷᠠᠨ᠎ᠠ᠃ ᠴᠥᠪ ᠨᠢ ᠰᠡᠮᠰᠧ ᠳ᠋ᠡᠭᠡᠨ ᠦᠯᠡᠳᠡᠵᠦ ᠴᠢᠨᠠᠭᠰᠢ ᠪᠣᠯᠪᠠᠰᠤᠷᠠᠬᠤ ᠦᠭᠡᠢ ᠲᠤᠯᠠ ᠰᠠᠷ᠎ᠠ ᠶ᠋ᠢᠨ ᠭᠬᠢᠷ ᠪᠠᠢᠳᠠᠭ ᠦᠭᠡᠢ᠃ ᠲᠤᠩᠭᠠᠯᠠᠭ ᠨᠢ ᠵᠢᠷᠦᠬᠡᠨ ᠳ᠋ᠦ᠍ ᠣᠷᠣᠰᠢᠵᠤ ᠴᠢᠳᠠᠯ ᠨᠢ ᠪᠦᠬᠦ ᠪᠡᠶ᠎ᠡ ᠳ᠋ᠦ᠍ ᠲᠦᠭᠡᠵᠦ᠂ ᠵᠢᠷᠮᠦᠰᠦᠨ ᠦ᠌ ᠬᠡᠯᠪᠡᠷᠢ ᠳᠦᠷᠰᠦ ᠬᠤᠪᠢᠷᠠᠯᠲᠠ ᠶ᠋ᠢ ᠢᠯᠡᠷᠡᠭᠦᠯᠦᠨ᠎ᠡ᠃
4. ᠰᠡᠮᠰᠧ ᠶ᠋ᠢ ᠣᠭᠲᠣᠯᠬᠤ ᠮᠡᠰᠡ ᠵᠠᠰᠠᠯ ᠬᠢᠴᠢᠬᠡᠪᠡᠯ ᠰᠠᠷ᠎ᠠ ᠶ᠋ᠢᠨ ᠭᠬᠢᠷ ᠨᠢ ᠳᠠᠷᠤᠢ ᠵᠣᠭᠰᠣᠨ᠎ᠠ᠃ ᠤᠯᠠᠭᠠᠨ ᠳᠤᠰᠤᠯ ᠢ᠋ ᠪᠣᠯᠪᠠᠰᠤᠷᠠᠭᠤᠯᠬᠤ ᠦᠭᠡᠢ ᠲᠤᠯᠠ ᠴᠥᠪ ᠭᠡᠵᠦ ᠭᠠᠷᠬᠤ ᠦᠭᠡᠢ᠃ ᠬᠡᠷᠪᠡ ᠰᠡᠮᠰᠧ ᠶ᠋ᠢ ᠦᠯᠡᠳᠡᠭᠡᠨ ᠬᠡᠦᠬᠡᠨ ᠬᠡᠪᠲᠡᠰᠢ ᠶ᠋ᠢ ᠣᠭᠲᠣᠯᠪᠠᠯ᠂ ᠤᠯᠠᠭᠠᠨ ᠳᠤᠰᠤᠯ ᠨᠢ ᠤᠤᠯ ᠤ᠋ᠨ ᠶᠣᠰᠣᠭᠠᠷ ᠢ᠋ᠶ᠋ᠠᠨ ᠪᠣᠯᠪᠠᠰᠤᠷᠠᠬᠤ ᠪᠣᠯᠪᠠᠴᠤ᠂ ᠴᠥᠪ ᠨᠢ ᠰᠠᠷ᠎ᠠ ᠶ᠋ᠢᠨ ᠭᠬᠢᠷ ᠪᠣᠯᠬᠤ ᠦᠭᠡᠢ᠂ ᠪᠡᠶ᠎ᠡ ᠶ᠋ᠢᠨ ᠵᠣᠬᠢᠴᠠᠭᠤᠯᠬᠤ ᠴᠢᠳᠠᠪᠤᠷᠢ ᠳ᠋ᠤ᠌ ᠲᠦᠰᠢᠭᠯᠡᠨ ᠪᠤᠰᠤᠳ ᠡᠳ᠋ ᠨᠡᠬᠡᠳᠡᠰᠦ ᠳ᠋ᠦ᠍ ᠨᠡᠮᠡᠷᠢ ᠪᠣᠯᠤᠨ᠎ᠠ᠃ ᠳᠠᠷᠤᠢ᠂ ᠬᠥᠮᠦᠨ ᠦ᠌ ᠬᠣᠳᠣᠭᠣᠳᠣ᠂ ᠳᠡᠯᠢᠭᠦᠦ᠂ ᠪᠥᠭᠡᠷ᠎ᠡ ᠶ᠋ᠢ ᠣᠭᠲᠣᠯᠬᠤ ᠮᠡᠰᠡ ᠵᠠᠰᠠᠯ ᠬᠢᠭᠰᠡᠨ ᠲᠡᠢ ᠠᠳᠠᠯᠢ ᠶᠣᠰᠣᠭᠠᠷ ᠪᠤᠰᠤ ᠡᠳ᠋ ᠡᠷᠬᠡᠲᠡᠨ ᠢ᠋ᠶ᠋ᠡᠷ ᠣᠷᠣᠯᠠᠭᠳᠠᠨᠠ᠃ ᠡᠢᠮᠦ ᠡᠴᠡ ᠳᠣᠯᠣᠳᠤᠭᠠᠷ ᠲᠠᠮᠢᠷ ᠳᠤᠰᠤᠯ ᠤ᠋ᠨ ᠴᠥᠪ ᠨᠢ ᠰᠡᠮᠰᠧ ᠳ᠋ᠦ᠍ ᠪᠣᠯᠪᠠᠰᠤᠷᠠᠵᠤ᠂ ᠤᠯᠠᠭᠠᠨ ᠳᠤᠰᠤᠯ ᠪᠣᠯᠵᠤ ᠤᠯᠠᠭᠠᠨ ᠳᠤᠰᠤᠯ ᠢ᠋ ᠳᠠᠮᠵᠢᠭᠤᠯᠬᠤ ᠰᠤᠳᠠᠰᠤ ᠪᠠᠷ ᠬᠡᠦᠬᠡᠨ ᠬᠡᠪᠲᠡᠰᠢᠨ ᠳ᠋ᠦ᠍ ᠣᠷᠣᠨ᠎ᠠ᠃ ᠡᠨᠡᠬᠦ ᠤᠯᠠᠭᠠᠨ ᠳᠤᠰᠤᠯ ᠢ᠋ ᠪᠣᠯᠪᠠᠰᠤᠷᠠᠭᠤᠯᠬᠤ ᠳ᠋ᠤ᠌ ᠢᠯᠭᠠᠷᠠᠵᠤ ᠴᠥᠪ ᠨᠢ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ ᠳ᠋ᠦ᠍ ᠨᠡᠮᠡᠷᠢᠯᠡᠨ ᠰᠠᠷ᠎ᠠ ᠶ᠋ᠢᠨ ᠭᠬᠢᠷ ᠪᠣᠯᠤᠨ᠎ᠠ᠃ ᠡᠢᠮᠦ ᠡᠴᠡ ᠤᠯᠠᠭᠠᠨ ᠳᠤᠰᠤᠯ᠂ ᠰᠠᠷ᠎ᠠ ᠶ᠋ᠢᠨ ᠭᠬᠢᠷ ᠨᠢ ᠬᠠᠷᠢᠯᠴᠠᠨ ᠬᠣᠯᠪᠣᠭ᠎ᠠ ᠲᠠᠢ ᠬᠣᠶᠠᠷ ᠣᠨᠳᠣᠣ ᠵᠦᠢᠯ ᠪᠣᠯᠤᠨ᠎ᠠ᠃ ᠡᠷᠡᠭᠲᠡᠢ ᠶ᠋ᠢᠨ ᠴᠠᠭᠠᠨ ᠳᠤᠰᠤᠯ᠂ ᠡᠮᠡᠭᠲᠡᠢ ᠶ᠋ᠢᠨ ᠤᠯᠠᠭᠠᠨ ᠳᠤᠰᠤᠯ᠂ ᠰᠠᠷ᠎ᠠ ᠶ᠋ᠢᠨ ᠭᠬᠢᠷ ᠨᠢ ᠰᠡᠮᠰᠧ ᠶ᠋ᠢᠨ ᠠᠵᠢᠯᠯᠠᠭ᠎ᠠ ᠳ᠋ᠤ᠌ ᠲᠦᠰᠢᠭᠯᠡᠨ᠎ᠡ᠃ ᠰᠡᠮᠰᠧ ᠶ᠋ᠢᠨ ᠠᠵᠢᠯᠯᠠᠭ᠎ᠠ ᠨᠢ ᠲᠠᠷᠢᠬᠢ ᠨᠤᠭᠤᠰᠤᠨ ᠤ᠋ ᠵᠠᠬᠢᠷᠤᠯ ᠢ᠋ ᠬᠦᠯᠢᠶᠡᠨ᠎ᠡ᠃ ᠠᠷᠪᠠᠨ ᠲᠠᠪᠤᠨ ᠬᠡᠢ᠂ ᠰᠢᠷ᠎ᠠ ᠂ ᠪᠠᠳᠬᠠᠨ ᠴᠤ᠌ ᠰᠡᠮᠰᠧ ᠳ᠋ᠦ᠍ ᠵᠣᠬᠢᠬᠤ ᠬᠡᠮᠵᠢᠶ᠎ᠡ ᠪᠡᠷ ᠲᠡᠩᠴᠡᠭᠦᠦ ᠣᠷᠣᠰᠢᠵᠤ ᠪᠦᠬᠦ ᠪᠡᠶ᠎ᠡ ᠶ᠋ᠢᠨ ᠡᠯ᠎ᠡ ᠡᠳ᠋ ᠡᠷᠬᠡᠲᠡᠨ ᠴᠤᠯᠤ ᠰᠠᠪᠠ ᠲᠠᠢ ᠬᠠᠷᠢᠯᠴᠠᠨ ᠵᠣᠬᠢᠴᠠᠯᠳᠤᠵᠤ ᠦᠷᠡᠵᠢᠯ ᠦ᠋ᠨ ᠰᠢᠰᠲ᠋ᠧᠮ ᠦ᠋ᠨ ᠡᠷᠡᠭᠦᠯ ᠣᠷᠣᠰᠢᠬᠤ ᠪᠠ ᠪᠡᠶ᠎ᠡ ᠶ᠋ᠢᠨ ᠲᠡᠩᠴᠡᠭᠦᠷᠢ ᠶ᠋ᠢ ᠪᠠᠲᠤᠯᠠᠳᠠᠭ ᠪᠠᠢᠨ᠎ᠠ᠃
- - - - - - -
ᠬᠢᠨᠠᠯᠲᠠ ᠶ᠋ᠢᠨ ᠮᠠᠲ᠋ᠧᠷᠢᠶᠠᠯ
1. ᠪᠠᠢ ᠴᠢᠩ ᠶᠦᠨ ᠨᠠᠷ 《ᠮᠣᠩᠭᠣᠯ ᠠᠨᠠᠭᠠᠬᠤ ᠤᠬᠠᠭᠠᠨ ᠤ᠋ ᠨᠡᠪᠲᠡᠷᠬᠡᠢ ᠲᠣᠯᠢ》᠂ ᠥᠪᠥᠷ ᠮᠣᠩᠭᠣᠯ ᠤ᠋ᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ ᠃1987.5
2. 《ᠠᠨᠠᠭᠠᠬᠤ ᠤᠬᠠᠭᠠᠨ ᠤ᠋ ᠳᠤᠷᠪᠠᠨ ᠦᠨᠳᠦᠰᠦ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂1978.6
ᠢᠷᠡᠯᠲᠡ ᠄ ᠮᠣᠩᠭᠣᠯ ᠡᠮ ᠡᠮᠨᠡᠯᠭᠡ ᠰᠡᠳᠬᠦᠯ 1996 ᠣᠨ ᠤ᠋1 ᠳ᠋ᠦ᠍ᠭᠡᠷ ᠬᠤᠭᠤᠴᠠᠭ᠎ᠠ
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠢᠨᠠᠭᠴᠢ᠄ ᠭᠠᠷᠮ᠎ᠠ᠂ ᠲᠤᠭᠴᠢ ᠰᠠᠷᠠᠨ᠎ᠠ