《ᠲᠣᠭᠲᠠᠬᠤ ᠪᠠᠭᠠᠲᠤᠷ》-ᠬᠣᠷᠴᠢᠨ ᠠᠷᠠᠳ ᠊ᠤᠨ ᠳᠠᠭᠤᠤ“Тогтох баатар”Хорчин ардын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠲᠣᠭᠲᠠᠬᠤ ᠪᠠᠭᠠᠲᠤᠷ》-ᠬᠣᠷᠴᠢᠨ ᠠᠷᠠᠳ ᠊ᠤᠨ ᠳᠠᠭᠤᠤ“Тогтох баатар”Хорчин ардын дуу

《ᠲᠣᠭᠲᠠᠬᠤ ᠪᠠᠭᠠᠲᠤᠷ》-ᠬᠣᠷᠴᠢᠨ ᠠᠷᠠᠳ ᠊ᠤᠨ ᠳᠠᠭᠤᠤ“Тогтох баатар”Хорчин ардын дуу

ᠠᠩᠭᠢᠯᠠᠯ:ᠳᠠᠭᠤᠤ ᠬᠥᠭᠵᠢᠮ
2025-02-17

805

ᠲᠣᠭᠲᠠᠬᠤ ᠪᠠᠭᠠᠲᠤᠷ


 1 ᠲᠥᠷᠥᠭᠡᠳ ᠲᠡᠭᠡᠭᠰᠡᠨ ᠭᠠᠵᠠᠷ ᠣᠷᠣᠨ ᠢ᠋ ᠮᠢᠨᠢ ᠬᠡᠯᠡᠪᠡᠯ ᠠ᠋ ᠬᠦᠢ 
    ᠲᠦᠷᠦᠭᠦᠨ ᠭᠣᠷᠯᠣᠰ ᠤ᠋ᠨ ᠳᠠᠭᠤ ᠶ᠋ᠢᠨ ᠰᠠᠢᠬᠠᠨ ᠬᠣᠲᠠ ᠶᠤᠮ ᠠ᠋ ᠬᠦᠢ  
    ᠲᠦᠪᠡᠭᠳᠡᠭᠡᠳ ᠲᠤᠯᠤᠯᠳᠤᠭᠠᠨ ᠬᠢᠭᠰᠡᠨ ᠭᠠᠵᠠᠷ ᠣᠷᠣᠨ ᠢ᠋ ᠮᠢᠨᠢ ᠬᠡᠯᠡᠪᠡᠯ ᠠ᠋ 
    ᠠ ᠬᠠ ᠬᠦᠢ 
    ᠲᠥᠷᠥ ᠭᠦᠷᠦᠨ ᠳ᠋ᠡᠭᠡᠨ ᠠᠯᠳᠠᠷ ᠴᠣᠯᠠ ᠲᠠᠢ 
    ᠰᠣᠯᠣᠩᠭ᠎ᠠ ᠶ᠋ᠢᠨ ᠥᠨᠳᠥᠷ ᠠᠭᠤᠯᠠ ᠶᠤᠮ ᠠ᠋ ᠬᠦᠢ  

 2 ᠤᠤᠭᠤᠭᠠᠳ ᠲᠡᠭᠡᠭᠰᠡᠨ ᠤᠰᠤ ᠶ᠋ᠢ ᠮᠢᠨᠢ ᠬᠡᠯᠡᠪᠡᠯ ᠠ᠋ ᠬᠦᠢ 
    ᠤᠷᠳᠤᠭᠤᠷ ᠮᠢᠨᠢ ᠤᠷᠤᠰᠴᠤ ᠪᠠᠢᠭ᠎ᠠ ᠲᠣᠭᠣᠷ ᠤ᠋ᠨ ᠭᠣᠣᠯ ᠤ᠋ᠨ ᠤᠰᠤ ᠶᠤᠮ ᠠ᠋ ᠬᠦᠢ 
    ᠤᠴᠠᠷᠠᠭᠠᠳ ᠲᠤᠯᠤᠯᠳᠤᠭᠠᠨ ᠬᠢᠭᠰᠡᠨ ᠭᠠᠵᠠᠷ ᠣᠷᠣᠨ ᠢ᠋ ᠮᠢᠨᠢ ᠬᠡᠯᠡᠪᠡᠯ ᠠ᠋ 
    ᠠ ᠬᠠ ᠬᠦᠢ 
    ᠤᠯᠤᠰ ᠭᠦᠷᠦᠨ ᠳ᠋ᠡᠭᠡᠨ ᠠᠯᠳᠠᠷ ᠴᠣᠯᠠ ᠲᠠᠢ 
    ᠰᠣᠯᠣᠩᠭ᠎ᠠ ᠶ᠋ᠢᠨ ᠥᠨᠳᠥᠷ ᠠᠭᠤᠯᠠ ᠶᠤᠮ ᠠ᠋ ᠬᠦᠢ  

 3 ᠠᠯᠲᠠᠨ ᠰᠠᠢᠬᠠᠨ ᠵᠦᠩᠰᠡᠨ ᠳ᠋ᠡᠭᠡᠨ ᠠᠷᠠᠵᠠ ᠪᠠᠨ ᠬᠢᠵᠡᠢ ᠲᠣᠭᠲᠠᠬᠤ ᠠ ᠬᠦᠢ 
    ᠠᠪᠤ ᠶ᠋ᠢᠨ ᠢ᠋ᠶ᠋ᠡᠨ ᠡᠮᠦᠨᠡᠲᠡᠢ ᠨᠢ ᠰᠥᠭᠥᠳᠦᠭᠡᠳ ᠠᠮᠠᠨ ᠢᠷᠦᠭᠡᠯ ᠢ᠋ ᠨᠢ ᠭᠤᠶᠤᠵᠤ ᠪᠠᠢᠨ᠎ᠠ ᠬᠦᠢ 
    ᠠᠪᠤ ᠶ᠋ᠢᠨ ᠮᠢᠨᠢ ᠥᠰᠬᠡᠭᠰᠡᠨ ᠠᠴᠢ ᠶ᠋ᠢ ᠬᠠᠷᠢᠭᠤᠯᠵᠤ ᠴᠢᠳᠠᠭᠰᠠᠨ ᠦᠭᠡᠢ ᠠᠩᠭ᠎ᠠ ᠴᠢᠨᠢ ᠠ 
    ᠠ ᠬᠠ ᠬᠦᠢ 
    ᠠᠲᠠᠭᠠᠲᠠᠨ ᠬᠤᠯᠠᠭᠠᠢ ᠶ᠋ᠢᠨ ᠳᠤᠮᠳᠠ ᠪᠠᠨ 
    ᠠᠪᠤ ᠪᠠᠨ ᠬᠠᠶᠠᠭᠠᠳ ᠭᠠᠷᠤᠨ᠎ᠠ ᠰᠢᠲᠠ ᠬᠦᠢ  

 4 ᠮᠥᠩᠭᠥᠨ ᠰᠠᠢᠬᠠᠨ ᠵᠥᠩᠰᠡᠨ ᠳ᠋ᠡᠭᠡᠨ ᠮᠠᠷᠠᠵᠠ ᠪᠠᠨ ᠬᠢᠵᠡᠢ ᠲᠣᠭᠲᠠᠬᠤ ᠠ ᠬᠦᠢ 
    ᠮᠥᠮᠥ ᠶ᠋ᠢᠨ ᠢ᠋ᠶ᠋ᠡᠨ ᠡᠮᠦᠨᠡᠲᠡᠢ ᠨᠢ ᠰᠥᠭᠥᠳᠦᠭᠡᠳ ᠮᠡᠨᠳᠦ ᠶ᠋ᠢᠨ ᠢᠷᠦᠭᠡᠯ ᠢ᠋ ᠨᠢ ᠭᠤᠶᠤᠵᠤ ᠪᠠᠢᠨ᠎ᠠ ᠬᠦᠢ 
    ᠮᠥᠮᠥᠭᠦᠯᠵᠦ ᠥᠰᠬᠡᠭᠰᠡᠨ ᠠᠴᠢ ᠶ᠋ᠢ ᠴᠢᠨᠢ ᠳᠡ ᠬᠠᠷᠢᠭᠤᠯᠵᠤ ᠴᠢᠳᠠᠭᠰᠠᠨ ᠦᠭᠡᠢ ᠬᠦᠦ ᠴᠢᠨᠢ 
    ᠠ ᠬᠠ ᠬᠦᠢ 
    ᠮᠦᠭᠳᠡᠨ ᠦ᠌ ᠬᠣᠢᠰᠢᠶᠠ ᠴᠡᠷᠢᠭ ᠦ᠋ᠨ ᠳᠤᠮᠳᠠ ᠪᠠᠨ 
    ᠮᠥᠮᠥ ᠪᠡᠨ ᠬᠠᠶᠠᠭᠠᠳ ᠭᠠᠷᠤᠨ᠎ᠠ ᠰᠢᠳᠡ ᠬᠦᠢ 

        ᠦᠰᠦᠭ ᠠᠮᠢᠯᠠᠭᠤᠯᠤᠭᠴᠢ᠄ ᠶ᠂ ᠣᠶᠤᠨᠴᠡᠴᠡᠭ 
           ᠬᠢᠨᠠᠭᠴᠢ᠄ ᠳᠠᠭᠤᠤ ᠶ᠋ᠢᠨ ᠬᠣᠯᠪᠣᠭ᠎ᠠ