ᠲᠤᠤᠯᠢ ᠶ᠋ᠢᠨ ᠲᠠᠩᠰᠤᠭ ᠦᠵᠦᠮᠦᠴᠢᠨТоолийн тансаг үзэмчин
ᠲᠤᠤᠯᠢ ᠶ᠋ᠢᠨ ᠲᠠᠩᠰᠤᠭ ᠦᠵᠦᠮᠦᠴᠢᠨ
ᠦᠭᠡ᠄ ᠰ·ᠰᠠᠷᠠᠨᠰᠦᠢ᠍ᠬᠡ
ᠠᠶ᠎ᠠ᠄ ᠪᠥᠬᠡᠪᠠᠶᠠᠷ᠂ ᠰᠡᠴᠡᠨᠴᠣᠭᠲᠤ
ᠬᠥᠭᠵᠢᠮ ᠦ᠋ᠨ ᠨᠠᠢᠷᠠᠭᠤᠯᠤᠭᠴᠢ᠄ ᠬᠠᠰᠰᠣᠳᠣ
《ᠪᠢᠳᠡ ᠵᠡᠯᠮ᠎ᠡ ᠬᠠᠷ᠎ᠠ》 ᠶ᠋ᠢᠨ ᠬᠢᠨ ᠳᠠᠭᠤᠯᠠᠨ᠎ᠠ
ᠲᠤᠤᠯᠢ ᠶ᠋ᠢᠨ ᠲᠠᠩᠰᠤᠭ ᠦᠵᠦᠮᠦᠴᠢᠨ
ᠤᠷᠲᠤ ᠶ᠋ᠢᠨ ᠪᠤᠭᠤᠷᠤᠯ ᠳᠠᠭᠤᠨ ᠤ᠋
ᠰᠢᠷᠤᠩᠬᠠᠢ ᠲᠡᠯᠡᠭᠰᠡᠨ ᠲᠠᠯ᠎ᠠ ᠲᠠᠢ
ᠤᠷᠠᠨ ᠵᠢᠷᠣᠭ᠎ᠠ ᠵᠡᠷᠭᠡᠯᠭᠡᠨ
ᠭᠠᠨᠳᠠᠷᠢᠰᠤᠨ ᠪᠣᠰᠬᠤ ᠭᠣᠪᠢ ᠲᠠᠢ
ᠬᠠᠷᠠᠬᠤ ᠨᠢᠳᠦᠨ ᠦ᠌ ᠦᠵᠡᠰᠬᠦᠯᠡᠩ
ᠬᠠᠢᠷᠠᠯᠠᠬᠤ ᠰᠡᠳᠬᠢᠯ ᠳ᠋ᠦ᠍ ᠠᠮᠤᠭᠤᠯᠠᠩ
ᠬᠠᠮᠢᠭ᠎ᠠ ᠠ᠋ᠴᠠ ᠴᠤ᠌ ᠣᠯᠳᠠᠬᠤ ᠦᠭᠡᠢ ᠵᠢᠷᠭᠠᠯᠠᠩ
ᠬᠠᠮᠤᠭ ᠰᠠᠢᠬᠠᠨ ᠤ᠋ ᠪᠠᠶᠠᠰᠬᠤᠯᠠᠩ
ᠬᠠᠷᠠᠬᠤ ᠨᠢᠳᠦᠨ ᠳ᠋ᠦ᠍ ᠦᠵᠡᠰᠬᠦᠯᠡᠩ
ᠬᠠᠢᠷᠠᠯᠠᠬᠤ ᠰᠡᠳᠬᠢᠯ ᠳ᠋ᠦ᠍ ᠠᠮᠤᠭᠤᠯᠠᠩ
ᠬᠠᠮᠢᠭ᠎ᠠ ᠠ᠋ᠴᠠ ᠴᠤ᠌ ᠣᠯᠳᠠᠬᠤ ᠦᠭᠡᠢ ᠵᠢᠷᠭᠠᠯᠠᠩ
ᠬᠠᠮᠤᠭ ᠰᠠᠢᠬᠠᠨ ᠤ᠋ ᠪᠠᠶᠠᠰᠬᠤᠯᠠᠩ
ᠦᠵᠦᠮ ᠦ᠋ᠨ ᠴᠠᠭᠠᠨ ᠠᠭᠤᠯᠠᠨ ᠠ᠋ᠴᠠ
ᠦᠨᠳᠦᠰᠦ ᠵᠠᠯᠭᠠᠭᠰᠠᠨ ᠤᠳᠤᠮ ᠲᠠᠢ
ᠦᠶ᠎ᠡ ᠳᠠᠮᠵᠢᠭᠰᠠᠨ ᠳᠤᠤᠯᠢᠶᠠᠨ ᠲᠠᠢ
ᠦᠯᠢᠭᠡᠷ ᠳᠣᠮᠣᠭ ᠤ᠋ᠨ ᠨᠤᠲᠤᠭ ᠳᠠ
ᠤᠳᠤᠮ ᠰᠤᠳᠤᠷ ᠤ᠋ᠨ ᠬᠣᠯᠠ ᠠ᠋ᠴᠠ
ᠠᠯᠳᠠᠷ ᠨᠢ ᠮᠠᠨᠳᠤᠭᠰᠠᠨ ᠲᠡᠦᠬᠡ ᠲᠡᠢ
ᠠᠯᠲᠠᠨ ᠰᠣᠶᠣᠯ ᠤ᠋ᠨ ᠵᠠᠯᠠᠨ ᠠ᠋ᠴᠠ
ᠵᠠᠶᠠᠭ᠎ᠠ ᠪᠠᠨ ᠬᠣᠯᠪᠣᠭᠰᠠᠨ ᠠᠵᠠ ᠲᠠᠢ
ᠤᠳᠤᠮ ᠰᠤᠳᠤᠷ ᠤ᠋ᠨ ᠬᠣᠯᠠ ᠠ᠋ᠴᠠ
ᠠᠯᠳᠠᠷ ᠨᠢ ᠮᠠᠨᠳᠤᠭᠰᠠᠨ ᠲᠡᠦᠬᠡ ᠲᠡᠢ
ᠠᠯᠲᠠᠨ ᠰᠣᠶᠣᠯ ᠤ᠋ᠨ ᠵᠠᠯᠠᠨ ᠠ᠋ᠴᠠ
ᠵᠠᠶᠠᠭ᠎ᠠ ᠪᠠᠨ ᠬᠣᠯᠪᠣᠭᠰᠠᠨ ᠠᠵᠠ ᠲᠠᠢ
ᠲᠤᠤᠯᠢᠮ᠎ᠠ ᠮᠣᠩᠭᠣᠯ ᠦᠵᠦᠮᠦᠴᠢᠨ
ᠲᠤᠤᠯᠢ ᠶ᠋ᠢᠨ ᠲᠠᠩᠰᠤᠭ ᠦᠵᠦᠮᠦᠴᠢᠨ
ᠲᠤᠤᠯᠢᠮ᠎ᠠ ᠮᠣᠩᠭᠣᠯ ᠦᠵᠦᠮᠦᠴᠢᠨ
ᠲᠤᠤᠯᠢ ᠶ᠋ᠢᠨ ᠲᠠᠩᠰᠤᠭ ᠦᠵᠦᠮᠦᠴᠢᠨ
ᠤᠷᠲᠤ ᠶ᠋ᠢᠨ ᠪᠤᠭᠤᠷᠤᠯ ᠳᠠᠭᠤᠨ ᠤ᠋
ᠰᠢᠷᠤᠩᠬᠠᠢ ᠲᠡᠯᠡᠭᠰᠡᠨ ᠲᠠᠯ᠎ᠠ ᠲᠠᠢ
ᠤᠷᠠᠨ ᠵᠢᠷᠣᠭ᠎ᠠ ᠵᠡᠷᠭᠡᠯᠭᠡᠨ
ᠭᠠᠨᠳᠠᠷᠢᠰᠤᠨ ᠪᠣᠰᠬᠤ ᠭᠣᠪᠢ ᠲᠠᠢ
ᠦᠵᠦᠮ ᠦ᠋ᠨ ᠴᠠᠭᠠᠨ ᠠᠭᠤᠯᠠᠨ ᠠ᠋ᠴᠠ
ᠦᠨᠳᠦᠰᠦ ᠵᠠᠯᠭᠠᠭᠰᠠᠨ ᠤᠳᠤᠮ ᠲᠠᠢ
ᠦᠶ᠎ᠡ ᠳᠠᠮᠵᠢᠭᠰᠠᠨ ᠳᠤᠤᠯᠢᠶᠠᠨ ᠲᠠᠢ
ᠦᠯᠢᠭᠡᠷ ᠳᠣᠮᠣᠭ ᠤ᠋ᠨ ᠨᠤᠲᠤᠭ ᠤ᠋ᠨ
ᠠᠪᠤᠷᠭᠤ ᠮᠠᠯᠴᠢᠨ ᠤ᠋ ᠬᠦᠴᠦ ᠪᠡᠷ
ᠦᠢᠯᠡᠰ ᠨᠢ ᠰᠦᠮᠪᠦᠷᠯᠡᠭᠰᠡᠨ ᠠᠯᠳᠠᠷ ᠲᠠᠢ
ᠠᠯᠳᠠᠷᠲᠤ ᠪᠥᠬᠡ ᠶ᠋ᠢᠨ ᠳᠠᠪᠢᠯᠲᠠ ᠲᠠᠢ
ᠬᠡᠢᠮᠣᠷᠢ ᠨᠢ ᠵᠦᠮᠪᠦᠷᠯᠡᠭᠰᠡᠨ ᠵᠣᠯᠪᠣᠭ᠎ᠠ ᠲᠠᠢ
ᠬᠠᠷᠠᠬᠤ ᠨᠢᠳᠦᠨ ᠳ᠋ᠦ᠍ ᠦᠵᠡᠰᠬᠦᠯᠡᠩ
ᠬᠠᠢᠷᠠᠯᠠᠬᠤ ᠰᠡᠳᠬᠢᠯ ᠳ᠋ᠦ᠍ ᠠᠮᠤᠭᠤᠯᠠᠩ
ᠬᠠᠮᠢᠭ᠎ᠠ ᠠ᠋ᠴᠠ ᠴᠤ᠌ ᠣᠯᠳᠠᠬᠤ ᠦᠭᠡᠢ ᠵᠢᠷᠭᠠᠯᠠᠩ
ᠬᠠᠮᠤᠭ ᠰᠠᠢᠬᠠᠨ ᠤ᠋ ᠪᠠᠶᠠᠰᠬᠤᠯᠠᠩ
ᠬᠠᠷᠠᠬᠤ ᠨᠢᠳᠦᠨ ᠳ᠋ᠦ᠍ ᠦᠵᠡᠰᠬᠦᠯᠡᠩ
ᠬᠠᠢᠷᠠᠯᠠᠬᠤ ᠰᠡᠳᠬᠢᠯ ᠳ᠋ᠦ᠍ ᠠᠮᠤᠭᠤᠯᠠᠩ
ᠬᠠᠮᠢᠭ᠎ᠠ ᠠ᠋ᠴᠠ ᠴᠤ᠌ ᠣᠯᠳᠠᠬᠤ ᠦᠭᠡᠢ ᠵᠢᠷᠭᠠᠯᠠᠩ
ᠬᠠᠮᠤᠭ ᠰᠠᠢᠬᠠᠨ ᠤ᠋ ᠪᠠᠶᠠᠰᠬᠤᠯᠠᠩ
ᠲᠤᠤᠯᠢᠮ᠎ᠠ ᠮᠣᠩᠭᠣᠯ ᠦᠵᠦᠮᠦᠴᠢᠨ
ᠲᠤᠤᠯᠢ ᠶ᠋ᠢᠨ ᠲᠠᠩᠰᠤᠭ ᠦᠵᠦᠮᠦᠴᠢᠨ
ᠲᠤᠤᠯᠢᠮ᠎ᠠ ᠮᠣᠩᠭᠣᠯ ᠦᠵᠦᠮᠦᠴᠢᠨ
ᠲᠤᠤᠯᠢ ᠶ᠋ᠢᠨ ᠲᠠᠩᠰᠤᠭ ᠦᠵᠦᠮᠦᠴᠢᠨ
ᠲᠤᠤᠯᠢᠮ᠎ᠠ ᠮᠣᠩᠭᠣᠯ ᠦᠵᠦᠮᠦᠴᠢᠨ
ᠲᠤᠤᠯᠢ ᠶ᠋ᠢᠨ ᠲᠠᠩᠰᠤᠭ ᠦᠵᠦᠮᠦᠴᠢᠨ
ᠦᠰᠦᠭ ᠠᠮᠢᠯᠠᠭᠤᠯᠤᠭᠴᠢ᠄ ᠪᠦᠷᠢᠨ᠎ᠡ
ᠬᠢᠨᠠᠭᠴᠢ᠄ ᠪᠦᠷᠢᠨ᠎ᠡ
