1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠬᠣᠶᠠᠷ) Монгол эм эмнэлэг (2)

ᠮᠣᠩᠭᠣᠯ ᠡᠮ ᠡᠮᠨᠡᠯᠭᠡ – (ᠬᠣᠶᠠᠷ) Монгол эм эмнэлэг (2)

ᠠᠩᠭᠢᠯᠠᠯ:ᠡᠷᠡᠭᠦᠯ ᠡᠩᠬᠡ
2025-02-16

525

ᠨᠣᠢᠷ ᠬᠤᠯᠵᠢᠬᠤ ᠡᠪᠡᠳᠴᠢᠨ ᠢ᠋ ᠵᠠᠰᠠᠭᠰᠠᠨ ᠠᠬᠠᠮᠠᠳ ᠮᠣᠩᠭᠣᠯ ᠡᠮᠴᠢ ᠪᠣᠷᠵᠢᠭᠢᠨ ᠡᠷᠳᠡᠨᠢᠴᠤᠭᠲᠤ ᠶ᠋ᠢᠨ ᠲᠤᠷᠰᠢᠯᠭ᠎ᠠ


                               ᠭᠡᠭᠡᠨᠲᠤᠶᠠᠭ᠎ᠠ᠂ ᠸᠠᠩ ᠵᠢᠶᠦ᠋ᠨ ᠹᠧᠩ᠂ ᠪᠣᠷᠵᠢᠭᠢᠨ ᠡᠷᠳᠡᠨᠢᠴᠤᠭᠲᠣ᠌   

【ᠲᠣᠪᠴᠢ ᠠᠭᠤᠯᠭ᠎ᠠ 】
       ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠠᠵᠢᠯ ᠠᠮᠢᠳᠤᠷᠠᠯ ᠤ᠋ᠨ ᠳᠠᠷᠤᠭᠠᠰᠤ ᠶᠡᠬᠡᠳᠦᠭᠰᠡᠨ ᠡᠴᠡ ᠪᠣᠯᠵᠤ ᠨᠣᠢᠷ ᠬᠤᠯᠵᠢᠬᠤ ᠡᠪᠡᠳᠴᠢᠨ ᠨᠢ ᠦᠷᠭᠦᠯᠵᠢ ᠲᠣᠬᠢᠶᠠᠯᠳᠤᠬᠤ ᠡᠪᠡᠳᠴᠢᠨ ᠪᠣᠯᠤᠭᠰᠠᠨ ᠪᠠᠢᠨ᠎ᠠ᠃ ᠲᠤᠰ ᠡᠪᠡᠳᠴᠢᠨ ᠪᠣᠯ ᠮᠠᠬᠠᠪᠣᠳ ᠤ᠋ᠨ ᠬᠢᠮᠤᠷᠠᠯ ᠢ᠋ᠶ᠋ᠠᠷ ᠨᠣᠢᠷ ᠢ᠋ ᠨᠥᠯᠥᠭᠡᠯᠡᠵᠦ ᠡᠷᠡᠭᠦᠯ ᠶᠣᠰᠣᠭᠠᠷ ᠤᠨᠲᠠᠵᠤ ᠴᠢᠳᠠᠬᠤ ᠦᠭᠡᠢ ᠪᠣᠯᠤᠭᠰᠠᠨ ᠦᠵᠡᠭᠳᠡᠯ ᠢ᠋ ᠬᠡᠯᠡᠵᠦ ᠪᠠᠢᠨ᠎ᠠ᠃ ᠪᠣᠷᠵᠢᠭᠢᠨ ᠡᠷᠳᠡᠨᠢᠴᠣᠭᠲᠤ ᠡᠮᠴᠢ ᠡᠴᠡ ᠨᠣᠢᠷ ᠬᠤᠯᠵᠢᠬᠤ ᠡᠪᠡᠳᠴᠢᠨ ᠢ᠋ ᠵᠠᠰᠠᠬᠤ ᠳ᠋ᠤ᠌ ᠪᠠᠨ ᠥᠪᠡᠷᠮᠢᠴᠡ ᠭᠠᠷ ᠠᠪᠤᠯᠭ᠎ᠠ ᠲᠠᠢ ᠪᠠᠢᠵᠤ᠂ ᠮᠣᠩᠭᠣᠯ ᠠᠨᠠᠭᠠᠬᠤ ᠤᠬᠠᠭᠠᠨ ᠤ᠋ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠨ᠂ ᠡᠪᠡᠳᠴᠢᠨ ᠦ᠌ ᠰᠢᠯᠲᠠᠭᠠᠨ ᠨᠥᠬᠥᠴᠡᠯ ᠳ᠋ᠦ᠍ ᠵᠣᠷᠢᠭᠤᠯᠤᠨ᠂ ᠣᠯᠠᠨ ᠵᠦᠢᠯ ᠦ᠋ᠨ ᠰᠢᠯᠲᠠᠭᠠᠨ ᠠ᠋ᠴᠠ ᠪᠣᠯᠤᠭᠰᠠᠨ ᠨᠣᠢᠷ ᠬᠤᠯᠵᠢᠬᠤ ᠡᠪᠡᠳᠴᠢᠨ ᠢ᠋ ᠵᠠᠰᠠᠨ ᠡᠳᠡᠭᠡᠷᠡᠭᠦᠯᠳᠡᠭ᠃ 
【ᠲᠦᠯᠬᠢᠭᠦᠷ ᠦᠭᠡ 】
       ᠪᠣᠷᠵᠢᠭᠢᠨ ᠡᠷᠳᠡᠨᠢᠴᠤᠭᠲᠤ ; ᠨᠣᠢᠷ ᠬᠤᠯᠵᠢᠬᠤ ᠡᠪᠡᠳᠴᠢᠨ ; ᠡᠮᠴᠢᠯᠡᠭᠡᠨ ᠦ᠌ ᠲᠤᠷᠰᠢᠯᠭ᠎ᠠ  ᠨᠣᠢᠷ ᠬᠤᠯᠵᠢᠬᠤ ᠪᠣᠯ ᠨᠣᠢᠷ ᠰᠡᠷᠭᠡᠭ᠌ᠰᠢᠵᠤ ᠤᠨᠲᠠᠵᠤ ᠳᠡᠢᠯᠬᠦ ᠦᠭᠡᠢ ᠪᠤᠶᠤ ᠤᠨᠲᠠᠭᠰᠠᠨ ᠴᠤ᠌ ᠤᠳᠠᠯ ᠦᠭᠡᠢ ᠰᠡᠷᠡᠬᠦ᠂ ᠰᠡᠷᠡᠭᠰᠡᠨ ᠦ᠌ ᠳᠠᠷᠠᠭ᠎ᠠ ᠳᠠᠬᠢᠵᠤ ᠤᠨᠲᠠᠵᠤ ᠳᠡᠢᠯᠬᠦ ᠦᠭᠡᠢ ᠮᠡᠲᠦ ᠰᠢᠨᠵᠢ ᠪᠦᠬᠦᠢ ᠡᠪᠡᠳᠴᠢᠨ ᠪᠣᠯᠤᠨ᠎ᠠ᠃ ᠥᠭᠡᠷ᠎ᠡ ᠪᠡᠷ ᠪᠠᠰᠠ 《ᠨᠣᠢᠷ ᠠᠯᠳᠠᠬᠤ》 ᠭᠡᠵᠦ ᠬᠡᠯᠡᠳᠡᠭ᠃ ᠲᠤᠰ ᠡᠪᠡᠳᠴᠢᠨ ᠢ᠋ ᠥᠩᠭᠡᠷᠡᠭᠰᠡᠨ ᠦ᠌ ᠨᠣᠮ ᠰᠤᠳᠤᠷ ᠤ᠋ᠳ ᠲᠤ᠌ ᠶᠡᠷᠦ ᠡᠴᠡ ᠲᠤᠰᠬᠠᠢ ᠡᠪᠡᠳᠴᠢᠨ ᠪᠣᠯᠭᠠᠨ ᠲᠠᠢᠯᠪᠤᠷᠢᠯᠠᠵᠤ ᠥᠩᠭᠡᠷᠡᠭᠰᠡᠨ ᠦᠭᠡᠢ᠃ ᠬᠠᠷᠢᠨ 《ᠬᠡᠢ ᠡᠪᠡᠳᠴᠢᠨ》᠂ 《ᠵᠢᠷᠦᠬᠡᠨ ᠡᠪᠡᠳᠴᠢᠨ》 ᠵᠡᠷᠭᠡ ᠡᠪᠡᠳᠴᠢᠨ ᠨᠤᠭᠦᠳ ᠦ᠋ᠨ ᠳᠣᠲᠣᠷ᠎ᠠ ᠰᠢᠨᠵᠢ ᠲᠡᠮᠳᠡᠭ ᠦ᠋ᠨ ᠬᠤᠪᠢ ᠪᠠᠷ ᠲᠠᠷᠠᠬᠠᠢ ᠪᠤᠲᠠᠷᠬᠠᠢ ᠲᠡᠮᠳᠡᠭᠯᠡᠵᠦ ᠪᠠᠢᠪᠠ᠃ ᠣᠳᠣ ᠶ᠋ᠢᠨ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠬᠥᠮᠦᠰ ᠦ᠋ᠨ ᠠᠵᠢᠯ ᠠᠮᠢᠳᠤᠷᠠᠯ ᠤ᠋ᠨ ᠳᠠᠷᠤᠭᠠᠰᠤ ᠬᠦᠨᠳᠦᠷᠡᠵᠦ᠂ ᠠᠵᠢᠯᠯᠠᠵᠤ ᠠᠮᠠᠷᠠᠬᠤ ᠬᠡᠪ ᠦ᠋ᠨ ᠪᠤᠰᠤ ᠵᠡᠷᠭᠡ ᠨᠥᠬᠥᠴᠡᠯ ᠡᠴᠡ ᠪᠣᠯᠵᠤ ᠨᠣᠢᠷ ᠬᠤᠯᠵᠢᠬᠤ ᠡᠪᠡᠳᠴᠢᠨ ᠳ᠋ᠦ᠍ ᠨᠡᠷᠪᠡᠭᠳᠡᠵᠦ ᠪᠠᠢᠭ᠎ᠠ ᠬᠥᠮᠦᠰ ᠡᠳᠦᠷ ᠢᠷᠡᠬᠦᠶ᠎ᠡ ᠣᠯᠠᠰᠢᠷᠠᠵᠤ ᠪᠠᠢᠨ᠎ᠠ᠃ 

1. ᠰᠢᠯᠲᠠᠭᠠᠨ ᠨᠥᠬᠥᠴᠡᠯ ᠪᠠ ᠡᠪᠡᠳᠴᠢᠨ ᠦ᠌ ᠵᠦᠢ ᠬᠡᠢ ᠴᠢᠰᠤᠨ ᠤ᠋ ᠬᠢᠮᠤᠷᠠᠯ ᠪᠣᠯ ᠲᠤᠰ ᠡᠪᠡᠳᠴᠢᠨ ᠦ᠌ ᠭᠣᠣᠯ ᠰᠢᠯᠲᠠᠭᠠᠨ ᠪᠣᠯᠬᠤ ᠪᠥᠭᠡᠳ ᠵᠢᠷᠦᠬᠡ ᠴᠠᠭᠠᠨ ᠰᠤᠳᠠᠯ ᠪᠣᠯ ᠡᠪᠡᠳᠴᠢᠨ ᠦ᠌ ᠭᠣᠣᠯ ᠣᠷᠣᠨ ᠪᠣᠯᠤᠨ᠎ᠠ [1] ᠃  ᠰᠡᠳᠬᠢᠯ ᠦ᠋ᠨ ᠠᠵᠢᠯᠯᠠᠭ᠎ᠠ ᠶ᠋ᠢ ᠬᠡᠲᠦᠷᠡᠭᠦᠯᠬᠦ ᠂ ᠢᠯᠠᠩᠭᠤᠶ᠎ᠠ ᠭᠡᠨᠡᠳᠲᠡ ᠪᠡᠷ ᠪᠠᠶᠠᠷᠯᠠᠵᠤ᠂ ᠭᠡᠨᠡᠳᠲᠡ ᠪᠡᠷ ᠭᠣᠮᠣᠳᠠᠬᠤ᠂ ᠭᠡᠨᠡᠳᠲᠡ ᠪᠡᠷ ᠠᠭᠤᠷᠯᠠᠵᠤ ᠭᠡᠨᠡᠳᠲᠡ ᠪᠡᠷ ᠪᠠᠴᠢᠮᠳᠠᠬᠤ ᠮᠡᠲᠦ ᠪᠡᠷ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠬᠤ᠂ ᠴᠢᠰᠤ ᠶᠡᠬᠡ ᠭᠠᠷᠬᠤ ᠪᠤᠶᠤ ᠴᠢᠰᠤ ᠪᠠᠷᠠᠭᠳᠠᠬᠤ᠂ ᠨᠠᠰᠤ ᠠᠭᠰᠢᠷᠠᠵᠤ ᠬᠥᠭᠰᠢᠷᠡᠬᠦ ᠵᠡᠷᠭᠡ ᠪᠡᠷ ᠮᠠᠬᠠᠪᠣᠳ ᠤ᠋ᠨ ᠬᠤᠪᠢ ᠪᠠᠷ ᠬᠡᠢ ᠠᠷᠪᠢᠳᠠᠵᠤ ᠵᠢᠷᠦᠬᠡᠨ ᠳ᠋ᠦ᠍ ᠣᠷᠣᠰᠢᠬᠤ᠂ ᠡᠰᠡᠬᠦᠯ᠎ᠡ ᠠᠭᠤᠷᠯᠠᠵᠤ ᠬᠢᠯᠢᠩᠨᠡᠭᠰᠡᠨ ᠪᠤᠶᠤ ᠠᠶᠤᠵᠤ ᠰᠣᠴᠢᠭᠰᠠᠨ ᠵᠡᠷᠭᠡ ᠪᠡᠷ ᠬᠡᠢ ᠰᠢᠷ᠎ᠠ ᠬᠢᠮᠤᠷᠠᠵᠤ ᠴᠠᠭᠠᠨ ᠰᠤᠳᠠᠯ ᠳ᠋ᠤ᠌ ᠪᠠᠭᠤᠬᠤ᠂ ᠡᠰᠡᠬᠦᠯ᠎ᠡ ᠤᠳᠠᠭᠠᠨ ᠬᠤᠭᠤᠴᠠᠭ᠎ᠠ ᠪᠠᠷ ᠡᠪᠡᠳᠴᠢᠨ ᠡᠮᠭᠡᠭ ᠲᠦ᠍ ᠨᠡᠷᠪᠡᠭᠳᠡᠵᠦ ᠲᠠᠮᠢᠷ ᠲᠡᠩᠬᠡᠭᠡ ᠮᠠᠭᠤᠳᠠᠬᠤ᠂ ᠠᠯᠵᠠᠭᠤᠷᠠᠨ ᠰᠠᠭᠤᠵᠤ ᠪᠡᠶ᠎ᠡ ᠲᠠᠮᠢᠷ ᠤ᠋ᠨ ᠬᠥᠳᠡᠯᠭᠡᠭᠡᠨ ᠳᠤᠲᠠᠭᠤᠳᠠᠬᠤ᠂ ᠬᠤᠷᠢᠴᠠᠯ ᠬᠡᠲᠦᠷᠡᠵᠦ ᠪᠡᠶ᠎ᠡ ᠵᠦᠳᠡᠷᠡᠬᠦ ᠵᠡᠷᠭᠡ ᠪᠡᠷ ᠪᠥᠭᠡᠷᠡᠨ ᠲᠠᠮᠢᠷ ᠳᠣᠷᠣᠢᠲᠠᠵᠤ ᠬᠡᠢ ᠥᠷᠨᠢᠬᠦ ᠵᠡᠷᠭᠡ ᠪᠡᠷ ᠨᠥᠬᠥᠴᠡᠯᠳᠦᠨ᠎ᠡ᠃ ᠡᠭᠦᠨ ᠡᠴᠡ ᠪᠣᠯᠵᠤ ᠬᠡᠢ ᠰᠢᠷ᠎ᠠ ᠬᠢᠮᠤᠷᠠᠨ ᠵᠢᠷᠦᠬᠡ ᠪᠥᠭᠡᠷ᠎ᠡ ᠶ᠋ᠢ ᠨᠥᠯᠥᠭᠡᠯᠡᠵᠦ ᠡᠷᠡᠭᠦᠯ ᠦᠢᠯᠡ ᠠᠵᠢᠯᠯᠠᠭ᠎ᠠ ᠶ᠋ᠢ ᠰᠠᠮᠠᠭᠤᠷᠠᠭᠤᠯᠤᠭᠠᠳ ᠤᠨᠲᠠᠵᠤ ᠴᠢᠳᠠᠬᠤ ᠦᠭᠡᠢ ᠨᠣᠢᠷ ᠠᠯᠲᠠᠨ ᠲᠤᠰ ᠡᠪᠡᠳᠴᠢᠨ ᠪᠣᠯᠤᠨ᠎ᠠ᠃ 

2. ᠵᠦᠢᠯ ᠢᠯᠭᠠᠯ ᠪᠠ ᠰᠢᠨᠵᠢ ᠲᠡᠮᠳᠡᠭ ᠮᠣᠩᠭᠣᠯ ᠠᠨᠠᠭᠠᠬᠤ ᠤᠬᠠᠭᠠᠨ ᠳ᠋ᠤ᠌ ᠡᠪᠡᠳᠴᠢᠨ ᠦ᠌ ᠮᠠᠬᠠᠪᠣᠳ ᠢ᠋ ᠦᠨᠳᠦᠰᠦᠯᠡᠵᠦ᠂ ᠬᠡᠢ ᠪᠡᠷ ᠨᠣᠢᠷ ᠬᠤᠯᠵᠢᠬᠤ᠂ ᠰᠢᠷ᠎ᠠ ᠪᠠᠷ ᠨᠣᠢᠷ ᠬᠤᠯᠵᠢᠬᠤ᠂ ᠪᠣᠷᠣ ᠪᠠᠷ ᠨᠣᠢᠷ ᠬᠤᠯᠵᠢᠬᠤ ᠭᠡᠵᠦ᠂ ᠡᠪᠡᠳᠴᠢᠨ ᠡᠭᠦᠰᠦᠭᠰᠡᠨ ᠣᠷᠣᠨ ᠢ᠋ ᠦᠨᠳᠦᠰᠦᠯᠡᠵᠦ ᠵᠢᠷᠦᠬᠡᠨ ᠦ᠌ ᠭᠡᠮ ᠢ᠋ᠶ᠋ᠡᠷ ᠨᠣᠢᠷ ᠬᠤᠯᠵᠢᠬᠤ᠂ ᠪᠥᠭᠡᠷᠡᠨ ᠦ᠌ ᠭᠡᠮ ᠢ᠋ᠶ᠋ᠡᠷ ᠨᠣᠢᠷ ᠬᠤᠯᠵᠢᠬᠤ᠂ ᠴᠠᠭᠠᠨ ᠰᠤᠳᠠᠯ ᠤ᠋ᠨ ᠭᠡᠮ ᠢ᠋ᠶ᠋ᠡᠷ ᠨᠣᠢᠷ ᠬᠤᠯᠵᠢᠬᠤ ᠭᠡᠵᠦ ᠲᠤᠰᠬᠠᠢ ᠬᠤᠪᠢᠶᠠᠨ ᠰᠢᠨᠵᠢᠯᠡᠭᠰᠡᠨ ᠪᠠᠢᠳᠠᠭ᠃ ᠡᠭᠦᠨ ᠳ᠋ᠦ᠍ ᠬᠡᠢ ᠶ᠋ᠢᠨ ᠭᠡᠮ ᠢ᠋ᠶ᠋ᠡᠷ ᠨᠣᠢᠷ ᠬᠤᠯᠵᠢᠵᠤ ᠪᠠᠢᠪᠠᠯ ᠲᠣᠯᠣᠭᠠᠢ ᠡᠷᠭᠢᠬᠦ᠂ ᠨᠢᠳᠦ ᠡᠷᠢᠶᠡᠯᠵᠡᠬᠦ᠂ ᠤᠨᠲᠠᠵᠤ ᠣᠷᠣᠬᠤ ᠦᠭᠡᠢ ᠪᠤᠶᠤ ᠤᠨᠲᠠᠭᠰᠠᠨ ᠴᠤ᠌ ᠣᠯᠠᠨ ᠵᠡᠭᠦᠳᠦᠯᠡᠬᠦ᠂ ᠣᠯᠠᠨ ᠡᠪᠰᠢᠶᠡᠬᠦ᠂ ᠭᠠᠷ ᠬᠥᠯ ᠴᠡᠴᠡᠷᠡᠬᠦ᠂ ᠰᠤᠳᠠᠯ ᠨᠢ ᠬᠥᠨᠳᠡᠢ ᠬᠣᠭᠣᠰᠣᠨ ᠯᠤᠭᠰᠢᠬᠤ᠂ ᠰᠢᠭᠡᠰᠦ ᠨᠢ ᠲᠤᠩᠭᠠᠯᠠᠭ᠂ ᠬᠥᠭᠡᠰᠦ ᠶᠡᠬᠡ ᠲᠡᠢ ᠪᠠᠢᠬᠤ ᠵᠡᠷᠭᠡ ᠰᠢᠨᠵᠢ ᠢᠯᠡᠷᠡᠨ᠎ᠡ᠃ ᠰᠢᠷ᠎ᠠ ᠶ᠋ᠢᠨ ᠭᠡᠮ ᠢ᠋ᠶ᠋ᠡᠷ ᠨᠣᠢᠷ ᠬᠤᠯᠵᠢᠪᠠᠯ ᠠᠮᠠ ᠭᠠᠰᠢᠭᠤᠷᠠᠬᠤ᠂ ᠪᠡᠶ᠎ᠡ ᠬᠠᠯᠠᠭᠤᠷᠠᠬᠤ᠂ ᠠᠮᠠ ᠬᠡᠯᠡ ᠬᠠᠲᠠᠵᠤ ᠤᠮᠳᠠᠭᠠᠰᠬᠤ᠂ ᠲᠣᠯᠣᠭᠠᠢ ᠡᠪᠡᠳᠬᠦ᠂ ᠳᠣᠲᠣᠷ ᠪᠠᠴᠢᠮᠳᠠᠵᠤ ᠤᠴᠠᠭᠠᠷᠯᠠᠬᠤ ᠳᠤᠷᠠᠲᠠᠢ ᠪᠣᠯᠬᠤ᠂ ᠨᠢᠳᠦ ᠠᠷᠠᠰᠤ ᠰᠢᠷᠠᠯᠠᠬᠤ᠂ ᠢᠳᠡᠭᠡᠨ ᠦ᠌ ᠳᠤᠷᠠᠰᠢᠯ ᠮᠠᠭᠤᠳᠠᠬᠤ᠂ ᠰᠤᠳᠠᠯ ᠨᠢ ᠨᠠᠷᠢᠨ ᠲᠦᠷᠭᠡᠨ ᠯᠤᠭᠰᠢᠬᠤ᠂ ᠰᠢᠭᠡᠰᠦ ᠨᠢ ᠰᠢᠷ᠎ᠠ᠂ ᠦᠨᠦᠷ ᠠᠭᠤᠷ ᠶᠡᠬᠡ ᠪᠣᠯᠬᠤ ᠵᠡᠷᠭᠡ ᠰᠢᠨᠵᠢ ᠢᠯᠡᠷᠡᠨ᠎ᠡ᠃ ᠪᠣᠷᠣ ᠶ᠋ᠢᠨ ᠭᠡᠮ ᠢ᠋ᠶ᠋ᠡᠷ ᠨᠣᠢᠷ ᠬᠤᠯᠵᠢᠪᠠᠯ ᠰᠢᠯᠲᠠᠭᠠᠨ ᠦᠭᠡᠢ ᠪᠡᠷ ᠨᠣᠢᠷ ᠠᠯᠳᠠᠬᠤ᠂ ᠨᠢᠭᠤᠷ ᠴᠢᠷᠠᠢ ᠤᠯᠠᠢᠵᠤ ᠪᠣᠷᠣᠯᠠᠬᠤ᠂ ᠠᠮᠠ ᠵᠠᠪᠠᠭᠠᠷᠠᠵᠤ ᠰᠢᠩᠭᠡᠭᠡᠯᠲᠡ ᠮᠠᠭᠤᠳᠠᠬᠤ᠂ ᠮᠠᠩᠨᠠᠢ ᠨᠢᠳᠦᠨ ᠤᠬᠤᠷᠬᠠᠢ ᠪᠠᠷ ᠡᠪᠡᠳᠬᠦ᠂ ᠭᠠᠷ ᠬᠥᠯ ᠦ᠋ᠨ ᠠᠯᠠᠭ᠎ᠠ ᠬᠠᠯᠠᠭᠤᠷᠠᠬᠤ᠂ ᠰᠤᠳᠠᠯ ᠨᠢ ᠤᠯᠠᠪᠤᠷ ᠰᠢᠷ᠎ᠠ ᠪᠣᠯᠬᠤ ᠵᠡᠷᠭᠡ ᠰᠢᠨᠵᠢ ᠢᠯᠡᠷᠡᠨ᠎ᠡ᠃ ᠵᠢᠷᠦᠬᠡᠨ ᠦ᠌ ᠭᠡᠮ ᠢ᠋ᠶ᠋ᠡᠷ ᠨᠣᠢᠷ ᠬᠤᠯᠵᠢᠪᠠᠯ ᠵᠢᠷᠦᠬᠡ ᠭᠣᠣᠯ ᠲᠦᠭᠰᠢᠬᠦ᠂ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠬᠤ᠂ ᠠᠷᠭᠠᠯᠠᠭᠠᠳ ᠤᠨᠲᠠᠭᠰᠠᠨ ᠴᠤ᠌ ᠵᠡᠭᠦᠳᠦ ᠣᠯᠠᠨ ᠪᠥᠭᠡᠳ ᠠᠬᠢᠨ ᠳᠠᠬᠢᠨ ᠰᠣᠴᠢᠵᠤ ᠰᠡᠷᠡᠬᠦ᠂ ᠴᠡᠭᠡᠵᠢᠯᠡᠬᠦ ᠴᠢᠳᠠᠪᠤᠷᠢ ᠮᠠᠰᠢ ᠮᠠᠭᠤᠳᠠᠬᠤ ᠵᠡᠷᠭᠡ ᠰᠢᠨᠵᠢ ᠢᠯᠡᠷᠡᠨ᠎ᠡ᠃ ᠪᠥᠭᠡᠷᠡᠨ ᠦ᠌ ᠭᠡᠮ ᠢ᠋ᠶ᠋ᠡᠷ ᠨᠣᠢᠷ ᠬᠤᠯᠵᠢᠪᠠᠯ ᠴᠢᠬᠢ ᠱᠤᠤᠭᠢᠬᠤ᠂ ᠲᠣᠯᠣᠭᠠᠢ ᠡᠷᠭᠢᠬᠦ᠂ ᠨᠢᠷᠤᠭᠤ ᠬᠥᠰᠢᠬᠦ᠂ ᠣᠯᠠᠨ ᠵᠡᠭᠦᠳᠦᠯᠡᠬᠦ᠂ ᠳᠤᠰᠤᠯ ᠠᠯᠳᠠᠬᠤ᠂ ᠪᠡᠯᠬᠡᠰ ᠦ᠋ᠨ ᠳᠣᠷᠣᠢᠲᠠᠯ ᠪᠣᠯᠬᠤ᠂ ᠭᠠᠷ ᠬᠥᠯ ᠬᠠᠯᠠᠭᠤᠨ ᠣᠷᠬᠢᠬᠤ ᠵᠡᠷᠭᠡ ᠰᠢᠨᠵᠢ ᠢᠯᠡᠷᠡᠨ᠎ᠡ᠃ ᠴᠠᠭᠠᠨ ᠰᠤᠳᠠᠯ ᠤ᠋ᠨ ᠭᠡᠮ ᠢ᠋ᠶ᠋ᠡᠷ ᠨᠣᠢᠷ ᠬᠤᠯᠵᠢᠪᠠᠯ ᠲᠣᠯᠣᠭᠠᠢ ᠡᠷᠭᠢᠵᠦ ᠨᠢᠳᠦ ᠡᠷᠢᠶᠡᠯᠵᠡᠬᠦ᠂ ᠬᠦᠵᠦᠭᠦᠦ ᠳᠠᠯᠤ ᠪᠠᠷ ᠬᠥᠰᠢᠵᠦ ᠡᠪᠡᠳᠬᠦ᠂ ᠶᠠᠪᠤᠵᠤ ᠰᠠᠭᠤᠬᠤ ᠶ᠋ᠢ ᠬᠦᠰᠡᠬᠦ ᠵᠡᠷᠭᠡ ᠰᠢᠨᠵᠢ ᠢᠯᠡᠷᠡᠨ᠎ᠡ [1] ᠃

3. ᠡᠮᠴᠢᠯᠡᠭᠡ 
3.1 ᠵᠠᠰᠠᠬᠤ ᠵᠠᠷᠴᠢᠮ ᠶᠡᠷᠦᠩᠬᠡᠢ ᠳ᠋ᠦ᠍ ᠪᠡᠨ ᠬᠡᠢ ᠴᠢᠰᠤ ᠶ᠋ᠢ ᠲᠡᠭᠰᠢᠳᠬᠡᠵᠦ᠂ ᠵᠢᠷᠦᠬᠡ ᠴᠠᠭᠠᠨ ᠰᠤᠳᠠᠯ ᠢ᠋ ᠲᠠᠢᠳᠬᠤᠷᠠᠭᠤᠯᠤᠨ ᠨᠣᠢᠷ ᠢ᠋ ᠢᠷᠡᠭᠦᠯᠵᠦ ᠵᠠᠰᠠᠬᠤ ᠤᠷᠢᠳᠠᠯ ᠳᠣᠣᠷ᠎ᠠ ᠡᠪᠡᠳᠴᠢᠨ ᠦ᠌ ᠮᠠᠬᠠᠪᠣᠳ ᠪᠠ ᠣᠷᠣᠨ ᠲᠠᠢ ᠨᠢ ᠤᠶᠠᠯᠳᠤᠭᠤᠯᠵᠤ ᠵᠠᠰᠠᠬᠤ ᠵᠠᠷᠴᠢᠮ ᠢ᠋ ᠪᠠᠷᠢᠮᠲᠠᠯᠠᠨ᠎ᠠ᠃ 
3.2 ᠡᠮ ᠨᠠᠢᠷᠯᠠᠭ᠎ᠠ ᠶ᠋ᠢᠨ ᠡᠮᠴᠢᠯᠡᠭᠡ ᠬᠡᠢ ᠶ᠋ᠢᠨ ᠭᠡᠮ ᠢ᠋ᠶ᠋ᠡᠷ ᠨᠣᠢᠷ ᠬᠤᠯᠵᠢᠪᠠᠯ ᠬᠡᠢ ᠶ᠋ᠢ ᠳᠠᠷᠤᠬᠤ ᠪᠠᠷ ᠭᠣᠶᠣ —13. ᠠᠭᠠᠷᠤ —35᠂ ᠰᠦᠭᠮᠡᠯ —3 ᠤ᠋ ᠳᠠᠩ ᠵᠡᠷᠭᠡ ᠡᠮ ᠨᠠᠢᠷᠯᠠᠭ᠎ᠠ ᠠ᠋ᠴᠠ ᠰᠣᠩᠭᠣᠨ ᠬᠡᠷᠡᠭᠯᠡᠨ᠎ᠡ; ᠰᠢᠷ᠎ᠠ ᠶ᠋ᠢᠨ ᠭᠡᠮ ᠢ᠋ᠶ᠋ᠡᠷ ᠨᠣᠢᠷ ᠬᠤᠯᠵᠢᠪᠠᠯ ᠰᠢᠷ᠎ᠠ ᠶ᠋ᠢ ᠳᠠᠷᠤᠵᠤ᠂ ᠮᠠᠬᠠᠪᠣᠳ ᠢ᠋ ᠲᠡᠭᠰᠢᠳᠬᠡᠬᠦ ᠪᠡᠷ ᠠᠯᠲᠠᠨ ᠠᠷᠤᠷ᠎ᠠ — 5᠂ ᠶᠡᠬᠡ ᠬᠠᠷ᠎ᠠ —12 ᠵᠡᠷᠭᠡ ᠰᠢᠷ᠎ᠠ ᠶ᠋ᠢ ᠳᠠᠷᠤᠬᠤ ᠨᠠᠢᠷᠯᠠᠭ᠎ᠠ ᠠ᠋ᠴᠠ ᠰᠣᠩᠭᠣᠨ ᠬᠡᠷᠡᠭᠯᠡᠨ᠎ᠡ; ᠪᠣᠷᠣ ᠶ᠋ᠢᠨ ᠭᠡᠮ ᠢ᠋ᠶ᠋ᠡᠷ ᠨᠣᠢᠷ ᠬᠤᠯᠵᠢᠪᠠᠯ ᠮᠠᠬᠠᠪᠣᠳ ᠢ᠋ ᠲᠡᠭᠰᠢᠳᠬᠡᠵᠦ᠂ ᠭᠠᠯ ᠤ᠋ᠨ ᠢᠯᠴᠢ ᠶ᠋ᠢ ᠰᠡᠯᠪᠢᠬᠦ ᠪᠡᠷ ᠬᠠᠷ᠎ᠠ ᠭᠠᠪᠤᠷ —10᠂ ᠴᠠᠭᠠᠨ ᠦᠷᠢᠯ᠂ ᠶᠡᠬᠡ ᠳᠠᠩ᠂ ᠡᠷᠳᠡᠨᠢ — 7 ᠤ᠋ ᠳᠠᠩ ᠵᠡᠷᠭᠡ ᠡᠴᠡ ᠰᠣᠩᠭᠣᠨ ᠬᠡᠷᠡᠭᠯᠡᠨ᠎ᠡ ; ᠵᠢᠷᠦᠬᠡᠨ ᠦ᠌ ᠭᠡᠮ ᠢ᠋ᠶ᠋ᠡᠷ ᠨᠣᠢᠷ ᠬᠤᠯᠵᠢᠪᠠᠯ᠂ ᠬᠡᠢ ᠶ᠋ᠢ ᠳᠠᠷᠤᠵᠤ᠂ ᠵᠢᠷᠦᠬᠡᠨ ᠲᠠᠮᠢᠷ ᠢ᠋ ᠰᠠᠢᠵᠢᠷᠠᠭᠤᠯᠬᠤ ᠪᠠᠷ ᠵᠢᠷᠦᠬᠡ — 6᠂ ᠠᠮᠢᠨ ᠡᠷᠳᠡᠨᠢ ᠂ ᠽᠠᠨᠳᠠᠨ —3 ᠤ᠋ ᠳᠠᠩ ᠵᠡᠷᠭᠡ ᠡᠮ ᠨᠠᠢᠷᠯᠠᠭ᠎ᠠ ᠠ᠋ᠴᠠ ᠰᠣᠩᠭᠣᠨ ᠬᠡᠷᠡᠭᠯᠡᠨ᠎ᠡ ; ᠴᠠᠭᠠᠨ ᠰᠤᠳᠠᠯ ᠤ᠋ᠨ ᠭᠡᠮ ᠢ᠋ᠶ᠋ᠡᠷ ᠨᠣᠢᠷ ᠬᠤᠯᠵᠢᠪᠠᠯ᠂ ᠴᠠᠭᠠᠨ ᠰᠤᠳᠠᠯ ᠢ᠋ ᠰᠢᠮᠡᠵᠢᠭᠦᠯᠬᠦ ᠪᠡᠷ ᠡᠷᠳᠡᠨᠢ ᠦᠷᠢᠯ᠂ ᠭᠠᠷᠤᠳᠢ —13 ᠵᠡᠷᠭᠡ ᠡᠮ ᠨᠠᠢᠷᠯᠠᠭ᠎ᠠ ᠠ᠋ᠴᠠ ᠰᠣᠩᠭᠣᠨ ᠬᠡᠷᠡᠭᠯᠡᠨ᠎ᠡ; ᠪᠥᠭᠡᠷᠡᠨ ᠦ᠌ ᠭᠡᠮ ᠢ᠋ᠶ᠋ᠡᠷ ᠨᠣᠢᠷ ᠬᠤᠯᠵᠢᠪᠠᠯ ᠪᠥᠭᠡᠷᠡᠨ ᠲᠠᠮᠢᠷ ᠢ᠋ ᠰᠠᠢᠵᠢᠷᠠᠭᠤᠯᠬᠤ ᠪᠠᠷ ᠰᠦᠭᠮᠡᠯ —10᠂ ᠨᠠᠷᠠᠨ ᠮᠠᠨᠳᠠᠯ᠂ ᠰᠠᠷᠢ ᠭᠠᠷᠤᠳᠢ ᠵᠡᠷᠭᠡ ᠨᠠᠢᠷᠠᠯᠭ᠎ᠠ ᠠ᠋ᠴᠠ ᠰᠣᠩᠭᠣᠨ ᠬᠡᠷᠡᠭᠯᠡᠵᠦ᠂ ᠡᠪᠡᠳᠴᠢᠨ ᠦ᠌ ᠪᠣᠳᠠᠲᠤ ᠪᠠᠢᠳᠠᠯ ᠲᠠᠢ ᠨᠢ ᠤᠶᠠᠯᠳᠤᠭᠤᠯᠤᠨ ᠬᠤᠪᠢᠰᠤᠩᠭᠤᠢ ᠪᠠᠷ ᠡᠮᠴᠢᠯᠡᠳᠡᠭ᠃ 
3.3 ᠵᠠᠰᠠᠯ ᠤ᠋ᠨ ᠡᠮᠴᠢᠯᠡᠭᠡ ᠪᠣᠷᠵᠢᠭᠢᠨ ᠡᠷᠳᠡᠨᠢᠴᠤᠭᠲᠣ᠌ ᠡᠮᠴᠢ ᠡᠴᠡ ᠨᠣᠢᠷ ᠬᠤᠯᠵᠢᠬᠤ ᠡᠪᠡᠳᠴᠢᠨ ᠢ᠋ ᠡᠮᠴᠢᠯᠡᠬᠦ ᠳ᠋ᠦ᠍ ᠤᠯᠠᠮᠵᠢᠯᠠᠯᠲᠤ ᠵᠠᠰᠠᠯ ᠤ᠋ᠨ ᠲᠠᠯ᠎ᠠ ᠪᠠᠷ ᠥᠪᠡᠷ ᠦ᠋ᠨ ᠭᠡᠰᠡᠨ ᠭᠠᠷ ᠠᠪᠤᠯᠭ᠎ᠠ ᠲᠠᠢ ᠪᠠᠢᠳᠠᠭ ᠮᠥᠷᠲᠡᠭᠡᠨ ᠢᠯᠠᠩᠭᠤᠶ᠎ᠠ ᠠᠯᠲᠠ ᠮᠥᠩᠭᠥᠨ ᠪᠦᠯᠢᠶᠡᠨ ᠵᠡᠭᠦᠦ ᠪᠡᠷ ᠮᠠᠰᠢ ᠣᠯᠠᠨ ᠨᠣᠢᠷ ᠬᠤᠯᠵᠢᠬᠤ ᠡᠪᠡᠳᠴᠢᠨ ᠢ᠋ ᠡᠮᠨᠡᠨ ᠡᠳᠡᠭᠡᠷᠡᠭᠦᠯᠦᠭᠰᠡᠨ ᠶᠦ᠍ᠮ᠃ ᠳᠠᠷᠤᠢ ᠪᠦᠯᠢᠶᠡᠨ ᠵᠡᠭᠦᠦ  ᠶ᠋ᠢᠨ ᠢᠯᠴᠢ ᠪᠡᠷ ᠳᠠᠮᠵᠢᠨ ᠬᠡᠢ ᠶ᠋ᠢ ᠳᠠᠷᠤᠵᠤ᠂ ᠪᠡᠶ᠎ᠡ ᠰᠡᠳᠬᠢᠯ ᠢ᠋ ᠲᠠᠢᠳᠬᠤᠷᠠᠭᠤᠯᠬᠤ ᠵᠠᠷᠴᠢᠮ ᠢ᠋ᠶ᠋ᠠᠷ ᠡᠪᠡᠳᠴᠢᠲᠡᠨ ᠦ᠌ ᠰᠢᠨᠵᠢ ᠢᠯᠡᠷᠡᠯ᠂ ᠪᠡᠶ᠎ᠡ ᠶ᠋ᠢᠨ ᠲᠠᠮᠢᠷ᠂ ᠰᠡᠳᠬᠢᠯ ᠰᠠᠨᠠᠭᠠᠨ ᠤ᠋ ᠲᠠᠯ᠎ᠠ ᠪᠠᠷ ᠬᠦᠯᠢᠶᠡᠨ ᠠᠪᠬᠤ ᠵᠡᠷᠭᠡ ᠶ᠋ᠢ ᠣᠢᠯᠠᠭᠠᠭᠰᠠᠨ ᠪᠠᠢᠳᠠᠯ ᠳᠣᠣᠷ᠎ᠠ᠂ ᠡᠪᠡᠳᠴᠢᠲᠡᠨ ᠦ᠌ ᠬᠤᠷᠠᠮᠠᠯ ᠤ᠋ᠨ ᠪᠠᠯᠴᠢᠷ ᠲᠤ᠌ ᠮᠥᠩᠭᠥᠨ ᠵᠡᠭᠦᠦ ( ᠪᠦᠯᠢᠶᠡᠨ ᠵᠡᠭᠦᠦ) ᠬᠠᠳᠬᠤᠬᠤ ᠠᠷᠭ᠎ᠠ ᠪᠣᠯᠤᠨ᠎ᠠ᠃ ᠤᠷᠢᠳᠠᠪᠡᠷ ᠨᠠᠮ ᠵᠢᠮ ᠣᠷᠴᠢᠨ ᠳ᠋ᠤ᠌ ᠡᠪᠡᠳᠴᠢᠲᠡᠨ ᠢ᠋ ᠳᠡᠭᠡᠭᠰᠢ ᠬᠠᠷᠠᠭᠤᠯᠤᠨ ᠬᠡᠪᠲᠡᠭᠦᠯᠵᠦ᠂ ᠡᠪᠡᠳᠴᠢᠲᠡᠨ ᠢ᠋ ᠬᠡᠪᠡᠯᠢ ᠪᠡᠷ ᠢ᠋ᠶ᠋ᠡᠨ ᠭᠦᠨ ᠠᠮᠢᠰᠬᠤᠬᠤ ᠬᠥᠳᠡᠯᠭᠡᠭᠡᠨ ᠬᠢᠯᠭᠡᠵᠦ᠂ ᠪᠡᠶ᠎ᠡ ᠰᠡᠳᠬᠢᠯ ᠢ᠋ ᠠᠭᠤᠵᠢᠭᠤ ᠰᠤᠯᠠ ᠪᠣᠯᠭᠠᠭᠰᠠᠨ ᠨᠥᠬᠥᠴᠡᠯ ᠦ᠋ᠨ ᠳᠣᠣᠷ᠎ᠠ75% ᠤ᠋ ᠰᠫᠢᠷᠲ ᠲᠡᠢ ᠬᠥᠪᠥᠩ ᠢ᠋ᠶ᠋ᠡᠷ ᠠᠷᠢᠭᠤᠳᠬᠠᠭᠰᠠᠨ ᠮᠥᠩᠭᠥᠨ ᠵᠡᠭᠦᠦ  ᠶ᠋ᠢ ᠡᠪᠡᠳᠴᠢᠲᠡᠨ ᠦ᠌ ᠬᠤᠷᠠᠮᠠᠯ ᠤ᠋ᠨ ᠪᠠᠯᠴᠢᠷ ᠲᠤ᠌ ᠬᠠᠳᠬᠤᠨ᠎ᠠ᠃ ᠳᠠᠷᠠᠭ᠎ᠠ ᠨᠢ ᠡᠪᠡᠳᠴᠢᠲᠡᠨ ᠪᠣᠯᠭᠠᠨ ᠤ᠋ ᠢᠯᠴᠢ ᠶ᠋ᠢ ᠬᠦᠯᠢᠶᠡᠨ ᠠᠪᠬᠤ ᠬᠡᠮᠵᠢᠶ᠎ᠡ ᠶ᠋ᠢᠨ ᠠᠳᠠᠯᠢ ᠪᠤᠰᠤ ᠶ᠋ᠢ ᠦᠨᠳᠦᠰᠦᠯᠡᠨ 2 ~3 ᠮᠢᠨᠦ᠋ᠲ ᠠᠯᠤᠰᠯᠠᠨ 3~7 ᠰᠧᠭᠦ᠋ᠨ᠋ᠳ᠋ ᠮᠥᠩᠭᠥᠨ ᠵᠡᠭᠦᠦ ᠶ᠋ᠢᠨ ᠡᠰᠢ ᠶ᠋ᠢᠨ ᠬᠡᠰᠡᠭ ᠲᠦ᠍ ᠬᠠᠯᠠᠭᠠᠵᠤ᠂ ᠡᠪᠡᠳᠴᠢᠲᠡᠨ ᠢ᠋ ᠦᠭᠡ ᠵᠣᠭᠣᠭ ᠶᠠᠷᠢᠬᠤ ᠦᠭᠡᠢ ᠨᠠᠮ ᠵᠢᠮ ᠪᠠᠢᠯᠭᠠᠨ᠂ ᠢᠯᠴᠢ ᠶ᠋ᠢᠨ ᠪᠡᠶ᠎ᠡ ᠳ᠋ᠡᠬᠢ ᠳᠡᠮᠵᠢᠯᠲᠡ ᠶ᠋ᠢ ᠥᠪᠡᠷᠲᠡᠭᠡᠨ ᠰᠠᠷᠠᠨ ᠮᠡᠳᠡᠷᠡᠬᠦ ᠶ᠋ᠢ ᠵᠠᠬᠢᠨ᠎ᠠ᠃ ᠡᠪᠡᠳᠴᠢᠲᠡᠨ ᠦ᠌ ᠪᠠᠢᠳᠠᠯ ᠢ᠋ ᠦᠨᠳᠦᠰᠦᠯᠡᠨ ᠡᠨᠡ ᠬᠦ᠌ ᠵᠠᠰᠠᠯ ᠢ᠋ ᠡᠳᠦᠷ ᠦ᠋ᠨ ᠨᠢᠭᠡ ᠤᠳᠠᠭ᠎ᠠ ᠬᠢᠵᠦ᠂ ᠤᠳᠠᠭ᠎ᠠ ᠪᠦᠷᠢ 30 ~ 60 ᠮᠢᠨᠦ᠋ᠲ ᠬᠢᠨ᠎ᠡ᠃ ᠡᠮᠴᠢᠯᠡᠭᠡᠨ ᠦ᠌ ᠬᠤᠭᠤᠴᠠᠭ᠎ᠠ ᠶ᠋ᠢ ᠡᠪᠡᠳᠴᠢᠲᠡᠨ ᠦ᠌ ᠰᠢᠨᠵᠢ ᠢᠯᠡᠷᠡᠯ ᠦ᠋ᠨ ᠰᠠᠢᠵᠢᠷᠠᠯᠲᠠ ᠶ᠋ᠢᠨ ᠪᠠᠢᠳᠠᠯ᠂ ᠡᠪᠡᠳᠴᠢᠲᠡᠨ ᠦ᠌ ᠵᠠᠰᠠᠯ ᠢ᠋ ᠬᠦᠯᠢᠶᠡᠨ ᠠᠪᠬᠤ ᠪᠠᠢᠳᠠᠯ ᠵᠡᠷᠭᠡ ᠶ᠋ᠢ ᠦᠨᠳᠦᠰᠦᠯᠡᠨ ᠲᠣᠭᠲᠠᠭᠠᠨ᠎ᠠ᠃ ᠶᠡᠷᠦᠩᠬᠡᠢ ᠳ᠋ᠦ᠍ ᠪᠡᠨ 7 ᠡᠳᠦᠷ ᠢ᠋ᠶ᠋ᠡᠷ ᠨᠢᠭᠡ ᠡᠮᠴᠢᠯᠡᠭᠡᠨ ᠦ᠌ ᠬᠤᠭᠤᠴᠠᠭ᠎ᠠ ᠪᠣᠯᠭᠠᠳᠠᠭ᠃ ᠨᠣᠢᠷ ᠬᠤᠯᠵᠢᠬᠤ ᠡᠪᠡᠳᠴᠢᠨ ᠢ᠋ ᠵᠠᠰᠠᠬᠤ ᠳ᠋ᠤ᠌ ᠡᠮ ᠨᠠᠢᠷᠯᠠᠭ᠎ᠠ ᠶ᠋ᠢᠨ ᠡᠮᠴᠢᠯᠡᠭᠡᠨ ᠳ᠋ᠦ᠍ ᠡᠨᠡ ᠬᠦ᠌ ᠵᠠᠰᠠᠯ ᠢ᠋ ᠬᠠᠪᠰᠤᠷᠭᠠᠬᠤ ᠨᠢ ᠡᠮᠴᠢᠯᠡᠭᠡᠨ ᠦ᠌ ᠦᠷ᠎ᠡ ᠳ᠋ᠦᠩ ᠦ᠋ᠨ ᠲᠠᠯ᠎ᠠ ᠪᠠᠷ ᠳᠠᠩ ᠭᠠᠭᠴᠠ ᠡᠮ ᠨᠠᠢᠷᠠᠯᠭ᠎ᠠ ᠪᠠᠷ ᠨᠣᠢᠷ ᠬᠤᠯᠵᠢᠬᠤ ᠡᠪᠡᠳᠴᠢᠨ ᠢ᠋ ᠵᠠᠰᠠᠭᠰᠠᠨ ᠠ᠋ᠴᠠ ᠡᠮᠴᠢᠯᠡᠭᠡᠨ ᠦ᠌ ᠬᠤᠭᠤᠴᠠᠭ᠎ᠠ ᠣᠬᠣᠷ᠂ ᠦᠢᠯᠡᠳᠦᠯ ᠢ᠋ᠶ᠋ᠡᠷ ᠲᠦᠷᠭᠡᠨ᠂ ᠡᠪᠡᠳᠴᠢᠲᠡᠨ ᠪᠡᠶ᠎ᠡ ᠰᠡᠳᠬᠢᠯ ᠦ᠋ᠨ ᠲᠠᠯ᠎ᠠ ᠪᠠᠷ ᠭᠦᠢᠴᠡᠳ ᠲᠠᠢᠪᠤᠰᠢᠷᠠᠯ ᠣᠯᠵᠤ ᠴᠢᠳᠠᠬᠤ ᠵᠡᠷᠭᠡ ᠳᠠᠪᠠᠭᠤᠯᠢᠭ ᠲᠠᠯ᠎ᠠ ᠲᠠᠢ ᠪᠠᠢᠳᠠᠭ᠃ 
3.4 ᠰᠤᠪᠢᠯᠠᠯᠲᠠ ᠢᠳᠡᠭᠡᠨ ᠤᠮᠳᠠᠭᠠᠨ ᠤ᠋ ᠲᠠᠯ᠎ᠠ ᠪᠠᠷ᠂ ᠵᠥᠭᠡᠯᠡᠨ ᠪᠥᠭᠡᠳ ᠲᠣᠰᠣᠯᠢᠭ ᠰᠢᠮ᠎ᠡ ᠲᠡᠢ᠂ ᠰᠢᠩᠭᠡᠬᠦ ᠳ᠋ᠦ᠍ ᠬᠢᠯᠪᠠᠷ ᠢᠳᠡᠭᠡᠨ ᠤᠮᠳᠠᠭᠠᠨ ᠢ᠋ ᠰᠢᠲᠦᠵᠦ᠂ ᠢᠮᠠᠭᠠᠨ ᠮᠢᠬ᠎ᠠ᠂ ᠶᠤᠤᠮᠠᠢ ᠶ᠋ᠢᠨ ᠭᠤᠯᠢᠷ᠂ ᠰᠠᠭᠠᠭ ᠤ᠋ᠨ ᠭᠤᠯᠢᠷ᠂ ᠥᠨᠳᠡᠭᠡ᠂ ᠪᠤᠷᠴᠠᠭ ᠤ᠋ᠨ ᠵᠦᠢᠯ᠂ ᠡᠬᠡᠭᠦᠨ ᠴᠠᠢ ᠵᠡᠷᠭᠡ ᠬᠥᠩᠭᠡᠨ ᠰᠢᠷᠦᠭᠦᠨ ᠪᠠ ᠰᠢᠮ᠎ᠡ ᠦᠭᠡᠢ ᠢᠳᠡᠭᠡᠨ ᠤᠮᠳᠠᠭᠠᠨ᠂ ᠲᠦᠭᠦᠬᠡᠢ ᠢᠳᠡᠭᠡᠨ ᠵᠡᠷᠭᠡ ᠶ᠋ᠢ ᠴᠡᠭᠡᠷᠯᠡᠵᠦ᠂ ᠣᠨᠴᠠᠭᠠᠢᠯᠠᠨ ᠤᠨᠲᠠᠬᠤ ᠠ᠋ᠴᠠ ᠡᠮᠦᠨ᠎ᠡ ᠴᠠᠢ ᠤᠤᠭᠤᠬᠤ ᠶ᠋ᠢ ᠴᠡᠭᠡᠷᠯᠡᠨ᠎ᠡ᠃ ᠶᠠᠪᠤᠳᠠᠯ ᠮᠥᠷ ᠦ᠋ᠨ ᠲᠠᠯ᠎ᠠ ᠪᠠᠷ᠂ ᠬᠡᠲᠦᠷᠬᠡᠢ ᠠᠭᠤᠷᠯᠠᠵᠤ ᠪᠠᠴᠢᠮᠳᠠᠬᠤ᠂ ᠬᠡᠳᠦ ᠪᠠᠶᠠᠷᠯᠠᠬᠤ᠂ ᠬᠡᠳᠦ ᠭᠣᠮᠣᠳᠠᠬᠤ᠂ ᠦᠵᠡᠯ ᠰᠠᠨᠠᠭᠠᠨ ᠤ᠋ ᠲᠠᠯ᠎ᠠ ᠪᠠᠷ ᠭᠡᠨᠡᠳᠲᠡ ᠶ᠋ᠢᠨ ᠰᠡᠲᠡᠯᠲᠡ ᠣᠯᠬᠤ᠂ ᠬᠡᠳᠦ ᠶᠠᠳᠠᠷᠠᠬᠤ ᠵᠡᠷᠭᠡ ᠪᠡᠶ᠎ᠡ ᠰᠡᠳᠬᠢᠯ ᠦ᠋ᠨ ᠦᠢᠯᠡ ᠶ᠋ᠢ ᠬᠡᠲᠦᠷᠡᠭᠦᠯᠬᠦ ᠡᠴᠡ ᠬᠢᠴᠢᠶᠡᠬᠦ ᠬᠡᠷᠡᠭᠲᠡᠢ᠃ 

4. ᠡᠪᠡᠳᠴᠢᠨ ᠦ᠌ ᠵᠢᠱ᠌ᠢᠶ᠎ᠡ 
(1) ᠡᠪᠡᠳᠴᠢᠲᠡᠨ ᠫᠠᠩ **᠂ 58 ᠨᠠᠰᠤᠲᠠᠢ᠂ ᠡᠮᠡᠭᠲᠡᠢ᠂ ᠬᠤᠪᠢ ᠶ᠋ᠢᠨ ᠡᠵᠡᠩᠨᠡᠯᠲᠡᠨ᠃ ᠭᠣᠣᠯᠳᠠᠭᠤ ᠵᠠᠪᠰᠠᠷᠯᠠᠭ᠎ᠠ ᠶ᠋ᠢᠨ ᠴᠢᠨᠠᠷᠲᠠᠢ ᠨᠣᠢᠷ ᠬᠤᠯᠵᠢᠵᠤ ᠭᠤᠷᠪᠠᠨ ᠵᠢᠯ ᠭᠠᠷᠤᠢ ᠪᠣᠯᠪᠠ᠃ ᠭᠤᠷᠪᠠᠨ ᠵᠢᠯ ᠦ᠋ᠨ ᠡᠮᠦᠨ᠎ᠡ ᠡᠴᠡ ᠡᠬᠢᠯᠡᠨ ᠭᠡᠨᠡᠳᠲᠡ ᠶ᠋ᠢᠨ ᠤᠴᠠᠷᠠᠯ ᠠ᠋ᠴᠠ ᠪᠣᠯᠵᠤ ᠨᠣᠢᠷ ᠲᠡᠭᠰᠢ ᠦᠭᠡᠢ᠂ ᠤᠨᠲᠠᠬᠤ ᠳ᠋ᠤ᠌ ᠬᠦᠴᠢᠷᠳᠡᠬᠦ ᠪᠣᠯᠵᠤ᠂ ᠤᠨᠲᠠᠭᠰᠠᠨ ᠴᠤ᠌ ᠵᠡᠭᠦᠳᠦ ᠣᠯᠠᠨ᠂ 3 ᠴᠠᠭ ᠣᠷᠴᠢᠮ ᠤᠨᠲᠠᠬᠤ ᠪᠣᠯᠪᠠᠴᠤ ᠠᠮᠠᠷᠬᠠᠨ ᠰᠡᠷᠡᠬᠦ ᠪᠠ ᠪᠡᠶ᠎ᠡ ᠲᠠᠮᠢᠷᠳᠠᠵᠤ᠂ ᠬᠠᠶᠠ ᠪᠦᠲᠦᠨ ᠰᠥᠨᠢ ᠪᠡᠷ ᠤᠨᠲᠠᠬᠤ ᠦᠭᠡᠢ᠂ ᠬᠥᠯᠥᠰᠥ ᠭᠠᠷᠴᠤ᠂ ᠵᠢᠷᠦᠬᠡ ᠴᠡᠴᠡᠷᠡᠨ᠂ ᠴᠡᠭᠡᠵᠢ ᠴᠢᠬᠤᠯᠳᠠᠬᠤ ᠵᠡᠷᠭᠡ ᠰᠢᠨᠵᠢ ᠲᠡᠢ᠂ ᠶᠠᠭ ᠤᠨᠲᠠᠵᠤ ᠣᠷᠣᠬᠤ ᠦᠭᠡᠢ ᠦᠶ᠎ᠡ ᠳ᠋ᠦ᠍ ᠪᠡᠨ ᠥᠪᠡᠷᠲᠡᠭᠡᠨ ᠡᠮ ᠦ᠋ᠨ ᠳᠡᠯᠭᠡᠭᠦᠷ ᠡᠴᠡ ᠯᠤᠤ ᠯᠠ ᠰᠢ ᠫᠠᠨ ᠠᠪᠴᠤ ᠤᠤᠭᠤᠳᠠᠭ ᠪᠣᠯᠪᠠᠴᠤ ᠮᠡᠳᠡᠭᠳᠡᠮ᠎ᠡ ᠰᠠᠢᠵᠢᠷᠠᠯᠲᠠ ᠦᠭᠡᠢ᠃ ᠭᠤᠷᠪᠠᠨ ᠵᠢᠯ ᠦ᠋ᠨ ᠲᠤᠷᠰᠢ ᠰᠢᠰᠲ᠋ᠧᠮ ᠲᠡᠢ ᠡᠮᠴᠢᠯᠡᠭᠡ ᠬᠢᠵᠦ ᠥᠩᠭᠡᠷᠡᠭᠰᠡᠨ ᠦᠭᠡᠢ᠂ ᠮᠣᠩᠭᠣᠯ ᠡᠮᠨᠡᠯᠭᠡ ᠪᠡᠷ ᠡᠮᠴᠢᠯᠡᠭᠦᠯᠬᠦ ᠶ᠋ᠢᠨ ᠲᠥᠯᠥᠭᠡ ᠮᠠᠨ ᠤ᠋ ᠡᠭᠦᠳᠡᠨ ᠡᠮᠨᠡᠯᠭᠡ ᠳ᠋ᠦ᠍ ᠢᠷᠡᠪᠡ᠃ ᠪᠠᠢᠴᠠᠭᠠᠬᠤ ᠳ᠋ᠤ᠌ ᠬᠡᠢ ᠰᠢᠷ᠎ᠠ ᠶ᠋ᠢᠨ ᠥᠪᠡᠷᠮᠢᠴᠡ ᠴᠢᠨᠠᠷᠲᠠᠨ᠂ ᠭᠣᠣᠯᠳᠠᠭᠤ ᠨᠣᠢᠷ ᠬᠤᠯᠵᠢᠬᠤ᠂ ᠵᠢᠷᠦᠬᠡ ᠴᠡᠴᠡᠷᠡᠬᠦ ᠡᠴᠡ ᠭᠠᠳᠠᠨ᠎ᠠ ᠪᠠᠰᠠ ᠬᠡᠪᠡᠯᠢ ᠶ᠋ᠢᠨ ᠳᠣᠣᠷ᠎ᠠ ᠬᠡᠰᠡᠭ ᠬᠦᠢᠲᠡᠨ ᠣᠷᠬᠢᠵᠤ ᠡᠪᠡᠳᠬᠦ᠂ ᠬᠥᠯ ᠲᠠᠭᠠᠷᠠᠵᠤ ᠵᠢᠩᠭᠢᠨᠡᠬᠦ ᠵᠡᠷᠭᠡ ᠰᠢᠨᠵᠢ ᠲᠡᠢ᠂ ᠰᠤᠳᠠᠯ ᠨᠢ ᠬᠥᠨᠳᠡᠢ ᠬᠣᠭᠣᠰᠣᠨ ᠯᠤᠭᠰᠢᠵᠤ᠂ ᠬᠡᠯᠡ ᠨᠢ ᠤᠯᠠᠭᠠᠨ ᠥᠩᠭᠡ ᠲᠡᠢ᠂ ᠴᠠᠢᠪᠤᠷ ᠨᠢᠮᠭᠡᠨ ᠥᠩᠭᠥᠷ ᠲᠡᠢ᠂ ᠰᠢᠭᠡᠰᠦ ᠨᠢ ᠲᠤᠩᠭᠠᠯᠠᠭ᠂ ᠬᠥᠭᠡᠰᠦ ᠲᠡᠢ᠂ ᠬᠡᠮᠵᠢᠶ᠎ᠡ ᠡᠷᠡᠭᠦᠯ᠃ ᠪᠣᠷᠵᠢᠭᠢᠨ ᠡᠷᠳᠡᠨᠢᠴᠤᠭᠲᠤ ᠡᠮᠴᠢ ᠡᠴᠡ ᠳᠡᠭᠡᠷᠡᠬᠢ ᠪᠠᠢᠳᠠᠯ ᠢ᠋ ᠦᠨᠳᠦᠰᠦᠯᠡᠵᠦ ᠬᠡᠢ ᠶ᠋ᠢᠨ ᠭᠡᠮ ᠢ᠋ᠶ᠋ᠡᠷ ᠨᠣᠢᠷ ᠬᠤᠯᠵᠢᠬᠤ ᠡᠪᠡᠳᠴᠢᠨ ᠭᠡᠵᠦ ᠣᠨᠣᠰᠢᠯᠠᠵᠤ᠂ ᠬᠡᠢ ᠶ᠋ᠢ ᠳᠠᠷᠤᠵᠤ᠂ ᠢᠯᠴᠢ ᠶ᠋ᠢ ᠰᠡᠯᠪᠢᠨ᠂ ᠨᠣᠢᠷ ᠢ᠋ ᠢᠷᠡᠭᠦᠯᠵᠦ ᠵᠠᠰᠠᠬᠤ ᠵᠠᠷᠴᠢᠮ ᠢ᠋ᠶ᠋ᠠᠷ ᠥᠷᠯᠥᠭᠡ ᠽᠠᠳᠢ —5᠂ ᠦᠳᠡ ᠳ᠋ᠦ᠍ ᠰᠦᠭᠮᠡᠯ —7᠂ ᠣᠷᠣᠢ ᠵᠢᠷᠦᠬᠡ —6᠂ ᠶ᠋ᠢ ᠰᠦᠭᠮᠡᠯ —3 ᠤ᠋ ᠳᠠᠩ ᠢ᠋ᠶ᠋ᠠᠷ ᠥᠭᠬᠦ ᠶ᠋ᠢᠨ ᠬᠠᠮᠲᠤ ᠬᠤᠷᠠᠮᠠᠯ ᠤ᠋ᠨ ᠪᠠᠯᠴᠢᠷ ᠲᠤ᠌ ᠮᠥᠩᠭᠥᠨ ᠵᠡᠭᠦᠦ (ᠪᠦᠯᠢᠶᠡᠨ ᠵᠡᠭᠦᠦ) ᠬᠠᠳᠬᠤᠵᠤ᠂ ᠬᠡᠢ ᠶ᠋ᠢᠨ ᠪᠠᠯᠴᠢᠷ᠂ ᠬᠠᠷ᠎ᠠ ᠴᠠᠭᠠᠨ ᠤ᠋ ᠵᠠᠪᠰᠠᠷ ᠤ᠋ᠨ ᠪᠠᠯᠴᠢᠷ᠂ ᠵᠢᠷᠦᠬᠡᠨ ᠦ᠌ ᠪᠠᠯᠴᠢᠷ ᠵᠡᠷᠭᠡ ᠪᠠᠯᠴᠢᠷ ᠣᠷᠣᠨ ᠳ᠋ᠤ᠌ ᠬᠠᠳᠬᠤᠬᠤ ᠵᠠᠰᠠᠯ ᠬᠠᠪᠰᠤᠷᠭᠠᠵᠤ ᠠᠷᠪᠠ ᠬᠣᠨᠣᠭ ᠤ᠋ᠨ ᠡᠮᠴᠢᠯᠡᠭᠡ ᠬᠢᠵᠦ ᠡᠪᠡᠳᠴᠢᠲᠡᠨ ᠦ᠌ ᠪᠡᠶ᠎ᠡ ᠲᠠᠮᠢᠷᠳᠠᠬᠤ᠂ ᠵᠢᠷᠦᠬᠡ ᠴᠡᠴᠡᠷᠡᠬᠦ ᠵᠡᠷᠭᠡ ᠰᠢᠨᠵᠢ ᠢᠯᠡᠷᠡᠯ ᠨᠢ ᠠᠷᠢᠯᠵᠤ᠂ ᠤᠨᠲᠠᠬᠤ ᠨᠢ ᠡᠷᠡᠭᠦᠯᠵᠢᠪᠡ᠃ 
(2) ᠶᠠᠩ** ᠂ 58 ᠨᠠᠰᠤᠲᠠᠢ᠂ ᠡᠮᠡᠭᠲᠡᠢ᠂ ᠠᠵᠢᠯ ᠠ᠋ᠴᠠ ᠪᠠᠨ ᠠᠮᠠᠷᠠᠪᠠ᠃ ᠡᠪᠡᠳᠴᠢᠲᠡᠨ ᠭᠣᠣᠯᠳᠠᠭᠤ ᠨᠣᠢᠷ ᠬᠤᠯᠵᠢᠨ ᠠᠷᠪᠠᠨ ᠵᠢᠯ ᠪᠣᠯᠵᠠᠢ᠃ ᠠᠷᠪᠠᠨ ᠵᠢᠯ ᠦ᠋ᠨ ᠡᠮᠦᠨ᠎ᠡ ᠬᠡᠳᠦ ᠰᠡᠳᠬᠢᠯ ᠵᠣᠪᠠᠭᠰᠠᠨ ᠠ᠋ᠴᠠ ᠨᠣᠢᠷ ᠬᠤᠯᠵᠢᠨ᠂ ᠪᠦᠲᠦᠨ ᠰᠥᠨᠢ ᠪᠡᠷ ᠤᠨᠲᠠᠵᠤ ᠣᠷᠣᠬᠤ ᠦᠭᠡᠢ᠂ ᠡᠳᠦᠷ ᠢ᠋ᠶ᠋ᠡᠷ ᠴᠦ᠍ ᠤᠨᠲᠠᠵᠤ ᠣᠷᠣᠬᠤ ᠦᠭᠡᠢ ᠪᠣᠯᠤᠭᠰᠠᠨ ᠠ᠋ᠴᠠ ᠮᠣᠩᠭᠣᠯ ᠠᠨᠠᠭᠠᠬᠤ ᠤᠬᠠᠭᠠᠨ ᠤ᠋ ᠪᠡᠶ᠎ᠡ ᠰᠡᠳᠬᠢᠴᠠᠡ ᠶ᠋ᠢᠨ ᠡᠮᠴᠢᠯᠡᠭᠡ ᠬᠢᠵᠦ᠂ ᠬᠠᠮᠲᠤ ᠳ᠋ᠤ᠌ ᠨᠢ ᠯᠤᠤ ᠯᠠ ᠰᠢ ᠫᠠᠨ ᠪᠣᠯᠤᠨ ᠽᠦᠸᠧ ᠫᠢ ᠺᠧ ᠯᠦᠩ ᠤᠤᠭᠤᠵᠤ᠂ ᠡᠪᠡᠳᠴᠢᠨ ᠦ᠌ ᠪᠠᠢᠳᠠᠯ ᠪᠠᠭ᠎ᠠ ᠰᠠᠢᠵᠢᠷᠠᠨ ᠰᠥᠨᠢ ᠳ᠋ᠦ᠍ ᠪᠡᠨ 4~ 5 ᠴᠠᠭ ᠤᠨᠲᠠᠬᠤ ᠪᠣᠯᠤᠭᠰᠠᠨ ᠪᠣᠯᠪᠠᠴᠤ ᠤᠨᠲᠠᠭᠰᠠᠨ ᠴᠤ᠌ ᠠᠮᠠᠷᠬᠠᠨ ᠰᠡᠷᠡᠬᠦ᠂ ᠵᠡᠭᠦᠳᠦ ᠣᠯᠠᠨ᠂ ᠵᠢᠷᠦᠬᠡ ᠳᠣᠯᠭᠢᠰᠬᠤ ᠵᠡᠷᠭᠡ ᠰᠢᠨᠵᠢ ᠢᠯᠡᠷᠡᠯ ᠲᠡᠢ ᠪᠣᠯᠬᠣᠷ ᠮᠣᠩᠭᠣᠯ ᠡᠮ ᠪᠠ ᠵᠡᠭᠦᠦ ᠵᠠᠰᠠᠯ ᠤ᠋ᠨ ᠡᠮᠴᠢᠯᠡᠭᠡ ᠶ᠋ᠢ ᠬᠠᠪᠰᠤᠷᠭᠠᠬᠤ ᠪᠠᠷ ᠡᠭᠦᠳᠡᠨ ᠡᠮᠨᠡᠯᠭᠡ ᠳ᠋ᠦ᠍ ᠢᠷᠡᠪᠡ᠃ ᠪᠠᠢᠴᠠᠭᠠᠬᠤ ᠳ᠋ᠤ᠌ ᠴᠣᠭ ᠰᠦᠯᠳᠡ ᠠᠨᠠᠢ᠂ ᠪᠠᠳᠬᠠᠨ ᠬᠡᠢ ᠶ᠋ᠢᠨ ᠥᠪᠡᠷᠮᠢᠴᠡ ᠴᠢᠨᠠᠷᠲᠠᠨ᠂ ᠢᠳᠡᠭᠡᠨ ᠦ᠌ ᠳᠤᠷᠠᠰᠢᠯ ᠮᠠᠭᠤ᠂ ᠰᠢᠩᠭᠡᠭᠡᠯᠲᠡ ᠮᠠᠭᠤ᠂ ᠬᠣᠷᠭᠣᠰᠣᠯᠠᠬᠤ ᠰᠢᠨᠵᠢ ᠲᠡᠢ᠂ ᠰᠢᠩᠭᠡᠨ ᠮᠥᠷ ᠲᠡᠭᠰᠢ᠂ ᠰᠤᠳᠠᠯ ᠨᠢ ᠲᠦᠷᠭᠡᠨ᠂ ᠬᠣᠭᠣᠰᠣᠨ᠃ ᠬᠡᠯᠡ ᠨᠢ ᠤᠯᠠᠭᠠᠨ᠂ ᠴᠠᠢᠪᠤᠷ ᠨᠢᠮᠭᠡᠨ ᠥᠩᠭᠥᠷ ᠲᠡᠢ᠂ ᠬᠡᠯᠪᠡᠷᠢ ᠡᠷᠡᠭᠦᠯ᠃ ᠰᠢᠭᠡᠰᠦ ᠴᠠᠢᠪᠤᠷ᠂ ᠦᠨᠦᠷ ᠠᠭᠤᠷ ᠪᠠᠭ᠎ᠠ᠂ ᠬᠥᠭᠡᠰᠦ ᠲᠡᠢ᠂ ᠬᠡᠮᠵᠢᠶ᠎ᠡ ᠡᠷᠡᠭᠦᠯ᠃ ᠪᠣᠷᠵᠢᠭᠢᠨ ᠡᠷᠳᠡᠨᠢᠴᠤᠭᠲᠤ ᠡᠮᠴᠢ ᠡᠴᠡ ᠡᠪᠡᠳᠴᠢᠲᠡᠨ ᠦ᠌ ᠪᠠᠢᠳᠠᠯ ᠢ᠋ ᠦᠨᠳᠦᠰᠦᠯᠡᠨ ᠵᠢᠷᠦᠬᠡᠨ ᠦ᠌ ᠭᠡᠮ ᠢ᠋ᠶ᠋ᠡᠷ ᠨᠣᠢᠷ ᠬᠤᠯᠵᠢᠬᠤ ᠭᠡᠵᠦ ᠣᠨᠣᠰᠢᠯᠠᠨ᠂ ᠵᠢᠷᠦᠬᠡᠨ ᠬᠡᠢ ᠶ᠋ᠢ ᠳᠠᠷᠤᠵᠤ᠂ ᠭᠠᠯ ᠤ᠋ᠨ ᠢᠯᠴᠢ ᠶ᠋ᠢ ᠰᠡᠯᠪᠢᠨ᠂ ᠰᠢᠩᠭᠡᠭᠡᠯᠲᠡ ᠶ᠋ᠢ ᠰᠠᠢᠵᠢᠷᠠᠭᠤᠯᠵᠤ᠂ ᠨᠣᠢᠷ ᠢ᠋ ᠢᠷᠡᠭᠦᠯᠵᠦ ᠵᠠᠰᠠᠬᠤ ᠵᠠᠷᠴᠢᠮ ᠢ᠋ᠶ᠋ᠠᠷ ᠥᠷᠯᠥᠭᠡ ᠠᠮᠢᠨ ᠡᠷᠳᠡᠨᠢ᠂ ᠵᠢᠷᠦᠬᠡᠨ ᠠᠭᠠᠷᠤ — 8᠂ ᠦᠳᠡ ᠳ᠋ᠦ᠍ ᠬᠠᠷ᠎ᠠ ᠭᠠᠪᠤᠷ —10᠂ ᠠᠮᠤᠷ — 6 ᠣᠷᠣᠢ ᠭᠣᠶᠣ —13᠂ ᠠᠭᠠᠷᠤ —35 ᠥᠭᠴᠦ᠂ ᠬᠤᠷᠠᠮᠠᠯ  ᠤ᠋ᠨ ᠪᠠᠯᠴᠢᠷ ᠲᠤ᠌ ᠮᠥᠩᠭᠥᠨ ᠵᠡᠭᠦᠦ (ᠪᠦᠯᠢᠶᠡᠨ ᠵᠡᠭᠦᠦ) ᠬᠠᠳᠬᠤᠵᠤ᠂ ᠬᠡᠢ ᠶ᠋ᠢᠨ ᠪᠠᠯᠴᠢᠷ᠂ ᠬᠠᠷ᠎ᠠ ᠴᠠᠭᠠᠨ ᠤ᠋ ᠵᠠᠪᠰᠠᠷ ᠤ᠋ᠨ ᠪᠠᠯᠴᠢᠷ᠂ ᠵᠢᠷᠦᠬᠡᠨ ᠦ᠌ ᠪᠠᠯᠴᠢᠷ ᠵᠡᠷᠭᠡ ᠪᠠᠯᠴᠢᠷ ᠣᠷᠣᠨ ᠳ᠋ᠤ᠌ ᠬᠠᠳᠬᠤᠬᠤ ᠵᠠᠰᠠᠯ ᠬᠠᠪᠰᠤᠷᠭᠠᠵᠤ ᠬᠠᠭᠠᠰ ᠰᠠᠷ᠎ᠠ ᠶ᠋ᠢᠨ ᠡᠮᠴᠢᠯᠡᠭᠡ ᠬᠢᠭᠰᠡᠨ ᠳ᠋ᠦ᠍ ᠪᠦᠷᠢᠮᠦᠰᠦᠨ ᠡᠳᠡᠭᠡᠷᠡᠪᠡ᠃ 

5. ᠳ᠋ᠦᠩᠨᠡᠯᠲᠡ 
       ᠨᠣᠢᠷ ᠬᠤᠯᠵᠢᠬᠤ ᠡᠪᠡᠳᠴᠢᠨ ᠨᠢ ᠬᠥᠮᠦᠰ ᠦ᠋ᠨ ᠡᠳᠦᠷ ᠳᠣᠳᠣᠮ ᠤ᠋ᠨ ᠠᠵᠢᠯ ᠠᠮᠢᠳᠤᠷᠠᠯ ᠤ᠋ᠨ ᠳᠠᠷᠤᠭᠠᠰᠤ ᠠ᠋ᠴᠠ ᠪᠣᠯᠵᠤ ᠡᠮᠴᠢᠯᠡᠭᠡᠨ ᠳ᠋ᠦ᠍ ᠦᠷᠭᠦᠯᠵᠢ ᠲᠣᠬᠢᠶᠠᠯᠳᠤᠬᠤ ᠮᠥᠷᠲᠡᠭᠡᠨ ᠡᠳᠦᠷ ᠢᠷᠡᠬᠦᠶ᠎ᠡ ᠣᠯᠠᠰᠢᠷᠠᠬᠤ ᠪᠣᠯᠤᠭᠰᠠᠨ ᠡᠪᠡᠳᠴᠢᠨ ᠮᠥᠨ᠃ ᠡᠨᠡ ᠪᠣᠯ ᠮᠠᠬᠠᠪᠣᠳ ᠤ᠋ᠨ ᠬᠢᠮᠤᠷᠠᠯ ᠢ᠋ᠶ᠋ᠠᠷ ᠦᠷᠭᠦᠯᠵᠢ ᠡᠷᠡᠭᠦᠯ ᠶᠣᠰᠣᠭᠠᠷ ᠤᠨᠲᠠᠵᠤ ᠴᠢᠳᠠᠬᠤ ᠦᠭᠡᠢ ᠪᠣᠯᠤᠭᠰᠠᠨ ᠦᠵᠡᠭᠳᠡᠯ ᠢ᠋ ᠬᠡᠯᠡᠵᠦ ᠪᠠᠢᠨ᠎ᠠ᠃ ᠮᠣᠩᠭᠣᠯ ᠠᠨᠠᠭᠠᠬᠤ ᠤᠬᠠᠭᠠᠨ ᠳ᠋ᠤ᠌ ᠨᠣᠢᠷ ᠬᠤᠯᠵᠢᠬᠤ ᠡᠪᠡᠳᠴᠢᠨ ᠢ᠋ ᠵᠠᠰᠠᠬᠤ ᠳ᠋ᠤ᠌ ᠪᠦᠬᠦᠯᠢ ᠴᠣᠭᠴᠠᠲᠤ ᠦᠵᠡᠯᠲᠡ ᠶ᠋ᠢ ᠪᠠᠷᠢᠮᠲᠠᠯᠠᠨ᠂ ᠬᠡᠢ ᠴᠢᠰᠤᠨ ᠤ᠋ ᠬᠢᠮᠤᠷᠠᠯ ᠢ᠋ ᠲᠡᠭᠰᠢᠳᠬᠡᠵᠦ ᠬᠤᠪᠢᠰᠤᠩᠭᠤᠢ ᠪᠠᠷ ᠡᠮᠴᠢᠯᠡᠳᠡᠭ᠃ ᠪᠣᠷᠵᠢᠭᠢᠨ ᠡᠷᠳᠡᠨᠢᠴᠤᠭᠲᠤ ᠡᠮᠴᠢ ᠳᠥᠴᠢ ᠭᠠᠷᠤᠢ ᠵᠢᠯ ᠦ᠋ᠨ ᠡᠮᠴᠢᠯᠡᠭᠡᠨ ᠦ᠌ ᠳᠤᠮᠳᠠ ᠪᠠᠨ ᠨᠣᠢᠷ ᠬᠤᠯᠵᠢᠬᠤ ᠡᠪᠡᠳᠴᠢᠨ ᠢ᠋ ᠡᠮᠨᠡᠨ ᠵᠠᠰᠠᠭᠰᠠᠨ ᠲᠤᠷᠰᠢᠯᠭ᠎ᠠ ᠶ᠋ᠢ ᠬᠤᠷᠠᠮᠳᠤᠭᠤᠯᠤᠭᠰᠠᠨ ᠪᠠᠢᠵᠤ᠂ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠬᠤ ᠤᠷᠢᠳᠠᠯ ᠳᠣᠣᠷ᠎ᠠ ᠥᠪᠡᠷᠮᠢᠴᠡ ᠴᠢᠨᠠᠷ᠂ ᠡᠪᠡᠳᠴᠢᠨ ᠡᠭᠦᠰᠦᠭᠰᠡᠨ ᠰᠢᠯᠲᠠᠭᠠᠨ ᠨᠥᠬᠥᠴᠡᠯ  ᠲᠡᠢ ᠨᠢᠭᠲᠠ ᠤᠶᠠᠯᠳᠤᠭᠤᠯᠤᠨ ᠡᠮ ᠨᠠᠢᠷᠠᠯᠭ᠎ᠠ ᠶ᠋ᠢ ᠬᠤᠪᠢᠰᠤᠩᠭᠤᠢ ᠪᠠᠷ ᠬᠡᠷᠡᠭᠯᠡᠵᠦ᠂ ᠲᠤᠬᠠᠢᠲᠤ ᠪᠠᠯᠴᠢᠷ ᠣᠷᠣᠨ ᠳ᠋ᠤ᠌ ᠠᠯᠲᠠ ᠮᠥᠩᠭᠥᠨ ᠪᠦᠯᠢᠶᠡᠨ ᠵᠡᠭᠦᠦ ᠵᠠᠰᠠᠯ ᠢ᠋ ᠬᠠᠪᠰᠤᠷᠭᠠᠨ᠂ ᠡᠮᠴᠢᠯᠡᠭᠡᠨ ᠦ᠌ ᠳᠤᠮᠳᠠ ᠢᠳᠡᠭᠡᠨ ᠤᠮᠳᠠᠭᠠᠨ ᠪᠠ ᠶᠠᠪᠤᠳᠠᠯ ᠮᠥᠷ ᠦ᠋ᠨ ᠰᠤᠪᠢᠯᠠᠯᠲᠠ ᠶ᠋ᠢ ᠰᠠᠢᠲᠤᠷ ᠠᠩᠬᠠᠷᠴᠤ ᠡᠮᠴᠢᠯᠡᠭᠡᠳ ᠳᠣᠪᠣᠢᠮ᠎ᠠ ᠠᠮᠵᠢᠯᠲᠠ ᠣᠯᠵᠤ ᠴᠢᠳᠠᠭᠰᠠᠨ ᠪᠠᠢᠨ᠎ᠠ᠃ ᠡᠭᠦᠨ ᠳ᠋ᠦ᠍᠂ ᠠᠬᠠᠮᠠᠳ ᠮᠣᠩᠭᠣᠯ ᠡᠮᠴᠢ ᠨᠠᠷ ᠤ᠋ᠨ ᠡᠮᠴᠢᠯᠡᠭᠡᠨ ᠦ᠌ ᠲᠤᠷᠰᠢᠯᠭ᠎ᠠ᠂ ᠭᠠᠷ ᠠᠪᠤᠯᠭ᠎ᠠ ᠵᠢᠴᠢ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠶ᠋ᠢ ᠤᠯᠠᠮᠵᠢᠯᠠᠨ ᠵᠠᠯᠭᠠᠮᠵᠢᠯᠠᠵᠤ᠂ ᠪᠠᠭᠰᠢ ᠨᠠᠷ ᠤ᠋ᠨ ᠭᠠᠷ ᠠᠪᠤᠯᠭ᠎ᠠ ᠶ᠋ᠢ ᠠᠮᠢᠳᠤᠯᠢᠭ  ᠢ᠋ᠶ᠋ᠠᠷ ᠡᠵᠡᠮᠰᠢᠵᠦ᠂ ᠵᠠᠯᠭᠠᠮᠵᠢᠯᠠᠨ ᠬᠥᠭᠵᠢᠭᠦᠯᠬᠦ ᠨᠢ ᠵᠠᠯᠠᠭᠤ ᠡᠮᠴᠢ ᠨᠠᠷ ᠤ᠋ᠨ ᠡᠭᠦᠷᠭᠡ ᠬᠠᠷᠢᠭᠤᠴᠠᠯᠭ᠎ᠠ ᠪᠣᠯᠤᠨ᠎ᠠ᠃

ᠵᠡᠭᠦᠯᠲᠡ —
[1] ᠼᠧ᠂ ᠰᠥᠷᠤᠩᠵᠡᠪ ᠨᠠᠢᠷᠠᠭᠤᠯᠪᠠ ᠄《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ》᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 490 —491 ᠨᠢᠭᠤᠷ᠃    ᠬᠡᠭᠡᠨᠳᠤᠶᠠᠭ᠎ᠠ ᠭᠣᠣᠯᠯᠠᠭᠴᠢ ᠡᠮᠴᠢ᠂ ᠸᠠᠩ ᠵᠢᠶᠦ᠋ᠨ ᠸᠧᠩ ᠭᠣᠣᠯᠯᠠᠭᠴᠢ ᠡᠮᠴᠢ᠂ ᠴᠢᠮᠡᠭᠡᠯᠡᠯ ᠦ᠋ᠨ ᠵᠣᠬᠢᠶᠠᠭᠴᠢ᠄ ᠪᠣᠷᠵᠢᠭᠢᠨ ᠡᠷᠳᠡᠨᠢᠴᠤᠭᠲᠤ ᠡᠷᠬᠢᠯᠡᠭᠴᠢ ᠡᠮᠴᠢ ᠬᠥᠬᠡᠬᠣᠲᠠ ᠶ᠋ᠢᠨ ᠬᠢᠲᠠᠳ ᠮᠣᠩᠭᠣᠯ ᠡᠮᠨᠡᠯᠭᠡ ᠶ᠋ᠢᠨ ᠬᠣᠷᠢᠶ᠎ᠠ (010050 ᠃ 

ᠢᠷᠡᠯᠲᠡ —
       《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ》 ᠰᠡᠳᠬᠦᠯ ᠦ᠋ᠨ2023 ᠣᠨ ᠤ᠋ 12 ᠳ᠋ᠤᠭᠠᠷ ᠬᠤᠭᠤᠴᠠᠭ᠎ᠠ   

              ᠦᠰᠦᠭ ᠠᠮᠢᠯᠠᠭᠤᠯᠤᠭᠴᠢ᠄ ᠭᠠᠸᠠ 
              ᠦᠰᠦᠭ  ᠬᠢᠨᠠᠭᠴᠢ ᠄  ᠲᠤᠭᠴᠢ ᠰᠠᠷᠠᠨ᠎ᠠ