ᠡᠠᠮᠢᠨ ᠦᠷ᠎ᠡ ᠮᠢᠨᠢ - ᠴ· ᠬᠠᠰᠡᠷᠳᠡᠨᠢЭмин үр минь-Ц· Хасартани
ᠡᠠᠮᠢᠨ ᠦᠷ᠎ᠡ ᠮᠢᠨᠢ
ᠦᠭᠡ᠄ ᠣ· ᠣᠳᠬᠣᠨᠪᠠᠭᠠᠲᠤᠷ
ᠠᠶ᠎ᠠ᠄ ᠷ· ᠪᠢᠯᠢᠭᠲᠦ
ᠳᠠᠭᠤᠴᠢᠨ᠄ ᠴ· ᠬᠠᠰᠡᠷᠳᠡᠨᠢ
ᠪᠤᠭᠤᠷᠤᠯ ᠤ᠋ᠨ ᠠᠮᠢ ᠲᠠᠢ ᠲᠣᠷᠭᠠᠨ ᠰᠢᠷᠣᠢ ᠳᠡᠭᠡᠷ᠎ᠡ
ᠪᠤᠮᠠᠨ ᠠᠳᠤᠭᠤᠨ ᠤ᠋ ᠭᠡᠷᠡᠯ ᠳ᠋ᠦ᠍ ᠵᠢᠷᠭᠠᠭᠰᠠᠨ
ᠨᠠᠷᠠ ᠰᠠᠷᠠᠨ ᠤ᠋ ᠭᠡᠭᠡ ᠲᠡᠢ ᠭᠡᠷ ᠲᠦ᠍ ᠮᠢᠨᠢ
ᠨᠠᠨᠳᠢᠨ ᠬᠠᠢᠷ᠎ᠠ ᠶ᠋ᠢᠨ ᠪᠦᠯᠢ ᠨᠡᠮᠡᠭᠰᠡᠨ ᠦᠷ᠎ᠡ ᠮᠢᠨᠢ ᠳᠡ
ᠬᠠᠯᠠᠭᠤᠨ ᠵᠢᠷᠦᠬᠡᠨ ᠦ᠌ ᠮᠢᠨᠢ ᠮᠥᠩᠬᠡ ᠶ᠋ᠢᠨ ᠡᠷᠳᠡᠨᠢ
ᠬᠠᠯᠠᠮᠵᠢ ᠶ᠋ᠢᠨ ᠢᠪᠡᠭᠡᠯ ᠲᠡᠢ ᠠᠮᠢᠨ ᠦᠷ᠎ᠡ ᠮᠢᠨᠢ ᠳᠡ
ᠪᠤᠷᠬᠠᠳ ᠮᠡᠨᠳᠦᠯᠡᠳᠡᠭ ᠭᠣᠪᠢ ᠶ᠋ᠢᠨ ᠡᠯᠢᠭᠡᠨ ᠳᠡᠭᠡᠷ᠎ᠡ
ᠳᠡᠷᠪᠡᠵᠤ ᠶᠠᠪᠤᠭ᠎ᠠ ᠬᠦᠰᠡᠯ ᠦ᠋ᠨ ᠮᠢᠨᠢ ᠰᠢᠪᠠᠭᠤᠬᠠᠢ
ᠳᠥᠷᠦᠭᠡᠨ ᠴᠢᠮᠡᠭᠡ ᠪᠡᠷ ᠬᠠᠶᠠᠭ᠎ᠠ ᠪᠠᠨ ᠮᠢᠯᠢᠶᠠᠭᠰᠠᠨ
ᠳᠡᠪᠡᠯ ᠲᠡᠢ ᠡᠪᠦᠭᠡᠳ ᠦ᠋ᠨ ᠠᠯᠲᠠᠨ ᠬᠡᠯᠬᠢᠶ᠎ᠡ ᠦᠷ᠎ᠡ ᠮᠢᠨᠢ ᠠ᠋
ᠬᠠᠯᠠᠭᠤᠨ ᠵᠢᠷᠦᠬᠡᠨ ᠦ᠌ ᠮᠢᠨᠢ ᠮᠥᠩᠬᠡ ᠶ᠋ᠢᠨ ᠡᠷᠳᠡᠨᠢ
ᠬᠠᠯᠠᠮᠵᠢ ᠶ᠋ᠢᠨ ᠢᠪᠡᠭᠡᠯ ᠲᠡᠢ ᠠᠮᠢᠨ ᠦᠷ᠎ᠡ ᠮᠢᠨᠢ ᠳᠡ
ᠡᠨᠳᠡᠵᠦ ᠶᠠᠪᠤᠬᠤ ᠠᠮᠢᠳᠤᠷᠠᠯ ᠤ᠋ᠨ ᠵᠠᠮ ᠮᠢᠨᠢ
ᠵᠤᠯᠠ ᠰᠢᠭ᠋ ᠪᠠᠳᠮᠠᠯᠠᠵᠤ ᠤᠬᠠᠭᠠᠷᠠᠯ ᠪᠡᠯᠡᠭᠯᠡᠭᠰᠡᠨ
ᠡᠭᠡᠯᠭᠡᠨ ᠮᠣᠩᠭᠣᠯ ᠤ᠋ᠨ ᠢ᠋ᠶ᠋ᠠᠨ ᠵᠠᠶᠠᠭ᠎ᠠ ᠶ᠋ᠢ ᠲᠦᠰᠢᠭᠰᠡᠨ
ᠡᠪ ᠦ᠋ᠨ ᠪᠡᠯᠭᠡ ᠲᠡᠢ ᠭᠣᠯᠣᠮᠲᠠ ᠪᠠᠨ ᠪᠠᠳᠠᠷᠠᠭᠠᠬᠤ ᠦᠷ᠎ᠡ ᠮᠢᠨᠢ ᠳᠡ
ᠬᠠᠯᠠᠭᠤᠨ ᠵᠢᠷᠦᠬᠡᠨ ᠦ᠌ ᠮᠢᠨᠢ ᠮᠥᠩᠬᠡ ᠶ᠋ᠢᠨ ᠡᠷᠳᠡᠨᠢ
ᠬᠠᠯᠠᠮᠵᠢ ᠶ᠋ᠢᠨ ᠢᠪᠡᠭᠡᠯ ᠲᠡᠢ ᠠᠮᠢᠨ ᠦᠷ᠎ᠡ ᠮᠢᠨᠢ ᠳᠡ
ᠬᠠᠯᠠᠭᠤᠨ ᠵᠢᠷᠦᠬᠡᠨ ᠦ᠌ ᠮᠢᠨᠢ ᠮᠥᠩᠬᠡ ᠶ᠋ᠢᠨ ᠡᠷᠳᠡᠨᠢ
ᠬᠠᠯᠠᠮᠵᠢ ᠶ᠋ᠢᠨ ᠢᠪᠡᠭᠡᠯ ᠲᠡᠢ ᠠᠮᠢᠨ ᠦᠷ᠎ᠡ ᠮᠢᠨᠢ ᠳᠡ
ᠠᠮᠢᠨ ᠦᠷ᠎ᠡ ᠮᠢᠨᠢ ᠳᠡ
ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
ᠬᠢᠨᠠᠭᠴᠢ᠄ ᠨᠠᠷᠠᠨ᠂ ᠪᠢᠮᠪᠠ
